Та "Internet explorer"-ийн сүүлийн хувилбар болох "Microsoft edge"-г ашиглана уу

Хэрэв "Microsoft edge"-г татах бол энд дарж татаж авна уу

ᠮᠣᠩᠭᠣᠯ ᠤᠯᠤᠰ ᠤᠨ ᠶᠡᠷᠦᠩᠬᠡᠶᠢᠯᠡᠭᠴᠢ ᠬ ∙ ᠪᠠᠲᠤᠲᠤᠯᠭ᠎ᠠ ᠰᠢᠭᠦᠬᠦ ᠶᠢᠨ ᠶᠡᠷᠦᠩᠬᠡᠢ ᠵᠥᠪᠯᠡᠯ ᠦᠨ 25 ᠵᠢᠯ ᠦᠨ ᠣᠢ ᠶᠢ ᠲᠣᠬᠢᠶᠠᠯᠳᠤᠭᠤᠯᠤᠨ ᠮᠡᠨᠳᠦᠴᠢᠯᠡᠭᠡ ᠳᠡᠪᠰᠢᠭᠦᠯᠪᠡ

ᠮᠣᠩᠭ᠋ᠣᠯ  ᠤᠯᠤᠰ ᠤᠨ ᠰᠢᠭᠦᠬᠦ ᠢᠢᠨ ᠶᠡᠷᠦᠩᠬᠡᠢ ᠵᠥᠪᠯᠡᠯ ᠦᠨ 25 ᠵᠢᠯ ᠦᠨ ᠣᠢ ᠳᠤ ᠵᠣᠷᠢᠭᠤᠯᠤᠭᠰᠠᠨ 《ᠰᠢᠭᠦᠬᠦ ᠢᠢᠨ ᠵᠠᠬᠢᠷᠭᠠᠨ ᠤ ᠬᠥᠭ᠍ᠵᠢᠯ ᠦᠨ ᠴᠢᠭ᠌ ᠬᠠᠨᠳᠤᠯᠭ᠎ᠠ᠄ ᠴᠢᠭ ᠡᠭᠦᠷᠭᠡ ᠪᠠ ᠵᠠᠭᠪᠤᠷ》 ᠰᠡᠳᠦᠪᠲᠦ ᠣᠯᠠᠨ ᠤᠯᠤᠰ ᠤᠨ ᠣᠨᠣᠯ ᠊ ᠫᠷᠠᠺᠲ᠋ᠢᠭ ᠤᠨ ᠪᠠᠭ᠎ᠠ ᠬᠤᠷᠠᠯ ᠥᠨᠥᠳᠥᠷ ᠪᠣᠯᠤᠯ᠎ᠠ᠃ ᠣᠯᠠᠨ ᠤᠯᠤᠰ ᠤᠨ ᠣᠨᠣᠯ ᠫᠷᠠᠺᠲ᠋ᠢᠭ ᠤᠨ ᠪᠠᠭ᠎ᠠ ᠬᠤᠷᠠᠯ ᠳᠤ ᠮᠣᠩᠭ᠋ᠣᠯ  ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠬᠦᠷᠦᠯᠴᠡᠨ ᠣᠴᠢᠵᠤ ᠰᠢᠭᠦᠭ᠍ᠴᠢ᠂ ᠰᠢᠭᠦᠬᠦ ᠢᠢᠨ ᠵᠠᠬᠢᠷᠭᠠᠨ ᠤ ᠠᠵᠢᠯᠲᠠᠨ ᠨᠤᠭᠤᠳ ᠲᠤ ᠮᠡᠨᠳᠦᠴᠢᠯᠡᠭᠡ ᠳᠡᠪᠰᠢᠭᠦᠯᠦᠨ᠂ ᠦᠭᠡ ᠬᠡᠯᠡᠪᠡ᠃

ᠮᠣᠩᠭ᠋ᠣᠯ  ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ᠄

《ᠡᠷᠬᠢᠮ ᠰᠢᠭᠦᠭ᠍ᠴᠢᠳ᠂ ᠰᠢᠭᠦᠬᠦ ᠢᠢᠨ ᠵᠠᠬᠢᠷᠭᠠᠨ ᠤ ᠠᠵᠢᠯᠲᠠᠨ ᠨᠤᠭᠤᠳ ᠠ᠋᠂

ᠠᠬᠠᠮᠠᠳ ᠰᠢᠬᠦᠭ᠍ᠴᠢᠳ ᠡ᠂

ᠬᠦᠨᠳᠦᠳᠦ ᠵᠣᠴᠢᠳ ᠠ᠋᠂

ᠶᠠᠭᠤᠨ ᠤ ᠡᠮᠦᠨ᠎ᠡ ᠲᠠ ᠪᠦᠬᠦᠨ ᠳᠥ ᠰᠢᠭᠦᠬᠦ ᠢᠢᠨ ᠶᠡᠷᠦᠩᠬᠡᠢ ᠵᠥᠪᠯᠡᠯ ᠪᠠᠢᠢᠭᠤᠯᠤᠭᠳᠠᠰᠤᠨ ᠤ 25 ᠵᠢᠯ ᠦᠨ ᠣᠢ ᠢᠢᠨ ᠮᠡᠨᠳᠦ ᠢᠢ ᠳᠡᠪᠰᠢᠭᠦᠯᠵᠦ᠂ ᠰᠠᠢᠢᠨ ᠰᠠᠢᠢᠬᠠᠨ ᠪᠦᠬᠦᠨ ᠢ ᠬᠦᠰᠡᠨ ᠢᠷᠦᠭᠡᠶ᠎ᠡ᠃

ᠮᠣᠩᠭ᠋ᠣᠯ  ᠤᠯᠤᠰ ᠤᠨ ᠦᠨᠳᠦᠰᠦᠨ ᠬᠠᠤᠯᠢ ᠪᠠᠷ ᠰᠢᠭᠦᠭ᠍ᠴᠢ ᠢᠢᠨ ᠬᠠᠷᠠᠭᠠᠲᠤ ᠪᠤᠰᠤ᠂ ᠰᠢᠭᠦᠬᠦ ᠢᠢᠨ ᠪᠡᠶ᠎ᠡ ᠳᠠᠭᠠᠭᠰᠠᠨ ᠪᠠᠢᠢᠳᠠᠯ ᠢ ᠬᠠᠩᠭ᠋ᠠᠬᠤ ᠡᠭᠦᠷᠭᠡ ᠬᠦᠯᠢᠶᠡᠭᠰᠡᠨ ᠰᠢᠭᠦᠬᠦ ᠢᠢᠨ ᠶᠡᠷᠦᠩᠬᠡᠢ ᠵᠥᠪᠯᠡᠯ ᠪᠠᠢᠢᠭᠤᠯᠤᠭᠳᠠᠨ ᠠᠵᠢᠯᠯᠠᠭᠰᠠᠨ 25 ᠵᠢᠯ ᠦᠨ ᠬᠤᠭᠤᠴᠠᠭᠠᠨ ᠳᠤ ᠪᠠᠨ ᠳᠡᠯᠡᠬᠡᠢ ᠨᠡᠢᠢᠲᠡ ᠳᠥ ᠲᠦᠭᠡᠮᠡᠯ ᠬᠡᠷᠡᠭᠯᠡᠭᠳᠡᠳᠡᠭ ᠰᠢᠭᠦᠬᠦ ᠢᠢᠨ ᠵᠠᠬᠢᠷᠭᠠᠨ ᠤ ᠬᠣᠶᠠᠷ ᠵᠠᠭᠪᠤᠷ ᠢ ᠲᠤᠷᠰᠢᠵᠤ᠂ ᠲᠡᠳᠡᠭᠡᠷ ᠦᠨ ᠠᠯᠳᠠᠭ᠎ᠠ᠂ ᠣᠨᠣᠭᠣᠨ ᠠᠴᠠ ᠰᠤᠷᠭᠠᠮᠵᠢ ᠠᠪᠤᠭᠰᠠᠨ ᠤ ᠦᠨᠳᠦᠰᠦᠨ ᠳᠡᠭᠡᠷ᠎ᠡ ᠪᠡᠶ᠎ᠡ ᠳᠠᠭᠠᠭᠰᠠᠨ ᠰᠢᠭᠦᠬᠦ ᠢᠢᠨ ᠵᠠᠬᠢᠷᠭᠠᠨ ᠤ ᠵᠠᠭᠪᠤᠷ ᠢ ᠬᠡᠷᠡᠭᠵᠢᠭᠦᠯᠵᠦ ᠡᠬᠢᠯᠡᠭᠰᠡᠨ ᠡᠴᠡ ᠬᠣᠢᠢᠰᠢ 5 ᠵᠢᠯ ᠥᠩᠭᠡᠷᠡᠵᠡᠢ᠃

ᠠᠷᠠᠳᠴᠢᠯᠠᠭᠰᠠᠨ ᠨᠡᠢᠢᠭᠡᠮ ᠤᠨ ᠦᠨᠡᠲᠦ ᠵᠦᠢᠯᠡᠰ ᠦᠨ ᠲᠤᠯᠭᠠᠭᠤᠷᠢ ᠨᠢ ᠪᠣᠯᠤᠭᠰᠠᠨ ᠬᠦᠮᠦᠨ ᠦ ᠡᠷᠬᠡ᠂ ᠡᠷᠬᠡ ᠴᠢᠯᠦᠭᠡ ᠢᠢ ᠪᠠᠲᠤᠯᠠᠭᠠᠵᠢᠭᠤᠯᠬᠤ ᠦᠨᠳᠦᠰᠦᠨ ᠬᠡᠷᠡᠭᠰᠡᠯ ᠪᠣᠯ ᠰᠢᠳᠤᠷᠭᠤ ᠰᠢᠭᠦᠬᠦ ᠶᠤᠮ᠃ ᠮᠣᠩᠭ᠋ᠣᠯ  ᠤᠯᠤᠰ ᠲᠤ ᠰᠢᠭᠦᠬᠦ ᠢᠢᠨ ᠨᠡᠭᠡᠭᠡᠯᠲᠡ ᠲᠡᠢ᠂ ᠢᠯᠡ ᠲᠣᠳᠣ ᠪᠠᠢᠢᠳᠠᠯ᠂ ᠰᠢᠭᠦᠬᠦ ᠳᠥ ᠢᠲᠡᠭᠡᠬᠦ ᠣᠯᠠᠨ ᠨᠡᠢᠢᠲᠡ ᠢᠢᠨ ᠢᠲᠡᠭᠡᠯ ᠢ ᠪᠡᠬᠢᠵᠢᠭᠦᠯᠬᠦ ᠪᠣᠯᠤᠨ ᠢᠷᠭᠡᠳ ᠦᠨ ᠰᠢᠳᠤᠷᠭᠤ ᠰᠢᠭᠦᠬᠦ ᠪᠡᠷ ᠰᠢᠭᠦᠯᠭᠡᠬᠦ ᠡᠷᠬᠡ ᠢᠢ ᠬᠠᠩᠭᠠᠬᠤ ᠳᠤ ᠰᠢᠭᠦᠬᠦ᠂ ᠰᠢᠭᠦᠬᠦ ᠢᠢᠨ ᠵᠠᠬᠢᠷᠭᠠᠨ ᠤ ᠪᠠᠢᠢᠭᠤᠯᠤᠯᠭ᠎ᠠ ᠢᠢᠨ ᠬᠢᠬᠦ ᠠᠵᠢᠯ ᠳᠡᠩᠳᠡᠭᠦᠦ ᠶᠡᠬᠡ ᠪᠠᠢᠢᠨ᠎ᠠ᠃

ᠰᠢᠭᠦᠬᠦ ᠡᠷᠬᠡ ᠮᠡᠳᠡᠯ ᠨᠢ ᠬᠠᠷᠠᠭᠠᠲᠤ ᠪᠤᠰᠤ᠂ ᠬᠠᠷᠢᠭᠤᠴᠠᠯᠭ᠎ᠠ ᠲᠠᠢ᠂ ᠰᠢᠳᠤᠷᠭᠤ ᠤᠯᠤᠰ ᠣᠷᠣᠨ ᠳᠤ ᠯᠠ ᠢᠷᠭᠡᠳ ᠠᠮᠤᠷ ᠲᠠᠢᠢᠪᠤᠩ᠂ ᠡᠷᠬᠡ ᠴᠢᠯᠦᠭᠡᠲᠡᠢ᠂ ᠰᠡᠳᠬᠢᠯ ᠬᠠᠩᠭᠠᠯᠤᠭᠤᠨ ᠠᠵᠤ ᠲᠥᠷᠦᠳᠡᠭ᠃ ᠰᠢᠭᠦᠬᠦ ᠡᠷᠬᠡ ᠮᠡᠳᠡᠯ ᠢ ᠰᠢᠳᠤᠷᠭᠤ ᠶᠣᠰᠣᠨ ᠳᠤ ᠨᠡᠢᠢᠴᠡᠭᠦᠯᠦᠨ ᠬᠡᠷᠡᠭᠵᠢᠭᠦᠯᠬᠦ ᠢᠢᠨ ᠲᠥᠯᠥᠭᠡ ᠰᠢᠭᠦᠬᠦ ᠢᠢᠨ ᠵᠠᠬᠢᠷᠭᠠᠨ ᠤ ᠪᠠᠢᠢᠭᠤᠯᠤᠯᠭ᠎ᠠ ᠬᠦᠮᠦᠨ ᠦ ᠡᠷᠬᠡ ᠢᠢ ᠳᠡᠭᠡᠳᠦᠯᠡᠵᠦ᠂ ᠥᠨᠳᠥᠷ ᠬᠠᠷᠢᠭᠤᠴᠠᠯᠭ᠎ᠠ᠂ ᠶᠣᠰᠣ ᠵᠦᠢᠲᠡᠢ ᠪᠡᠷ ᠪᠡᠶ᠎ᠡ ᠳᠠᠭᠠᠭᠠᠨ ᠠᠵᠢᠯᠯᠠᠬᠤ ᠶᠣᠰᠣᠲᠠᠢ᠃

ᠰᠢᠭᠦᠬᠦ ᠢᠢᠨ ᠶᠡᠷᠦᠩᠬᠡᠢ ᠵᠥᠪᠯᠡᠯ ᠡᠴᠡ 25 ᠵᠢᠯ ᠦᠨ ᠣᠢ ᠢᠢ ᠪᠠᠨ ᠠᠵᠢᠯ ᠬᠡᠷᠡᠭᠴᠢ ᠪᠡᠷ ᠵᠣᠬᠢᠶᠠᠨ ᠪᠠᠢᠢᠭᠤᠯᠵᠤ ᠬᠤᠷᠠᠮᠲᠤᠯᠠᠭᠤᠯᠤᠭᠰᠠᠨ ᠲᠤᠷᠰᠢᠯᠭ᠎ᠠ᠂ ᠠᠯᠳᠠᠭ᠎ᠠ ᠣᠨᠣᠭ᠎ᠠ ᠪᠠᠨ ᠬᠡᠯᠡᠯᠴᠡᠨ᠂ ᠣᠯᠠᠨ ᠤᠯᠤᠰ ᠤᠨ ᠲᠤᠷᠰᠢᠯᠭ᠎ᠠ ᠠᠴᠠ ᠰᠤᠳᠤᠯᠵᠤ᠂ ᠢᠷᠡᠭᠡᠳᠦᠢ ᠢᠢᠨ ᠴᠢᠭ᠌ ᠬᠠᠨᠳᠤᠯᠭ᠎ᠠ᠂ ᠪᠣᠳᠣᠯᠭ᠎ᠠ ᠵᠣᠷᠢᠯᠲᠠ ᠪᠠᠨ ᠲᠣᠳᠣᠷᠬᠠᠢᠢᠯᠠᠬᠤ ᠣᠨᠣᠯ – ᠫᠷᠠᠺᠲ᠋ᠢᠭ ᠤᠨ ᠪᠠᠭ᠎ᠠ ᠬᠤᠷᠠᠯ ᠵᠣᠬᠢᠶᠠᠨ ᠪᠠᠢᠢᠭᠤᠯᠵᠤ ᠪᠠᠢᠢᠭᠠᠳ ᠪᠢ ᠲᠤᠩ ᠪᠠᠶᠠᠷᠲᠠᠢ ᠪᠠᠢᠢᠨ᠎ᠠ᠃ ᠲᠤᠭᠤᠯᠤᠭᠰᠠᠨ ᠵᠠᠮ ᠢᠶᠠᠨ ᠳ᠋ᠦᠩᠨᠡᠵᠦ ᠴᠡᠩᠨᠡᠬᠦ ᠨᠢ ᠢᠷᠡᠭᠡᠳᠦᠢ ᠢᠢᠨ ᠠᠯᠳᠠᠭᠠᠨ ᠠᠴᠠ ᠵᠠᠢᠢᠯᠠᠰᠬᠢᠬᠦ ᠰᠢᠯᠭᠠᠷᠠᠭᠰᠠᠨ ᠠᠷᠭ᠎ᠠ ᠶᠤᠮ᠃ ᠥᠨᠥᠳᠥᠷ ᠮᠣᠩᠭ᠋ᠣᠯ  ᠤᠨ ᠠᠷᠠᠳ ᠲᠦᠮᠡᠨ ᠰᠢᠭᠦᠬᠦ ᠪᠣᠯᠤᠨ ᠰᠢᠭᠦᠭ᠍ᠴᠢᠳ ᠡᠴᠡ ᠰᠢᠳᠤᠷᠭᠤ ᠶᠣᠰᠣ᠂ ᠲᠡᠭᠰᠢ ᠢᠯᠭᠠᠪᠤᠷᠢᠯᠠᠯ ᠦᠭᠡᠢ ᠬᠠᠨᠳᠤᠯᠭ᠎ᠠ ᠢᠢ ᠶᠠᠭᠤ ᠶᠠᠭᠤᠨ ᠠᠴᠠ ᠴᠤ ᠶᠡᠬᠡ ᠪᠡᠷ ᠬᠦᠰᠡᠵᠦ᠂ ᠱᠠᠭᠠᠷᠳᠠᠵᠤ ᠪᠠᠢᠢᠭ᠎ᠠ᠃ ᠠᠷᠠᠳ ᠲᠦᠮᠡᠨ ᠦ ᠪᠡᠨ ᠱᠠᠭᠠᠷᠳᠠᠯᠭ᠎ᠠ ᠳᠤ ᠲᠡᠩᠴᠡᠵᠦ᠂ ᠥᠨᠳᠥᠷ ᠶᠣᠰᠣ ᠵᠦᠢ ᠲᠡᠢ ᠠᠵᠢᠯᠯᠠᠬᠤ᠂ ᠭᠠᠭᠴᠠᠬᠦ ᠬᠠᠤᠯᠢ ᠳᠤ ᠵᠠᠬᠢᠷᠤᠭᠳᠠᠬᠤ ᠲᠡᠢᠢᠮᠦ ᠰᠢᠳᠤᠷᠭᠤ ᠰᠢᠭᠦᠭ᠍ᠴᠢ ᠢᠢ ᠰᠢᠯᠭᠠᠷᠠᠭᠤᠯᠵᠤ᠂ ᠰᠤᠷᠭᠠᠵᠤ᠂ ᠳᠠᠳᠤᠯᠭᠠᠵᠢᠭᠤᠯᠬᠤ ᠨᠢ ᠰᠢᠭᠦᠬᠦ ᠢᠢᠨ ᠶᠡᠷᠦᠩᠬᠡᠢ ᠵᠥᠪᠯᠡᠯ ᠦᠨ ᠮᠥᠩᠬᠡ ᠢᠢᠨ ᠵᠣᠷᠢᠯᠲᠠ ᠪᠠᠢᠢᠬᠤ ᠪᠣᠯᠤᠨ᠎ᠠ᠃

ᠰᠢᠭᠦᠬᠦ᠂ ᠰᠢᠭᠦᠬᠦ ᠢᠢᠨ ᠵᠠᠬᠢᠷᠭᠠᠨ ᠤ ᠪᠠᠢᠢᠭᠤᠯᠤᠯᠭ᠎ᠠ ᠢᠢᠨ ᠨᠡᠢᠢᠲᠡ ᠠᠵᠢᠯᠲᠠᠨ᠂ ᠠᠯᠪᠠᠨ ᠬᠠᠭᠠᠭᠴᠢ ᠲᠠ ᠪᠦᠬᠦᠨ ᠳᠥ ᠳᠠᠬᠢᠨ ᠪᠠᠶᠠᠷ ᠬᠦᠷᠭᠡᠶ᠎ᠡ᠃

ᠰᠢᠳᠤᠷᠭᠤ ᠶᠣᠰᠣ ᠴᠡᠴᠡᠭᠯᠡᠨ᠂ ᠰᠠᠢᠢᠨ ᠦᠢᠯᠡᠰ ᠳᠡᠯᠭᠡᠷᠡᠲᠦᠭᠡᠢ!》 ᠭᠡᠯ᠎ᠡ᠃