Та "Internet explorer"-ийн сүүлийн хувилбар болох "Microsoft edge"-г ашиглана уу

Хэрэв "Microsoft edge"-г татах бол энд дарж татаж авна уу

ᠮᠣᠩᠭᠣᠯ ᠤᠯᠤᠰ ᠤᠨ ᠶᠡᠷᠦᠩᠬᠡᠶᠢᠯᠡᠭᠴᠢ ᠬ ∙ ᠪᠠᠲᠤᠲᠤᠯᠭ᠎ᠠ 《ᠮᠣᠩᠭᠣᠯ ᠬᠡᠯᠡᠨ ᠦ ᠵᠥᠪ ᠪᠢᠴᠢᠬᠦ ᠳᠦᠷᠢᠮ ᠦᠨ ᠵᠢᠷᠤᠮᠯᠠᠭᠰᠠᠨ ᠲᠣᠯᠢ》 ᠨᠣᠮ ᠤᠨ ᠨᠡᠭᠡᠭᠡᠯᠲᠡ ᠶᠢᠨ ᠶᠣᠰᠣᠯᠠᠯ ᠳᠤ ᠣᠷᠣᠯᠴᠠᠵᠤ᠂ ᠦᠭᠡ ᠬᠡᠯᠡᠯ᠎ᠡ

ᠮᠣᠩᠭ᠋ᠣᠯ ᠤᠯᠤᠰ ᠤᠨ ᠶᠡᠷᠦᠩᠬᠡᠢᠢᠯᠡᠭᠴᠢ ᠢᠢᠨ ᠲᠠᠮᠠᠭ᠎ᠠ ᠢᠢᠨ ᠭᠠᠵᠠᠷ ᠤᠨ ᠳᠡᠷᠭᠡᠳᠡᠬᠢ ᠢᠷᠭᠡᠨ ᠦ ᠲᠠᠩᠬᠢᠮ ᠳᠤ ᠥᠨᠥᠳᠥᠷ 《ᠮᠣᠩᠭ᠋ᠣᠯ ᠬᠡᠯᠡᠨ ᠦ ᠵᠥᠪ ᠪᠢᠴᠢᠬᠦ ᠳᠦᠷᠢᠮ ᠦᠨ ᠵᠢᠷᠤᠮᠯᠠᠭᠰᠠᠨ ᠲᠣᠯᠢ》 ᠨᠣᠮ ᠤᠨ ᠨᠡᠭᠡᠭᠡᠯᠲᠡ ᠢᠢᠨ ᠶᠣᠰᠣᠯᠠᠯ ᠪᠣᠯᠤᠯ᠎ᠠ᠃

 

ᠨᠡᠭᠡᠭᠡᠯᠲᠡ ᠢᠢᠨ ᠶᠣᠰᠣᠯᠠᠯ ᠳᠤ ᠮᠣᠩᠭ᠋ᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ᠂ ᠮᠣᠩᠭ᠋ᠣᠯ ᠤᠯᠤᠰ ᠤᠨ ᠶᠡᠷᠦᠩᠬᠡᠢᠢᠯᠡᠭᠴᠢ ᠢᠢᠨ ᠲᠠᠮᠠᠭ᠎ᠠ ᠢᠢᠨ ᠭᠠᠵᠠᠷ ᠤᠨ ᠳᠠᠷᠤᠭ᠎ᠠ ᠵᠠ‍ ∙ ᠡᠩᠬᠡᠪᠣᠯᠤᠳ ᠪᠣᠯᠤᠨ ᠮᠣᠩᠭ᠋ᠣᠯ ᠤᠯᠤᠰ ᠤᠨ ᠶᠡᠷᠦᠩᠬᠡᠢᠢᠯᠡᠭᠴᠢ ᠢᠢᠨ ᠳᠡᠷᠭᠡᠳᠡᠬᠢ ᠬᠡᠯᠡᠨ ᠦ ᠪᠣᠳᠣᠯᠭ᠎ᠠ ᠢᠢᠨ ᠦᠨᠳᠦᠰᠦᠨ ᠦ ᠵᠥᠪᠯᠡᠯ ᠦᠨ ᠭᠡᠰᠢᠭᠦᠳ᠂ ᠡᠷᠳᠡᠮᠲᠡᠨ ᠰᠤᠳᠤᠯᠤᠭᠠᠴᠢᠳ᠂ ᠶᠡᠬᠡ᠂ ᠳᠡᠭᠡᠳᠦ᠂ ᠳᠤᠮᠳᠠ ᠰᠤᠷᠭᠠᠭᠤᠯᠢ ᠢᠢᠨ ᠪᠠᠭᠰᠢ ᠨᠠᠷ᠂ ᠰᠢᠨᠵᠢᠯᠡᠬᠦ ᠤᠬᠠᠭᠠᠨ ᠤ ᠠᠺᠠᠳᠧᠮᠢ᠂ ᠤᠯᠠᠭᠠᠨᠪᠠᠭᠠᠲᠤᠷ ᠬᠣᠲᠠ ᠢᠢᠨ ᠨᠣᠮ ᠤᠨ ᠰᠠᠩ ᠤᠳ᠂ ᠣᠯᠠᠨ ᠤᠯᠤᠰ ᠤᠨ ᠮᠣᠩᠭ᠋ᠣᠯ ᠰᠤᠳᠤᠯᠤᠯ ᠤᠨ ᠬᠣᠯᠪᠣᠭ᠎ᠠ ᠵᠡᠷᠭᠡ ᠣᠯᠠᠨ ᠪᠠᠢᠢᠭᠤᠯᠤᠯᠭ᠎ᠠ ᠢᠢᠨ ᠲᠥᠯᠥᠭᠡᠯᠡᠯ ᠤᠷᠤᠯᠴᠠᠪᠠ᠃

《ᠮᠣᠩᠭ᠋ᠣᠯ ᠬᠡᠯᠡᠨ ᠦ ᠵᠥᠪ ᠪᠢᠴᠢᠬᠦ ᠳᠦᠷᠢᠮ ᠦᠨ ᠵᠢᠷᠤᠮᠯᠠᠭᠰᠠᠨ ᠲᠣᠯᠢ》 ᠨᠣᠮ ᠤᠨ ᠨᠡᠭᠡᠭᠡᠯᠲᠡ ᠢᠢᠨ ᠶᠣᠰᠣᠯᠠᠯ ᠤᠨ ᠡᠬᠢᠨ ᠳᠥ ᠮᠣᠩᠭ᠋ᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠣᠯᠠᠨ ᠨᠡᠢᠢᠲᠡ ᠳᠥ ᠬᠠᠨᠳᠤᠨ᠄

 

《ᠰᠠᠢᠢᠨ ᠪᠠᠢᠢᠵᠠᠭᠠᠨ᠎ᠠ ᠤᠤ?

 

ᠥᠨᠥᠳᠥᠷ ᠲᠠ ᠪᠢᠳᠡ ᠮᠣᠩᠭᠣᠯ ᠤᠨ ᠰᠤᠶᠤᠯ᠂ ᠬᠡᠯᠡ ᠵᠦᠢ ᠢᠢᠨ ᠬᠡᠷᠡᠭᠯᠡᠭᠡᠨ ᠦ ᠬᠤᠪᠢ ᠳᠤ ᠴᠢᠬᠤᠯᠠ ᠠᠴᠢ ᠬᠣᠯᠪᠣᠭᠳᠠᠯ ᠲᠠᠢ 《ᠮᠣᠩᠭ᠋ᠣᠯ ᠬᠡᠯᠡᠨ ᠦ ᠵᠥᠪ ᠪᠢᠴᠢᠬᠦ ᠳᠦᠷᠢᠮ ᠦᠨ ᠵᠢᠷᠤᠮᠯᠠᠭᠰᠠᠨ ᠲᠣᠯᠢ》 ᠬᠡᠪᠯᠡᠭᠳᠡᠨ ᠭᠠᠷᠤᠭᠰᠠᠨ ᠲᠠᠢ ᠬᠣᠯᠪᠣᠭ᠎ᠠ ᠲᠠᠢ ᠠᠭᠤᠯᠵᠠᠵᠤ ᠶᠠᠷᠢᠯᠴᠠᠵᠤ ᠪᠠᠢᠢᠨ᠎ᠠ᠃ ᠦᠨᠳᠦᠰᠦᠨ ᠦ ᠬᠡᠯᠡ ᠰᠤᠶᠤᠯ᠂ ᠲᠡᠷᠡ ᠳᠤᠮᠳᠠ ᠪᠠᠨ ᠪᠢᠴᠢᠭ᠌ ᠦᠨ ᠰᠤᠶᠤᠯ ᠨᠢ ᠦᠨᠳᠦᠰᠦᠲᠡᠨ ᠦ ᠢᠵᠢᠯᠢᠰᠦᠯ᠂ ᠳᠣᠲᠣᠭᠠᠳᠤ ᠣᠢᠢᠯᠠᠭᠠᠯᠴᠠᠯ ᠤᠨ ᠬᠡᠷᠡᠭᠯᠡᠭᠳᠡᠬᠦᠨ᠂ ᠰᠡᠳᠬᠢᠯᠭᠡ ᠢᠢ ᠲᠡᠭᠡᠭᠡᠭ᠍ᠴᠢ ᠢᠯᠡᠷᠬᠡᠢᠢᠯᠡᠭᠴᠢ ᠨᠢ ᠪᠣᠯᠵᠤ ᠪᠠᠢᠢᠳᠠᠭ᠃

 

ᠮᠣᠩᠭ᠋ᠣᠯ ᠤᠯᠤᠰ 1941 ᠣᠨ ᠠᠴᠠ ᠬᠣᠢᠢᠰᠢ ᠺᠢᠷᠢᠯ ᠪᠢᠴᠢᠭ᠌ ᠢ ᠠᠯᠪᠠᠨ ᠶᠣᠰᠣᠭᠠᠷ ᠬᠡᠷᠡᠭᠯᠡᠵᠦ ᠡᠬᠢᠯᠡᠭᠰᠡᠨ ᠢᠶᠡᠷ ᠰᠢᠨ᠎ᠡ ᠦᠰᠦᠭ ᠦᠨ ᠬᠡᠷᠡᠭᠯᠡᠭᠡ᠂ ᠰᠤᠶᠤᠯ ᠨᠡᠪᠲᠡᠷᠡᠭᠰᠡᠨ ᠴᠤ ᠵᠥᠪ ᠪᠢᠴᠢᠬᠦ ᠳᠦᠷᠢᠮ ᠢ ᠴᠡᠭᠴᠡᠯᠡᠵᠦ ᠵᠢᠷᠤᠮᠯᠠᠬᠤ ᠠᠰᠠᠭᠤᠳᠠᠯ ᠬᠤᠴᠤᠷᠠᠵᠤ ᠬᠣᠵᠢᠮ 1983 ᠣᠨ ᠳᠤ ᠠᠺᠠᠳᠧᠮᠢᠴᠢ ᠴ∙ ᠳᠠᠮᠳᠢᠨᠰᠦ᠋ᠷᠦᠩ᠂ ᠪ ∙ ᠣᠰᠣᠷ ᠨᠠᠷ 18000 ᠲᠣᠯᠣᠭᠠᠢ ᠦᠭᠡ ᠢᠢ ᠵᠢᠷᠤᠮᠯᠠᠭᠰᠠᠨ ᠲᠣᠯᠢ ᠭᠠᠷᠭᠠᠵᠤ ᠪᠠᠢᠢᠵᠠᠢ᠃ ᠡᠭᠦᠨ ᠡᠴᠡ ᠬᠣᠢᠢᠰᠢ 35 ᠵᠢᠯ ᠥᠩᠭᠡᠷᠡᠭᠰᠡᠨ ᠴᠤ ᠵᠥᠪ ᠪᠢᠴᠢᠬᠦ ᠳᠦᠷᠢᠮ ᠳᠥ ᠲᠤᠰᠬᠠᠭᠳᠠᠭ᠎ᠠ ᠦᠭᠡᠢ᠂ ᠠᠯᠪᠠᠨ ᠶᠣᠰᠣᠭᠠᠷ ᠵᠢᠷᠤᠮᠯᠠᠭᠳᠠᠭ᠎ᠠ ᠦᠭᠡᠢ ᠦᠭᠡᠰ ᠣᠯᠠᠨ ᠪᠠᠢᠢᠵᠤ᠂ ᠮᠠᠷᠭᠤᠭᠠᠨ ᠤ ᠰᠡᠵᠢᠭᠦᠷ ᠪᠠᠢᠢᠭᠰᠠᠭᠠᠷ ᠢᠷᠡᠭᠰᠡᠨ ᠶᠤᠮ᠃

 

ᠰᠠᠯᠪᠤᠷᠢ ᠢᠢᠨ ᠡᠷᠳᠡᠮᠲᠡᠳ᠂ ᠢᠷᠭᠡᠳ ᠥᠪᠡᠷ ᠦᠨ ᠳᠤᠷ᠎ᠠ ᠪᠠᠷ ᠠᠯᠳᠠᠭ᠎ᠠ ᠮᠠᠳᠠᠭ ᠲᠠᠢ ᠪᠢᠴᠢᠬᠦ ᠨᠢ ᠴᠠᠬᠢᠮ ᠬᠡᠷᠡᠭᠯᠡᠭᠡ ᠲᠡᠢ ᠬᠣᠯᠪᠣᠭ᠎ᠠ ᠲᠠᠢ ᠪᠠᠷ ᠳᠠᠭᠠᠭᠠᠮᠵᠢᠷᠠᠵᠤ᠂ ᠲᠡᠷᠡ ᠴᠤ ᠪᠤᠤ ᠬᠡᠯᠡ ᠡᠳᠦᠷ ᠲᠤᠲᠤᠮ ᠤᠨ ᠰᠣᠨᠢᠨ᠂ ᠨᠣᠮ ᠪᠦᠲᠦᠭᠡᠯ ᠳᠥ ᠴᠤ ᠮᠡᠷ ᠰᠡᠷ ᠬᠠᠷᠠᠭᠳᠠᠬᠤ ᠪᠣᠯᠤᠭᠰᠠᠨ᠃ ᠦᠰᠦᠭ ᠦᠨ ᠳᠦᠷᠢᠮ ᠶᠠᠮᠠᠷ ᠪᠠᠢᠢᠪᠠᠯ ᠵᠣᠬᠢᠯᠲᠠᠢ ᠲᠠᠯ᠎ᠠ ᠪᠠᠷ ᠳᠤᠷ᠎ᠠ ᠢᠢᠨ ᠬᠦᠮᠦᠨ ᠵᠢᠭᠠᠵᠤ ᠳᠦᠷᠢᠮᠳᠡᠨ᠂ ᠵᠠᠷᠢᠮ ᠦᠰᠦᠭ ᠢ ᠬᠠᠰᠤᠬᠤ ᠲᠠᠯ᠎ᠠ ᠪᠠᠷ ᠤᠷᠢᠶᠠᠯᠠᠬᠤ ᠦᠵᠡᠭᠳᠡᠯ ᠴᠤ ᠭᠠᠷᠴᠤ ᠪᠠᠢᠢᠯ᠎ᠠ᠃ ᠡᠨᠡ ᠠᠰᠠᠭᠤᠳᠠᠯ ᠤᠨ ᠤᠭ ᠲᠤ ᠢᠷᠭᠡᠨᠰᠢᠯ ᠦᠨ ᠲᠡᠦᠬᠡ ᠪᠡᠷ ᠪᠦᠷᠢᠯᠳᠦᠭᠰᠡᠨ ᠲᠥᠷᠥ ᠡᠴᠡ ᠠᠯᠪᠠᠨ ᠶᠣᠰᠣᠭᠠᠷ ᠵᠢᠷᠤᠮᠯᠠᠨ ᠲᠣᠭᠲᠠᠭᠠᠬᠤ᠂ ᠵᠥᠪ ᠪᠢᠴᠢᠬᠦ ᠳᠦᠷᠢᠮ ᠢ ᠠᠯᠪᠠᠵᠢᠭᠤᠯᠬᠤ ᠠᠵᠢᠯ ᠣᠷᠬᠢᠭᠳᠠᠭᠰᠠᠨ ᠶᠠᠪᠤᠳᠠᠯ ᠪᠠᠢᠢᠭᠰᠠᠨ ᠶᠤᠮ᠃ ᠣᠳᠣ ᠪᠦᠬᠦ ᠮᠠᠷᠭᠤᠭᠠᠨ ᠢ ᠴᠡᠭᠴᠡᠯᠡᠵᠦ᠂ ᠨᠢᠭᠡ ᠮᠥᠷ ᠵᠢᠷᠤᠮᠯᠠᠨ ᠰᠢᠢᠳᠬᠦ ᠳᠥ ᠬᠡᠯᠡ ᠵᠦᠢ ᠢᠢᠨ ᠢᠳᠡᠪᠬᠢᠲᠡᠢ ᠬᠤᠪᠢᠯᠠᠯ ᠪᠦᠬᠦᠢ 38000 ᠲᠣᠯᠣᠭᠠᠢ ᠦᠭᠡ ᠲᠡᠢ 《ᠮᠣᠩᠭ᠋ᠣᠯ ᠬᠡᠯᠡᠨ ᠦ ᠵᠥᠪ ᠪᠢᠴᠢᠬᠦ ᠳᠦᠷᠢᠮ ᠦᠨ ᠵᠢᠷᠤᠮᠯᠠᠭᠰᠠᠨ ᠲᠣᠯᠢ》 ᠴᠢᠬᠤᠯᠠ ᠡᠭᠦᠷᠭᠡ ᠲᠡᠢ ᠪᠣᠯᠤᠨ᠎ᠠ᠃

 

ᠬᠡᠯᠡ ᠪᠢᠴᠢᠭ᠌ ᠦᠨ ᠡᠷᠳᠡᠮᠲᠡᠳ ᠮᠠᠨᠢ ᠲᠣᠬᠢᠷᠠᠯᠴᠠᠵᠤ᠂ ᠵᠥᠪᠰᠢᠯᠴᠡᠭᠰᠡᠨ ᠢᠶᠡᠷ ᠮᠣᠩᠭ᠋ᠣᠯ ᠬᠡᠯᠡᠨ ᠦ ᠵᠥᠪ ᠪᠢᠴᠢᠬᠦ ᠳᠦᠷᠢᠮ ᠦᠨ ᠵᠢᠷᠤᠮᠯᠠᠭᠰᠠᠨ ᠲᠣᠯᠢ ᠬᠡᠪᠯᠡᠭᠳᠡᠨ ᠭᠠᠷᠴᠤ ᠪᠠᠢᠢᠭ᠎ᠠ ᠢᠢ ᠪᠢ ᠨᠡᠩ ᠰᠠᠢᠢᠰᠢᠶᠠᠯᠲᠠᠢ ᠪᠠᠷ ᠬᠦᠯᠢᠶᠡᠨ ᠠᠪᠤᠯ᠎ᠠ᠃ ᠡᠨᠳᠡ ᠪᠢ ᠨᠢᠭᠡᠨ ᠵᠦᠢᠯ ᠢ ᠵᠣᠷᠢᠭᠤᠳᠠ ᠲᠣᠳᠣᠳᠬᠠᠵᠤ ᠬᠡᠯᠡᠮᠡᠷ ᠪᠠᠢᠢᠨ᠎ᠠ᠃

 

ᠥᠨᠥᠳᠥᠷ ᠡᠴᠡ ᠡᠬᠢᠯᠡᠭᠡᠳ ᠮᠣᠩᠭ᠋ᠣᠯ ᠤᠯᠤᠰ ᠤᠨ ᠨᠡᠢᠢᠲᠡ ᠢᠷᠭᠡᠳ᠂ ᠲᠥᠷᠥ ᠢᠢᠨ ᠠᠯᠪᠠᠨ ᠬᠠᠭᠠᠭᠴᠢᠳ᠂ ᠡᠷᠳᠡᠮᠲᠡᠳ᠂ ᠰᠤᠳᠤᠯᠤᠭᠠᠴᠢᠳ᠂ ᠬᠡᠪᠯᠡᠯ ᠦᠨ ᠭᠠᠵᠠᠷ ᠤᠨ ᠬᠢᠨ᠂ ᠰᠣᠨᠢᠨ ᠤ ᠷᠧᠳᠠᠺᠼ ᠤᠨ ᠬᠢᠨ ᠡᠨᠡ ᠲᠣᠯᠢ ᠢᠢ ᠦᠢᠯᠡ ᠠᠵᠢᠯᠯᠠᠭᠠᠨ ᠳᠤ ᠪᠠᠨ ᠮᠥᠷᠳᠡᠯᠭᠡ ᠪᠣᠯᠭᠠᠵᠤ᠂ ᠪᠠᠷᠢᠮᠲᠠᠯᠠᠬᠤ ᠤᠴᠢᠷᠲᠠᠢ᠃ ᠬᠡᠯᠡ ᠪᠣᠯ ᠬᠡᠨ ᠨᠢᠭᠡᠨ ᠦ ᠬᠦᠰᠡᠯ ᠰᠣᠨᠢᠷᠬᠠᠯ᠂ ᠦᠵᠡᠯ ᠪᠠᠷᠢᠮᠲᠠᠯᠠᠯ᠂ ᠬᠤᠪᠢ ᠢᠢᠨ ᠪᠣᠳᠣᠯ ᠠᠴᠠ ᠬᠠᠮᠢᠶᠠᠷᠤᠯ ᠦᠭᠡᠢ ᠪᠡᠷ ᠤᠯᠤᠰ ᠳᠠᠶᠠᠭᠠᠷ ᠨᠢᠭᠡᠨ ᠵᠢᠭᠳᠡ᠂ ᠲᠣᠭᠲᠠᠪᠤᠷᠢᠲᠠᠢ ᠳᠦᠷᠢᠮ ᠢᠶᠡᠷ ᠪᠢᠴᠢᠭᠳᠡᠵᠦ᠂ ᠵᠢᠭᠳᠡᠷᠡᠬᠦ ᠶᠣᠰᠣᠲᠠᠢ᠃ ᠬᠤᠪᠢ ᠢᠢᠨ ᠢᠶᠠᠨ ᠬᠠᠨᠳᠤᠯᠭ᠎ᠠ᠂ ᠰᠥᠷᠭᠡᠬᠦ ᠰᠡᠳᠬᠢᠯ ᠵᠦᠢ ᠪᠡᠨ ᠮᠠᠷᠲᠠ᠃ ᠮᠡᠳᠡᠭᠡᠵᠢ ᠵᠠᠷᠢᠮ ᠬᠡᠯᠡᠨ ᠦ ᠡᠷᠳᠡᠮᠲᠡᠨ᠂ ᠰᠤᠳᠤᠯᠤᠭᠠᠴᠢᠳ ᠤᠨ ᠰᠠᠨᠠᠭᠠᠨ ᠳᠤ ᠨᠡᠢᠢᠴᠡᠬᠦ ᠦᠭᠡᠢ᠂ ᠥᠭᠡᠨ᠋ᠡᠲᠡᠭᠯᠡᠬᠦ᠂ ᠰᠢᠭᠦᠮᠵᠢᠯᠡᠬᠦ ᠰᠡᠳᠦᠯ ᠭᠠᠷᠴᠤ ᠮᠠᠭᠠᠳ ᠦᠭᠡᠢ᠃ ᠬᠦᠮᠦᠨ ᠪᠦᠷᠢ ᠢᠢᠨ ᠰᠠᠨᠠᠭ᠎ᠠ᠂ ᠦᠵᠡᠯ ᠪᠠᠷᠢᠮᠲᠠᠯᠠᠯ ᠢ ᠬᠠᠷᠠᠭᠠᠯᠵᠠᠬᠤ ᠭᠡᠪᠡᠯ ᠵᠥᠪ ᠪᠢᠴᠢᠬᠦ ᠳᠦᠷᠢᠮ ᠦᠨ ᠲᠣᠯᠢ ᠬᠡᠵᠢᠶ᠎ᠡ ᠴᠤ ᠭᠠᠷᠬᠤ ᠦᠭᠡᠢ᠂ ᠡᠨᠡ ᠨᠢ ᠬᠡᠵᠢᠶ᠎ᠡ ᠴᠤ ᠳᠠᠭᠤᠰᠬᠤ ᠦᠭᠡᠢ ᠮᠠᠷᠭᠤᠭᠠᠨ ᠤ ᠰᠡᠳᠦᠪ ᠪᠠᠢᠢᠬᠤ ᠪᠣᠯᠤᠨ᠎ᠠ᠃ ᠡᠢᠢᠮᠦ ᠤᠴᠢᠷ ᠠᠴᠠ ᠣᠯᠠᠨ ᠪᠥᠭᠥᠳᠡ ᠪᠡᠷ ᠲᠥᠷᠥ ᠡᠴᠡ ᠮᠣᠩᠭ᠋ᠣᠯ ᠬᠡᠯᠡᠨ ᠦ ᠵᠥᠪ ᠪᠢᠴᠢᠬᠦ ᠳᠦᠷᠢᠮ ᠢ ᠠᠯᠪᠠᠨ ᠶᠣᠰᠣᠭᠠᠷ ᠵᠢᠷᠤᠮᠯᠠᠵᠤ ᠪᠠᠢᠢᠨ᠎ᠠ ᠭᠡᠵᠦ ᠦᠵᠡᠭᠡᠳ ᠡᠨᠡ ᠲᠣᠯᠢ ᠢᠢ ᠮᠥᠷᠳᠡᠯᠭᠡ ᠪᠣᠯᠭᠠᠬᠤ ᠨᠢ ᠥᠨᠥ ᠢᠢᠨ ᠱᠠᠭᠠᠷᠳᠠᠯᠭ᠎ᠠ ᠳᠤ ᠨᠡᠢᠢᠴᠡᠨ᠎ᠡ᠃

 

《ᠮᠣᠩᠭ᠋ᠣᠯ ᠬᠡᠯᠡᠨ ᠦ ᠵᠥᠪ ᠪᠢᠴᠢᠬᠦ ᠳᠦᠷᠢᠮ ᠦᠨ ᠵᠢᠷᠤᠮᠯᠠᠭᠰᠠᠨ ᠲᠣᠯᠢ》 ᠪᠣᠯ ᠬᠡᠯᠡᠨ ᠦ ᠬᠡᠷᠡᠭᠯᠡᠭᠡᠨ ᠦ ᠬᠤᠪᠢ ᠳᠤ ᠦᠨᠳᠦᠰᠦᠨ ᠬᠠᠤᠯᠢ ᠠᠳᠠᠯᠢ ᠵᠠᠪᠠᠯ ᠳᠠᠭᠠᠵᠤ ᠮᠥᠷᠳᠡᠬᠦ ᠪᠠᠷᠢᠮᠲᠠ ᠬᠡᠷᠡᠭᠯᠡᠭᠳᠡᠬᠦᠨ ᠶᠤᠮ᠃ ᠥᠨᠥᠳᠥᠷ ᠡᠴᠡ ᠡᠬᠢᠯᠡᠭᠡᠳ ᠡᠨᠡ ᠲᠣᠯᠢ ᠢᠢ ᠴᠠᠬᠢᠮ ᠢᠶᠠᠷ ᠦᠨ᠎ᠡ ᠲᠥᠯᠦᠪᠦᠷᠢ ᠦᠭᠡᠢ ᠲᠠᠷᠠᠭᠠᠵᠤ᠂ ᠢᠨ᠋ᠲ᠋ᠧᠷᠨᠡᠲ ᠲᠥ ᠪᠠᠢᠢᠷᠢᠰᠢᠭᠤᠯᠵᠤ ᠪᠠᠢᠢᠨ᠎ᠠ᠃ ᠮᠥᠨ www.president.mn ᠰᠠᠢᠢᠲ ᠠᠴᠠ ᠪᠣᠯᠤᠨ www.toli.gov.mn ᠠᠯᠪᠠᠨ ᠶᠣᠰᠣᠨ ᠤ ᠰᠠᠢᠢᠲ ᠠᠴᠠ ᠲᠠᠲᠠᠵᠤ ᠠᠪᠬᠤ᠂ ᠪᠢᠴᠢᠭ᠌ ᠦᠨ ᠦᠢᠯᠡ ᠠᠵᠢᠯᠯᠠᠭᠠᠨ ᠳᠤ ᠪᠠᠨ ᠠᠰᠢᠭᠯᠠᠬᠤ ᠪᠣᠯᠤᠮᠵᠢ ᠨᠡᠭᠡᠭᠡᠯᠲᠡ ᠲᠡᠢ᠃

 

《ᠥᠰᠬᠦ ᠡᠴᠡ ᠰᠤᠷᠠᠭᠰᠠᠨ ᠦᠨᠳᠦᠰᠦᠨ ᠦ ᠬᠡᠯᠡ᠂ ᠮᠠᠷᠲᠠᠵᠤ ᠪᠣᠯᠣᠰᠢ ᠦᠭᠡᠢ ᠰᠤᠶᠤᠯ》 ᠭᠡᠵᠦ ᠵᠣᠬᠢᠶᠠᠯᠴᠢ ᠲ ∙ ᠨᠠᠴᠤᠭᠳᠣᠷᠵᠢ ᠰᠢᠯᠦᠭᠯᠡᠭᠰᠡᠨ ᠢ ᠰᠡᠳᠬᠢᠯ ᠳᠥ ᠪᠡᠨ ᠲᠡᠭᠡᠭᠡᠨ ᠪᠢᠴᠢᠭ᠌ ᠦᠨ ᠰᠤᠶᠤᠯ ᠢᠶᠠᠨ ᠵᠢᠭᠳᠡᠯᠡᠨ ᠨᠢᠭᠡ ᠮᠥᠷ ᠪᠣᠯᠭᠠᠬᠤ ᠳᠤ ᠮᠣᠩᠭ᠋ᠣᠯ ᠬᠦᠮᠦᠨ ᠪᠦᠷᠢ ᠬᠢᠴᠢᠶᠡᠨ ᠣᠷᠣᠯᠴᠠᠭᠠᠷᠠᠢ᠃

 

ᠮᠥᠩᠬᠡ ᠲᠩᠷᠢ ᠢᠢᠨ ᠬᠦᠴᠦᠨ ᠳᠥ ᠮᠣᠩᠭ᠋ᠣᠯ ᠤᠨ ᠪᠢᠴᠢᠭ᠌ ᠰᠤᠶᠤᠯ ᠥᠨᠢ ᠡᠭᠦᠷᠢᠳᠡ ᠳᠡᠯᠭᠡᠷᠡᠬᠦ ᠪᠣᠯᠲᠤᠭᠠᠢ》 ᠭᠡᠪᠡ᠃

ᠮᠣᠩᠭ᠋ᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠢᠢ ᠦᠭᠡ ᠬᠡᠯᠡᠭᠰᠡᠨ ᠦ ᠳᠠᠷᠠᠭ᠎ᠠ ᠮᠣᠩᠭ᠋ᠣᠯ ᠤᠯᠤᠰ ᠤᠨ ᠶᠡᠷᠦᠩᠬᠡᠢᠢᠯᠡᠭᠴᠢ ᠢᠢᠨ ᠲᠠᠮᠠᠭ᠎ᠠ ᠢᠢᠨ ᠭᠠᠵᠠᠷ ᠤᠨ ᠳᠠᠷᠤᠭ᠎ᠠ ᠵᠠ‍ ∙ ᠡᠩᠬᠡᠪᠣᠯᠤᠳ 《ᠮᠣᠩᠭ᠋ᠣᠯ ᠬᠡᠯᠡᠨ ᠦ ᠵᠥᠪ ᠪᠢᠴᠢᠬᠦ ᠳᠦᠷᠢᠮ ᠦᠨ ᠵᠢᠷᠤᠮᠯᠠᠭᠰᠠᠨ ᠲᠣᠯᠢ》 ᠨᠣᠮ ᠨᠢ ᠵᠥᠪᠬᠡᠨ ᠬᠡᠪᠯᠡᠮᠡᠯ ᠪᠤᠰᠤ ᠥᠨᠥ ᠦᠶ᠎ᠡ ᠢᠢᠨ ᠪᠦᠬᠦ ᠴᠠᠬᠢᠮ ᠲᠥᠬᠥᠭᠡᠷᠦᠮᠵᠢ ᠳᠥ ᠰᠠᠭᠤᠯᠭᠠᠨ ᠠᠰᠢᠭᠯᠠᠬᠤ ᠪᠣᠯᠤᠮᠵᠢ ᠲᠠᠢ ᠲᠠᠯ᠎ᠠ ᠪᠠᠷ ᠲᠠᠨᠢᠯᠴᠠᠭᠤᠯᠵᠤ᠂ ᠬᠡᠷᠬᠢᠨ ᠠᠰᠢᠭᠯᠠᠬᠤ ᠲᠠᠯ᠎ᠠ ᠪᠠᠷ ᠳᠡᠯᠭᠡᠷᠡᠩᠭᠦᠢ ᠮᠡᠳᠡᠭᠡᠯᠡᠯ ᠥᠭ᠍ᠪᠡ᠃

 

ᠮᠥᠨ ᠬᠡᠯᠡᠨ ᠦ ᠪᠣᠳᠣᠯᠭ᠎ᠠ ᠢᠢᠨ ᠦᠨᠳᠦᠰᠦᠨ ᠦ ᠵᠥᠪᠯᠡᠯ ᠡᠴᠡ 《ᠮᠣᠩᠭ᠋ᠣᠯ ᠬᠡᠯᠡᠨ ᠦ ᠵᠥᠪ ᠪᠢᠴᠢᠬᠦ ᠳᠦᠷᠢᠮ ᠦᠨ ᠵᠢᠷᠤᠮᠯᠠᠭᠰᠠᠨ ᠲᠣᠯᠢ》 ᠨᠣᠮ ᠤᠨ ᠲᠠᠯ᠎ᠠ ᠪᠠᠷ ᠲᠠᠨᠢᠯᠴᠠᠭᠤᠯᠵᠤ᠂ 《ᠤᠭ ᠲᠣᠯᠢ ᠳᠤ 30 ᠮᠢᠩᠭ᠋᠎ᠠ ᠭᠠᠷᠤᠢ ᠲᠣᠯᠣᠭᠠᠢ ᠦᠭᠡ ᠣᠷᠣᠭᠰᠠᠨ ᠠᠴᠠ ᠭᠠᠳᠠᠨ᠎ᠠ ᠦᠭᠡ ᠢᠢᠨ ᠺᠣᠳ᠋᠂ ᠦᠭᠡ ᠢᠢᠨ ᠳᠠᠪᠲᠠᠮᠵᠢ᠂ ᠦᠭᠡᠰ ᠦᠨ ᠠᠢᠢᠮᠠᠭ ᠤᠨ ᠠᠩᠭᠢᠯᠠᠯ᠂ ᠲᠣᠪᠴᠢ ᠲᠠᠢᠢᠯᠪᠤᠷᠢ᠂ ᠠᠶᠠᠯᠭ᠎ᠠ ᠥᠭᠦᠯᠡᠪᠦᠷᠢ᠂ ᠳᠤᠲᠠᠮᠠᠭ ᠦᠢᠯᠡ ᠦᠭᠡ ᠵᠡᠷᠭᠡ ᠪᠡᠷ ᠠᠩᠭᠢᠯᠠᠵᠤ᠂ ᠦᠭᠡ ᠨᠢᠭᠡ ᠪᠦᠷᠢ ᠢᠢᠨ ᠠᠷᠤ ᠳᠤ ᠬᠠᠳᠤᠵᠤ ᠣᠷᠣᠭᠤᠯᠤᠭᠰᠠᠨ ᠨᠢ ᠮᠣᠩᠭ᠋ᠣᠯ ᠬᠡᠯᠡᠨ ᠦ ᠰᠤᠳᠤᠯᠭᠠᠨ ᠳᠤ ᠠᠬᠢᠴᠠ ᠭᠠᠷᠤᠭᠰᠠᠨ》 ᠬᠡᠮᠡᠨ ᠬᠡᠯᠡᠯ᠎ᠡ᠃ ᠮᠥᠨ ᠲᠣᠯᠢ ᠭᠠᠷᠤᠭᠰᠠᠨ ᠢᠶᠠᠷ ᠲᠥᠷᠥ ᠢᠢᠨ ᠬᠡᠯᠡᠨ ᠦ ᠵᠥᠪᠯᠡᠯ ᠦᠨ 2011 ᠣᠨ ᠤ 01 ᠳᠦᠭᠡᠷ ᠲᠣᠭᠲᠠᠭᠠᠯ ᠪᠤᠶᠤ ᠣᠯᠠᠨ ᠤ ᠬᠡᠯᠡᠳᠡᠭ ᠢᠶᠡᠷ ᠵᠢᠷᠤᠮᠯᠠᠭᠰᠠᠨ 700 ᠦᠭᠡ ᠬᠦᠴᠦᠨ ᠦᠭᠡᠢ ᠳᠥ ᠲᠣᠭᠠᠴᠠᠭᠳᠠᠵᠤ᠂ ᠡᠨᠡᠬᠦ ᠨᠣᠮ ᠳᠤ ᠪᠢᠴᠢᠭᠳᠡᠭᠰᠡᠨ ᠢᠶᠡᠷ ᠴᠢᠨᠠᠭᠰᠢᠳᠠ ᠬᠡᠷᠡᠭᠯᠡᠭᠳᠡᠬᠦ ᠪᠡᠷ ᠪᠣᠯᠵᠤ ᠪᠠᠢᠢᠭ᠎ᠠ ᠶᠤᠮ᠃

 

《ᠮᠣᠩᠭ᠋ᠣᠯ ᠬᠡᠯᠡᠨ ᠦ ᠵᠥᠪ ᠪᠢᠴᠢᠬᠦ ᠳᠦᠷᠢᠮ ᠦᠨ ᠵᠢᠷᠤᠮᠯᠠᠭᠰᠠᠨ ᠲᠣᠯᠢ》 ᠨᠣᠮ ᠤᠨ ᠨᠡᠭᠡᠭᠡᠯᠲᠡ ᠢᠢᠨ ᠶᠣᠰᠣᠯᠠᠯ ᠤᠨ ᠲᠡᠭᠦᠰᠬᠡᠯ ᠳᠥ ᠮᠣᠩᠭ᠋ᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ᠂ ᠮᠣᠩᠭ᠋ᠣᠯ ᠤᠯᠤᠰ ᠤᠨ ᠶᠡᠷᠦᠩᠬᠡᠢᠢᠯᠡᠭᠴᠢ ᠢᠢᠨ ᠲᠠᠮᠠᠭ᠎ᠠ ᠢᠢᠨ ᠭᠠᠵᠠᠷ ᠤᠨ ᠳᠠᠷᠤᠭ᠎ᠠ ᠵᠠ‍ ∙ ᠡᠩᠬᠡᠪᠣᠯᠤᠳ ᠨᠠᠷ ᠤᠯᠠᠭᠠᠨᠪᠠᠭᠠᠲᠤᠷ ᠬᠣᠲᠠ ᠢᠢᠨ ᠨᠣᠮ ᠤᠨ ᠰᠠᠩ ᠤᠨ ᠲᠥᠯᠥᠭᠡᠯᠡᠯ ᠦᠳ᠂ ᠶᠡᠬᠡ᠂ ᠳᠡᠭᠡᠳᠦ᠂ ᠳᠤᠮᠳᠠ ᠰᠤᠷᠭᠠᠭᠤᠯᠢ ᠢᠢᠨ ᠪᠠᠭᠰᠢ ᠨᠠᠷ᠂ ᠵᠠᠷᠢᠮ ᠶᠠᠮᠤᠳ ᠤᠨ ᠠᠵᠢᠯᠲᠠᠨ ᠨᠤᠭᠤᠳ᠂ ᠮᠣᠩᠭ᠋ᠣᠯᠴᠢ ᠡᠷᠳᠡᠮᠲᠡᠨ᠂ ᠠᠺᠠᠳᠧᠮᠢᠴᠢ ᠴ ∙ ᠳᠠᠮᠳᠢᠨᠰᠦ᠋ᠷᠦᠩ ᠦᠨ ᠥᠬᠢᠨ ᠠ᠊ ∙ ᠲ ∙ ᠴᠧᠩᠳᠢᠨ᠎ᠠ ᠵᠡᠷᠭᠡ ᠵᠣᠴᠢᠳ ᠲᠤ ᠨᠣᠮ ᠤᠨ ᠳᠡᠭᠡᠵᠢ ᠡᠴᠡ ᠡᠷᠭᠦᠨ ᠪᠠᠷᠢᠪᠠ᠃

 

《ᠮᠣᠩᠭ᠋ᠣᠯ ᠬᠡᠯᠡᠨ ᠦ ᠵᠥᠪ ᠪᠢᠴᠢᠬᠦ ᠳᠦᠷᠢᠮ ᠦᠨ ᠵᠢᠷᠤᠮᠯᠠᠭᠰᠠᠨ ᠲᠣᠯᠢ》 ᠨᠣᠮ ᠢ

 

PDF ᠬᠡᠯᠪᠡᠷᠢ ᠪᠡᠷ ᠲᠠᠲᠠᠵᠤ ᠤᠩᠰᠢᠬᠤ ᠪᠣᠯ ᠡᠨᠳᠡ

ᠣᠨ᠋ᠯᠠᠢᠢᠨ ᠬᠡᠯᠪᠡᠷᠢ ᠪᠡᠷ ᠲᠠᠲᠠᠵᠤ ᠠᠪᠬᠤ ᠪᠣᠯ ᠡᠨᠳᠡ

ᠦᠭᠡ ᠪᠦᠷᠢ ᠢᠢ ᠣᠨ᠋ᠯᠠᠢᠢᠨ ᠬᠠᠢᠢᠵᠤ ᠬᠡᠷᠡᠭᠯᠡᠬᠦ ᠪᠣᠯ ᠡᠨᠳᠡ

Android ᠦᠢᠯᠡᠳᠦᠯ ᠦᠨ ᠰᠢᠰᠲ᠋ᠧᠮ ᠲᠡᠢ ᠤᠲᠠᠰᠤᠨ ᠳᠤ ᠪᠠᠨ ᠲᠠᠲᠠᠵᠤ ᠰᠠᠭᠤᠯᠭᠠᠬᠤ ᠢᠢ ᠬᠦᠰᠡᠪᠡᠯ ᠡᠨᠳᠡ

《Kindle》 ᠲᠥᠬᠥᠭᠡᠷᠦᠮᠵᠢᠨ ᠳᠥ ᠪᠡᠨ ᠰᠠᠭᠤᠯᠭᠠᠬᠤ ᠢᠢ ᠬᠦᠰᠡᠪᠡᠯ ᠡᠨᠳᠡ ᠳᠠᠷᠤᠵᠤ ᠲᠤᠰ ᠲᠤᠰ ᠬᠡᠷᠡᠭᠯᠡᠨ᠎ᠡ ᠦᠦ᠃

ᠮᠥᠨ 《IOS》 ᠦᠢᠯᠡᠳᠦᠯ ᠦᠨ ᠰᠢᠰᠲ᠋ᠧᠮ ᠲᠡᠢ ᠤᠲᠠᠰᠤᠨ ᠳᠤ ᠰᠠᠭᠤᠯᠭᠠᠬᠤ ᠪᠣᠯᠤᠮᠵᠢ ᠲᠠᠢ ᠪᠣᠯᠭᠠᠬᠤ ᠪᠠᠷ ᠬᠦᠰᠡᠯᠲᠡ ᠶᠠᠪᠤᠭᠤᠯᠤᠭᠰᠠᠨ ᠲᠤᠯᠠ ᠣᠢᠢᠷ᠎ᠠ ᠢᠢᠨ ᠬᠤᠭᠤᠴᠠᠭᠠᠨ ᠳᠤ 《AppStore》 ᠼᠧᠰᠧ ᠡᠴᠡ ᠲᠠᠲᠠᠵᠤ ᠠᠪᠤᠨ᠎ᠠ ᠤᠤ᠃