Та "Internet explorer"-ийн сүүлийн хувилбар болох "Microsoft edge"-г ашиглана уу

Хэрэв "Microsoft edge"-г татах бол энд дарж татаж авна уу

ᠲᠥᠷᠥ ᠶᠢᠨ ᠳᠡᠭᠡᠳᠦ ᠴᠣᠯᠠ᠂ ᠣᠳᠣᠨ᠂ ᠮᠧᠳᠠᠯ ᠢᠶᠠᠷ ᠱᠠᠩᠨᠠᠪᠠ

ᠲᠤᠯᠭᠤᠷ ᠲᠥᠷᠥ ᠢᠢᠨ 2227 ᠵᠢᠯ᠂ ᠶᠡᠬᠡ ᠮᠣᠩᠭ᠋ᠣᠯ ᠤᠯᠤᠰ ᠪᠠᠢᠢᠭᠤᠯᠤᠭᠳᠠᠰᠤᠨ ᠤ 812 ᠵᠢᠯ᠂ ᠦᠨᠳᠦᠰᠦᠨ ᠦ ᠡᠷᠬᠡ ᠴᠢᠯᠦᠭᠡ᠂ ᠲᠤᠰᠠᠭᠠᠷ ᠲᠣᠭᠲᠠᠨᠢᠯ ᠢᠶᠠᠨ ᠰᠡᠷᠭᠦᠭᠡᠨ ᠮᠠᠨᠳᠤᠭᠤᠯᠤᠭᠰᠠᠨ ᠤ 107 ᠵᠢᠯ᠂ ᠠᠷᠠᠳ ᠤᠨ ᠬᠤᠪᠢᠰᠬᠠᠯ ᠤᠨ 97 ᠵᠢᠯ᠂ ᠠᠷᠠᠳᠴᠢᠯᠠᠭᠰᠠᠨ ᠬᠤᠪᠢᠰᠬᠠᠯ ᠤᠨ 29 ᠵᠢᠯ᠂ ᠦᠨᠳᠦᠰᠦᠨ ᠦ ᠶᠡᠬᠡ ᠪᠠᠶᠠᠷ ᠨᠠᠭᠠᠳᠤᠮ ᠢ ᠲᠣᠬᠢᠶᠠᠯᠳᠤᠭᠤᠯᠤᠨ ᠮᠣᠩᠭ᠋ᠣᠯ ᠤᠯᠤᠰ ᠤᠨ ᠶᠡᠷᠦᠩᠬᠡᠢᠢᠯᠡᠭᠴᠢ ᠬ.ᠪᠠᠲᠤᠲᠤᠯᠭ᠎ᠠ ᠵᠠᠷᠯᠢᠭ ᠭᠠᠷᠭᠠᠵᠤ ᠮᠣᠩᠭ᠋ᠣᠯ ᠤᠯᠤᠰ ᠤᠨ ᠪᠠᠭᠠᠲᠤᠷ ᠴᠣᠯᠠ᠂ ᠠᠷᠠᠳ ᠤᠨ ᠪᠣᠯᠤᠨ ᠭᠠᠪᠢᠶᠠᠲᠤ ᠴᠣᠯᠠ᠂ ᠲᠥᠷᠥ ᠢᠢᠨ ᠣᠳᠣᠨ ᠮᠧᠳᠠᠯ ᠬᠦᠷᠲᠡᠭᠡᠯ ᠠ᠃

ᠲᠥᠷᠥ ᠢᠢᠨ ᠳᠡᠭᠡᠳᠦ ᠴᠣᠯᠠ᠂ ᠣᠳᠣᠨ᠂ ᠮᠧᠳᠠᠯ ᠭᠠᠷᠳᠠᠭᠤᠯᠬᠤ ᠶᠣᠰᠣᠯᠠᠯ ᠥᠨᠥᠳᠥᠷ ᠲᠥᠷᠥ ᠢᠢᠨ ᠣᠷᠳᠣᠨ ᠤ ᠶᠢᠰᠦᠨ ᠬᠥᠯᠲᠦ᠂ ᠴᠠᠭᠠᠨ ᠲᠤᠭ ᠲᠤ ᠲᠠᠩᠬᠢᠮ ᠳᠤ ᠪᠣᠯᠵᠤ᠂ ᠱᠠᠩᠨᠠᠯ ᠢ ᠮᠣᠩᠭ᠋ᠣᠯ ᠤᠯᠤᠰ ᠤᠨ ᠶᠡᠷᠦᠩᠬᠡᠢᠢᠯᠡᠭᠴᠢ ᠬ.ᠪᠠᠲᠤᠲᠤᠯᠭ᠎ᠠ ᠭᠠᠷᠳᠠᠭᠤᠯᠤᠨ ᠥᠭ᠍ᠪᠡ᠃

 

 

ᠮᠣᠩᠭ᠋ᠣᠯ ᠤᠯᠤᠰ ᠤᠨ ᠬᠥᠳᠡᠯᠮᠦᠷᠢ ᠢᠢᠨ ᠪᠠᠭᠠᠲᠤᠷ ᠴᠣᠯᠠ

ᠮᠣᠩᠭ᠋ᠣᠯ ᠤᠯᠤᠰ ᠤᠨ ᠡᠳ᠋ ᠍ ᠦᠨ ᠵᠠᠰᠠᠭ ᠪᠣᠯᠤᠨ ᠠᠭᠤᠯᠠ ᠠᠭᠤᠷᠬᠠᠢ ᠢᠢᠨ ᠰᠠᠯᠪᠤᠷᠢ ᠳᠤ ᠥᠨᠳᠥᠷ ᠬᠤᠪᠢ ᠨᠡᠮᠡᠷᠢ ᠣᠷᠣᠭᠤᠯᠤᠭᠰᠠᠨ ᠠᠭᠤᠯᠠ ᠢᠢᠨ ᠪᠠᠶᠠᠵᠢᠭᠤᠯᠬᠤ 《ᠡᠷᠳᠡᠨᠢᠲᠦ》 ᠦᠢᠯᠡᠳᠪᠦᠷᠢ ᠢᠢᠨ ᠮᠢᠩᠭ᠋᠎ᠠ ᠮᠢᠩᠭ᠋ᠠᠨ ᠠᠵᠢᠯᠲᠠᠨ ᠨᠤᠭᠤᠳ ᠤᠨ ᠲᠥᠯᠥᠭᠡᠯᠡᠯ ᠪᠣᠯᠭᠠᠵᠤ᠂ ᠡᠷᠬᠢᠯᠡᠭᠰᠡᠨ ᠠᠵᠢᠯ ᠳᠤ ᠪᠠᠨ ᠣᠯᠠᠨ ᠵᠢᠯ ᠦᠷ᠎ᠡ ᠪᠦᠲᠦᠭᠡᠯ᠂ ᠢᠳᠡᠪᠬᠢ ᠵᠢᠳᠬᠦᠯ ᠲᠡᠢ ᠠᠵᠢᠯᠯᠠᠵᠤ ᠢᠷᠡᠭᠰᠡᠨ 《ᠡᠷᠳᠡᠨᠢᠲᠦ》 ᠦᠢᠯᠡᠳᠪᠦᠷᠢ ᠢᠢᠨ ᠥᠷᠥᠮ᠎ ᠦᠨ ᠮᠠᠱᠢᠨᠴᠢ ᠪᠠᠲᠤᠬᠦᠦ ᠢᠢᠨ ᠪᠠᠲᠤᠪᠠᠶᠠᠷ ᠲᠤ ᠮᠣᠩᠭ᠋ᠣᠯ ᠤᠯᠤᠰ ᠤᠨ ᠬᠥᠳᠡᠯᠮᠦᠷᠢ ᠢᠢᠨ ᠪᠠᠭᠠᠲᠤᠷ ᠴᠣᠯᠠ ᠬᠦᠷᠲᠡᠭᠡᠵᠦ᠂ ᠬᠥᠳᠡᠯᠮᠦᠷᠢ ᠢᠢᠨ ᠪᠠᠭᠠᠲᠤᠷ ᠤᠨ ᠠᠯᠲᠠᠨ ᠰᠣᠶᠣᠮᠪᠣ ᠲᠡᠮᠳᠡᠭ᠂ ᠰᠦᠬᠡᠪᠠᠭᠠᠲᠤᠷ ᠤᠨ ᠣᠳᠣᠨ ᠢ ᠨᠢ ᠮᠣᠩᠭ᠋ᠣᠯ ᠤᠯᠤᠰ ᠤᠨ ᠶᠡᠷᠦᠩᠬᠡᠢᠢᠯᠡᠭᠴᠢ ᠬ.ᠪᠠᠲᠤᠲᠤᠯᠭ᠎ᠠ ᠵᠡᠭᠦᠵᠦ ᠥᠭ᠍ᠪᠡ᠃

ᠮᠣᠩᠭ᠋ᠣᠯ ᠤᠯᠤᠰ ᠤᠨ ᠠᠷᠠᠳ ᠤᠨ ᠵᠦᠵᠦᠭᠡᠴᠢᠨ᠂ ᠠᠷᠠᠳ ᠤᠨ ᠪᠠᠭᠰᠢ ᠴᠣᠯᠠ

ᠮᠣᠩᠭ᠋ᠣᠯ ᠤᠯᠤᠰ ᠤᠨ ᠺᠣᠨ᠋ᠰᠧᠷᠸᠠᠲ᠋ᠣᠷ ᠤᠨ ᠦᠨᠳᠦᠰᠦ ᠰᠠᠭᠤᠷᠢ ᠢᠢ ᠪᠡᠯᠡᠳᠬᠡᠬᠦ᠂ ᠶᠡᠷᠦᠩᠬᠡᠢ ᠪᠣᠯᠪᠠᠰᠤᠷᠠᠯ ᠤᠨ ᠪᠣᠯᠤᠨ ᠮᠡᠷᠭᠡᠵᠢᠯ ᠦᠨ ᠤᠷᠠᠯᠢᠭ ᠤᠨ ᠰᠤᠷᠭᠠᠯᠲᠠ ᠢᠢᠨ ᠪᠣᠳᠣᠯᠭ᠎ᠠ ᠢᠢᠨ ᠵᠥᠪ ᠲᠥᠯᠥᠪᠯᠡᠯᠲᠡ᠂ ᠣᠨᠣᠪᠴᠢᠲᠠᠢ ᠰᠢᠢᠳᠦᠯ ᠦᠳ ᠢ ᠰᠠᠨᠠᠭᠠᠴᠢᠯᠠᠨ ᠬᠡᠷᠡᠭᠵᠢᠭᠦᠯᠬᠦ ᠳᠥ ᠣᠷᠣᠭᠤᠯᠤᠭᠰᠠᠨ ᠥᠨᠡᠲᠡᠢ ᠬᠤᠪᠢ ᠨᠡᠮᠡᠷᠢ ᠢᠢ ᠨᠢ ᠥᠨᠳᠥᠷ ᠢᠶᠡᠷ ᠦᠨᠡᠯᠡᠵᠦ ᠮᠣᠩᠭ᠋ᠣᠯ ᠤᠯᠤᠰ ᠤᠨ ᠺᠣᠨ᠋ᠰᠧᠷᠸᠠᠲ᠋ᠣᠷ ᠤᠨ ᠠᠬᠠᠮᠠᠳ ᠪᠠᠭᠰᠢ ᠮᠢᠰᠢᠭ ᠢᠢᠨ ᠴᠡᠷᠢᠩᠳᠣᠷᠵᠢ᠂

ᠮᠣᠩᠭ᠋ᠣᠯ ᠤᠯᠤᠰ ᠤᠨ ᠪᠣᠺᠰ ᠤᠨ ᠰᠫᠣᠷᠲ ᠤᠨ ᠬᠥᠭ᠍ᠵᠢᠯ ᠢ ᠣᠯᠠᠨ ᠤᠯᠤᠰ ᠤᠨ ᠲᠦᠪᠰᠢᠨ ᠳᠥ ᠬᠦᠷᠭᠡᠵᠦ᠂ ᠲᠢᠪ ᠳᠡᠯᠡᠬᠡᠢ ᠳᠥ ᠡᠬᠡ ᠣᠷᠣᠨ ᠤ ᠪᠠᠨ ᠨᠡᠷ᠎ᠡ ᠢᠢ ᠳᠠᠭᠤᠷᠢᠰᠬᠠᠭᠰᠠᠨ ᠣᠯᠠᠨ ᠠᠷᠪᠠᠨ ᠲᠠᠮᠢᠷᠴᠢᠳ ᠲᠥᠷᠥᠨ ᠭᠠᠷᠬᠤ ᠬᠥᠷᠥᠰᠥ ᠰᠠᠭᠤᠷᠢ ᠢᠢ ᠪᠡᠬᠢᠵᠢᠭᠦᠯᠬᠦ ᠦᠢᠯᠡᠰ ᠲᠥ ᠣᠷᠣᠭᠤᠯᠤᠭᠰᠠᠨ ᠬᠤᠪᠢ ᠨᠡᠮᠡᠷᠢ ᠢᠢ ᠨᠢ ᠦᠨᠡᠯᠡᠵᠦ ᠮᠣᠩᠭ᠋ᠣᠯ ᠤᠨ ᠪᠣᠺᠰ ᠤᠨ ᠬᠣᠯᠪᠣᠭᠠᠨ ᠤ ᠵᠥᠪᠯᠡᠬᠦ ᠳᠠᠰᠬᠠᠯᠵᠢᠭᠤᠯᠤᠭᠴᠢ ᠬᠠᠢᠢᠳᠤᠪ ᠤᠨ ᠠᠯᠲᠠᠨᠬᠤᠶᠠᠭ ᠨᠠᠷᠠᠲᠤ ᠮᠣᠩᠭ᠋ᠣᠯ ᠤᠯᠤᠰ ᠤᠨ ᠠᠷᠠᠳ ᠤᠨ ᠪᠠᠭᠰᠢ ᠴᠣᠯᠠ ᠬᠦᠷᠲᠡᠭᠡᠯ᠎ᠠ᠃

ᠮᠥᠨ ᠲᠠᠢᠢᠵᠠ᠂ ᠳᠡᠯᠭᠡᠴᠡ ᠢᠢᠨ ᠤᠷᠠᠯᠢᠭ ᠲᠤ ᠰᠡᠳᠬᠢᠯ ᠳᠥ ᠬᠣᠨᠣᠭᠰᠢᠭᠰᠠᠨ ᠣᠯᠠᠨ ᠳᠦᠷᠢ ᠪᠦᠲᠦᠭᠡᠵᠦ᠂ ᠪᠠᠷᠢᠮᠲᠠᠲᠤ ᠪᠣᠯᠤᠨ ᠣᠷᠴᠢᠭᠤᠯᠭ᠎ᠠ ᠢᠢᠨ ᠰᠢᠯᠢᠳᠡᠭ ᠤᠷᠠᠨ ᠪᠦᠲᠦᠭᠡᠯ ᠦᠳ ᠲᠥ ᠳᠠᠭᠤ ᠬᠣᠭᠣᠯᠠᠢ ᠪᠠᠨ ᠮᠥᠩᠬᠡᠯᠡᠵᠦ᠂ ᠮᠣᠩᠭ᠋ᠣᠯ ᠤᠨ ᠲᠠᠢᠢᠵᠠ᠂ ᠳᠡᠯᠭᠡᠴᠡ᠂ ᠲᠧᠯᠧᠸᠢᠽ ᠷᠠᠳᠢᠣ᠋ ᠍ ᠢᠢᠨ ᠬᠥᠭ᠍ᠵᠢᠯ ᠳᠥ ᠣᠷᠣᠭᠤᠯᠤᠭᠰᠠᠨ ᠥᠨᠳᠥᠷ ᠬᠤᠪᠢ ᠨᠡᠮᠡᠷᠢ ᠢᠢ ᠦᠨᠡᠯᠡᠵᠦ ᠮᠣᠩᠭ᠋ᠣᠯ ᠤᠨ ᠷᠠᠳᠢᠣ᠋ ᠍ ᠢᠢᠨ ᠨᠡᠪᠲᠡᠷᠡᠭᠦᠯᠦᠭᠴᠢ ᠭᠣᠮᠪᠣ ᠢᠢᠨ ᠷᠠᠪᠳᠠᠨ ᠳᠤ ᠮᠣᠩᠭ᠋ᠣᠯ ᠤᠯᠤᠰ ᠤᠨ ᠠᠷᠠᠳ ᠤᠨ ᠵᠦᠵᠦᠭᠡᠴᠢᠨ ᠴᠣᠯᠠ ᠬᠦᠷᠲᠡᠭᠡᠪᠡ᠃

ᠮᠣᠩᠭ᠋ᠣᠯ ᠤᠯᠤᠰ ᠤᠨ ᠭᠠᠪᠢᠶᠠᠲᠤ ᠴᠣᠯᠠ

ᠮᠥᠨ ᠪᠣᠯᠪᠠᠰᠤᠷᠠᠯ᠂ ᠰᠤᠶᠤᠯ ᠤᠷᠠᠯᠢᠭ᠂ ᠰᠫᠣᠷᠲ᠂ ᠡᠷᠡᠭᠦᠯ ᠮᠡᠨᠳᠦ᠂ ᠰᠢᠨᠵᠢᠯᠡᠬᠦ ᠤᠬᠠᠭᠠᠨ᠂ ᠡᠷᠴᠢᠮ ᠬᠦᠴᠦ᠂ ᠮᠠᠯ ᠠᠵᠤ ᠠᠬᠤᠢ᠂ ᠳᠡᠳ᠋ ᠪᠦᠲᠦᠴᠡ᠂ ᠪᠠᠢᠢᠭᠠᠯᠢ ᠣᠷᠴᠢᠨ᠂ ᠠᠵᠤ ᠦᠢᠯᠡᠳᠪᠦᠷᠢ ᠢᠢᠨ ᠰᠠᠯᠪᠠᠷ ᠤᠳ ᠲᠤ ᠣᠯᠠᠨ ᠵᠢᠯ ᠦᠷ᠎ᠡ ᠪᠦᠲᠦᠭᠡᠯ ᠲᠡᠢ ᠠᠵᠢᠯᠯᠠᠭᠰᠠᠨ ᠳᠠᠷᠠᠭᠠᠬᠢ ᠨᠡᠷ᠎ᠡ ᠪᠦᠬᠦᠢ ᠬᠦᠮᠦᠰ ᠲᠥ ᠮᠣᠩᠭ᠋ᠣᠯ ᠤᠯᠤᠰ ᠤᠨ ᠭᠠᠪᠢᠶᠠᠲᠤ ᠴᠣᠯᠠ ᠬᠦᠷᠲᠡᠭᠡᠪᠡ᠃

ᠠᠵᠤ ᠦᠢᠯᠡᠳᠪᠦᠷᠢ ᠢᠢᠨ ᠭᠠᠪᠢᠶᠠᠲᠤ ᠠᠵᠢᠯᠲᠠᠨ ᠴᠣᠯᠠ ᠪᠠᠷ 《ᠮᠣᠩᠭ᠋ᠣᠯᠴᠧᡁᠮᠧᠲ᠋ᠠᠯ》 ᠺᠣᠮᠫᠠᠨᠢ ᠢᠢᠨ ᠭᠦᠢᠴᠡᠳᠭᠡᠬᠦ ᠵᠠᠬᠢᠷᠤᠯ ᠪᠢᠴᠢᠭᠡᠷ ᠦᠨ ᠳᠠᠯᠠᠢ ᠢᠢ᠂

ᠤᠯᠠᠭᠠᠨᠪᠠᠭᠠᠲᠤᠷ ᠳᠤᠯᠠᠭᠠᠨ ᠤ ᠰᠦᠯᠵᠢᠶ᠎ᠡ ᠲᠥᠷᠦ ᠢᠢᠨ ᠥᠮᠴᠢᠲᠦ ᠺᠣᠮᠫᠠᠨᠢ ᠢᠢᠨ ᠠᠬᠠᠮᠠᠳ ᠤᠨ ᠵᠥᠪᠯᠡᠯ ᠦᠨ ᠭᠡᠰᠢᠭᠦᠨ ᠳᠠᠰᠢᠳᠠᠸᠠ ᠢᠢᠨ ᠳᠠᠷᠵᠢᠶ᠎ᠠ ᠢᠢ᠂

《ᠡᠷᠳᠡᠨᠢᠲᠦ》 ᠦᠢᠯᠡᠳᠪᠦᠷᠢ  ᠦᠨ ᠲᠣᠨᠣᠭ ᠲᠥᠬᠥᠭᠡᠷᠦᠮᠵᠢ ᠢᠢᠨ ᠵᠠᠰᠠᠪᠤᠷᠢᠴᠢᠨ ᠡᠷᠳᠡᠨᠢᠸᠴᠢᠷ ᠤᠨ ᠳᠣᠷᠵᠢᠪᠣᠯᠣᠳ ᠢ᠂

《ᠡᠷᠳᠡᠨᠢᠲᠦ》 ᠦᠢᠯᠡᠳᠪᠦᠷᠢ ᠢᠢᠨ ᠵᠥᠪᠯᠡᠬᠦ ᠢᠨᠵᠧᠨᠧᠷ ᠭᠦᠨᠳᠦᠰᠠᠮᠪᠤᠤ ᠢᠢᠨ ᠰᠠᠨᠳᠤᠢᠢᠵᠠᠪ ᠢ᠂

ᠡᠷᠳᠡᠨᠢᠲᠦ ᠦᠢᠯᠡᠳᠪᠦᠷᠢ ᠦᠨ ᠠᠦ᠋ᠲ᠋ᠣ᠋ ᠲᠡᠭᠡᠭᠡᠪᠦᠷᠢ ᠢᠢᠨ ᠬᠡᠰᠡᠭ ᠦᠨ ᠳᠠᠷᠤᠭ᠎ᠠ ᠳᠣᠶᠠᠳ ᠤᠨ ᠴᠢᠳᠠᠷᠭᠠᠪᠠᠯ ᠢ᠂

《ᠬᠥᠲᠥᠯ ᠦᠨ ᠼᠧᠮᠧᠨ᠋ᠲ ᠴᠣᠬᠣᠢ》 ᠬᠤᠪᠢᠴᠠᠭᠠᠲᠤ ᠺᠣᠮᠫᠠᠨᠢ ᠢᠢᠨ ᠵᠠᠬᠢᠷᠤᠯ ᠠᠰᠠᠷᠪᠠᠨᠢ ᠢᠢᠨ ᠱᠣᠭᠣᠳᠪᠤᠷᠢ ᠢ ᠲᠤᠰ ᠲᠤᠰ ᠱᠠᠩᠨᠠᠯ᠎ᠠ᠃

ᠭᠠᠪᠢᠶᠠᠲᠤ ᠵᠦᠵᠦᠭᠡᠴᠢᠨ ᠴᠣᠯᠠ ᠪᠠᠷ ᠤᠯᠤᠰ ᠤᠨ ᠳᠠᠭᠤᠷᠢ ᠪᠦᠵᠢᠭ᠌ ᠦᠨ ᠡᠷᠳᠡᠮ ᠦᠨ ᠲᠢᠶᠠᠲ᠋ᠷ ᠤᠨ ᠪᠠᠯᠧᠲ ᠤᠨ ᠭᠣᠴᠣᠯᠠᠯ ᠪᠦᠵᠢᠭ᠍ᠴᠢᠨ ᠣᠳᠬᠠᠨᠲᠡᠭᠦᠰ ᠦᠨ ᠠᠨᠤᠵᠢᠨ ᠢ᠂

ᠴᠢᠯᠦᠭᠡᠲᠦ ᠤᠷᠠᠨ ᠪᠦᠲᠦᠭᠡᠯᠴᠢ ᠰᠠᠮᠪᠤᠤ ᠢᠢᠨ ᠪᠠᠯᠳᠠᠨᠫᠦᠷᠪᠦ ᠪᠣᠯᠤᠨ ᠲᠠᠩᠭ᠋ᠤᠳ ᠤᠨ ᠪᠣᠷᠣᠬᠦᠦ ᠢᠢ᠂

ᠪᠤᠯᠠᠭᠠᠨ ᠠᠢᠢᠮᠠᠭ ᠤᠨ ᠬᠥᠭ᠍ᠵᠢᠮᠲᠦ ᠵᠦᠵᠦᠭᠡ ᠢᠢᠨ ᠲᠢᠶᠠᠲ᠋ᠷ ᠤᠨ ᠳᠠᠭᠤᠴᠢᠨ᠂ ᠨᠠᠢᠢᠷᠠᠯ ᠳᠠᠭᠤᠨ ᠤ ᠪᠠᠭᠰᠢ ᠲᠡᠮᠦᠷᠪᠠᠲᠤ ᠢᠢᠨ ᠣᠶᠤᠨᠴᠡᠴᠡᠭ ᠢ᠂

《ᠮᠠᠰᠺ》 ᠫᠷᠣᠳᠠᠺᠱᠢᠨ ᠤ ᠵᠦᠵᠦᠭᠡᠴᠢᠨ ᠫᠤᠨᠴᠠᠭ ᠤᠨ ᠡᠷᠳᠡᠨᠢᠵᠠᠭᠠᠨ ᠢ ᠲᠤᠰ ᠲᠤᠰ ᠮᠣᠩᠭ᠋ᠣᠯ ᠤᠯᠤᠰ ᠤᠨ ᠭᠠᠪᠢᠶᠠᠲᠤ ᠵᠦᠵᠦᠭᠡᠴᠢᠨ ᠴᠣᠯᠠ ᠪᠠᠷ ᠱᠠᠩᠨᠠᠪᠠ᠃

ᠭᠠᠪᠢᠶᠠᠲᠤ ᠮᠠᠯ ᠵᠦᠢᠴᠢ ᠴᠣᠯᠠ ᠪᠠᠷ ᠬᠣᠪᠳᠣ ᠠᠢᠢᠮᠠᠭ ᠤᠨ ᠬᠣᠪᠳᠣ ᠰᠤᠮᠤ ᠢᠢᠨ ᠠᠬᠠᠮᠠᠳ ᠤᠨ ᠬᠣᠯᠪᠣᠭᠠᠨ ᠤ ᠲᠡᠷᠢᠭᠦᠨ᠂ ᠮᠠᠯ ᠤᠨ ᠡᠮᠴᠢ ᠷᠠᠢᠢᠬᠠᠨ ᠤ ᠬᠠᠰᠢᠮᠬᠠᠨ ᠢ ᠱᠠᠩᠨᠠᠯ᠎ᠠ᠃

ᠭᠠᠪᠢᠶᠠᠲᠤ ᠳᠠᠰᠬᠠᠯᠵᠢᠭᠤᠯᠤᠭᠴᠢ ᠴᠣᠯᠠ ᠪᠠᠷ ᠪᠠᠲᠤᠯᠠᠨ ᠬᠠᠮᠠᠭᠠᠯᠠᠬᠤ ᠳᠤ ᠲᠤᠰᠠᠯᠠᠬᠤ ᠨᠡᠢᠢᠭᠡᠮᠯᠢᠭ᠌ ᠦᠨ ᠵᠠᠬᠢᠷᠤᠯ ᠪᠢᠮᠪᠠᠵᠠᠪ ᠤᠨ ᠠᠯᠲᠠᠨᠴᠡᠴᠡᠭ ᠢ᠂

ᠨᠡᠢᠢᠰᠯᠡᠯ ᠦᠨ ᠰᠦᠬᠡᠪᠠᠭᠠᠲᠤᠷ ᠳᠡᠭᠦᠷᠭᠡ ᠢᠢᠨ ᠪᠡᠶ᠎ᠡ ᠢᠢᠨ ᠲᠠᠮᠢᠷ᠂ ᠰᠫᠣᠷᠲ ᠤᠨ ᠵᠥᠪᠯᠡᠯ ᠦᠨ ᠭᠡᠰᠢᠭᠦᠨ ᠪᠠᠰᠠᠩ ᠤᠨ ᠳᠣᠷᠵᠢᠫᠠᠯᠠᠮ ᠨᠠᠷ ᠢ ᠲᠤᠰ ᠲᠤᠰ ᠱᠠᠩᠨᠠᠪᠠ᠃

ᠭᠠᠪᠢᠶᠠᠲᠤ ᠪᠠᠭᠰᠢ ᠴᠣᠯᠠ ᠪᠠᠷ ᠠᠬᠠᠮᠠᠳ ᠪᠠᠭᠰᠢ ᠴᠡᠷᠢᠩ ᠦᠨ ᠠᠳ᠋ᠢᠶᠠᠰᠦ᠋ᠷᠦᠩ ᠢ ᠪᠣᠯᠤᠨ ᠵᠤᠨᠳᠤᠢ ᠢᠢᠨ ᠪᠢᠮᠪᠠ ᠠ᠋ ᠨᠠᠷ ᠢ᠂

ᠨᠡᠢᠢᠰᠯᠡᠯ ᠦᠨ ᠬᠠᠨ - ᠠᠭᠤᠯᠠ ᠳᠡᠭᠦᠷᠭᠡ ᠢᠢᠨ 34 ᠍ ᠳᠦᠭᠡᠷ ᠰᠤᠷᠭᠠᠭᠤᠯᠢ ᠢᠢᠨ ᠠᠬᠠᠮᠠᠳ ᠪᠠᠭᠰᠢ ᠳᠣᠨᠳᠣᠪ ᠤᠨ ᠠᠯᠲᠠᠨᠴᠡᠴᠡᠭ ᠢ᠂

ᠣᠷᠬᠣᠨ ᠶᠡᠬᠡ ᠰᠤᠷᠭᠠᠭᠤᠯᠢ ᠢᠢᠨ ᠰᠤᠷᠭᠠᠯᠲᠠ ᠡᠷᠳᠡᠮ ᠰᠢᠨᠵᠢᠯᠡᠭᠡ ᠡᠷᠬᠢᠯᠡᠭᠰᠡᠨ ᠫᠷᠣᠷᠧᠺᠲ᠋ᠣᠷ ᠨᠠᠢᠢᠳᠠᠨ ᠤ ᠪᠠᠭᠠᠲᠤᠷᠵᠠᠪ ᠢ᠂

ᠬᠡᠯᠡ ᠪᠢᠴᠢᠭ᠌ ᠦᠨ ᠰᠢᠨᠵᠢᠯᠡᠬᠦ ᠤᠬᠠᠭᠠᠨ ᠤ ᠳ᠋ᠣᠺᠲ᠋ᠣᠷ᠂ ᠫᠷᠣᠹᠧᠰᠰᠣᠷ ᠭᠣᠨᠴᠣᠭ ᠤᠨ ᠭᠠᠩᠲᠣᠭᠲᠠᠬᠤ ᠢᠢ᠂

ᠪᠣᠯᠪᠠᠰᠤᠷᠠᠯ ᠤᠨ ᠬᠦᠷᠢᠶᠡᠯᠡᠩ ᠦᠨ ᠡᠷᠳᠡᠮ ᠰᠢᠨᠵᠢᠯᠡᠭᠡᠨ ᠦ ᠲᠡᠷᠢᠭᠦᠯᠡᠬᠦ ᠵᠡᠷᠭᠡ ᠢᠢᠨ ᠠᠵᠢᠯᠲᠠᠨ ᠸᠴᠢᠷ ᠤᠨ ᠫᠦᠷᠪᠦ ᠢᠢ᠂

ᠪᠤᠯᠠᠭᠠᠨ ᠠᠢᠢᠮᠠᠭ ᠤᠨ ᠰᠢᠲᠠᠷ᠎ᠠ ᠢᠢᠨ 《ᠰᠥᠷᠲᠦ》 ᠺᠯᠤᠢᠪ ᠤᠨ ᠪᠠᠭᠰᠢ ᠵᠠᠮᠶᠠᠩᠳᠣᠷᠵᠢ ᠢᠢᠨ ᠫᠦᠷᠪᠦᠰᠦ᠋ᠷᠦᠩ ᠢ᠂

ᠠᠷᠤᠬᠠᠩᠭᠠᠢ ᠠᠢᠢᠮᠠᠭ ᠤᠨ ᠶᠡᠬᠡ ᠲᠠᠮᠢᠷ ᠰᠤᠮᠤ ᠢᠢᠨ ᠶᠡᠷᠦᠩᠬᠡᠢ ᠪᠣᠯᠪᠠᠰᠤᠷᠠᠯ ᠤᠨ ᠰᠤᠷᠭᠠᠭᠤᠯᠢ ᠢᠢᠨ ᠵᠠᠬᠢᠷᠤᠯ ᠠᠰᠠᠨ᠂ ᠠᠬᠠᠮᠠᠳ ᠪᠠᠭᠰᠢ ᠮᠥᠩᠬᠡᠸᠴᠢᠷ ᠤᠨ ᠨᠠᠴᠤᠭᠶᠤᠢᠮ ᠢ᠂

ᠰᠢᠨᠵᠢᠯᠡᠬᠦᠢ ᠤᠬᠠᠭᠠᠨ ᠤ ᠲᠧᠭᠨᠣᠯᠣᠭᠢ ᠢᠢᠨ ᠶᠡᠬᠡ  ᠰᠤᠷᠭᠠᠭᠤᠯᠢ ᠢᠢᠨ ᠲᠡᠷᠢᠭᠦᠯᠡᠬᠦ ᠫᠷᠣᠹᠧᠰᠰᠣᠷ ᠭᠡᠩᠳᠤᠨ ᠦ ᠤᠬᠤᠨ᠎ᠠ ᠢᠢ᠂

ᠭᠣᠪᠢ ᠰᠦᠮᠪᠦᠷ ᠠᠢᠢᠮᠠᠭ ᠤᠨ ᠳᠠᠯᠠᠨᠵᠢᠷᠭᠠᠯᠠᠩ ᠰᠤᠮᠤ ᠢᠢᠨ ᠶᠡᠷᠦᠩᠬᠡᠢ ᠪᠣᠯᠪᠠᠰᠤᠷᠠᠯ ᠤᠨ ᠰᠤᠷᠭᠠᠭᠤᠯᠢ ᠢᠢᠨ ᠵᠦᠪᠯᠡᠬᠦ ᠪᠠᠭᠰᠢ ᠮᠡᠨᠳᠦ ᠢᠢᠨ ᠰᠡᠷᠲᠦᠪ ᠢ᠂

ᠮᠣᠩᠭ᠋ᠣᠯ ᠤᠯᠤᠰ ᠤᠨ ᠺᠣᠨ᠋ᠰᠧᠷᠸᠠᠲ᠋ᠣᠷ ᠤᠨ ᠲᠡᠭᠦᠯᠳᠡᠷ ᠬᠤᠭᠤᠷ ᠤᠨ ᠪᠠᠭᠰᠢ ᠳᠠᠰᠢᠳᠣᠷᠵᠢ ᠢᠢᠨ ᠲᠤᠩᠭ᠋ᠠᠯᠠᠭ ᠢ᠂

ᠮᠣᠩᠭ᠋ᠤᠯ ᠤᠯᠤᠰ ᠤᠨ ᠶᠡᠬᠡ ᠰᠤᠷᠭᠠᠭᠤᠯᠢ ᠢᠢᠨ ᠹᠢᠽᠢᠺ ᠡᠯᠧᠺᠲ᠋ᠷᠣᠨᠢᠺ ᠤᠨ ᠰᠤᠷᠭᠠᠭᠤᠯᠢ ᠢᠢᠨ ᠪᠠᠭᠰᠢ ᠬᠢᠨᠠᠶᠠᠲᠤ ᠢᠢᠨ ᠴᠣᠭᠣᠬᠦᠦ ᠢᠢ ᠲᠤᠰ ᠲᠤᠰ ᠮᠣᠩᠭ᠋ᠣᠯ ᠤᠯᠤᠰ ᠤᠨ ᠭᠠᠪᠢᠶᠠᠲᠤ ᠪᠠᠭᠰᠢ ᠴᠣᠯᠠ ᠪᠠᠷ ᠱᠠᠩᠨᠠᠯ ᠢᠶᠠᠨ᠃

ᠭᠠᠪᠢᠶᠠᠲᠤ ᠪᠠᠷᠢᠯᠭᠠᠴᠢᠨ ᠴᠣᠯᠠ ᠪᠠᠷ ᠮᠣᠩᠭ᠋ᠣᠯ ᠤᠯᠤᠰ ᠤᠨ ᠵᠦᠪᠯᠡᠬᠦ ᠢᠨ᠋ᠵᠧᠨᠧᠷ ᠺᠠᠷᠮᠧᠨ ᠤ ᠶᠡᠷᠦᠮᠧᠷᠧᠢ ᠢᠢ᠂

《ᠨᠢᠶᠤᠢᠲᠣᠨ》ᠺᠣᠮᠫᠠᠨᠢ ᠢᠢᠨ ᠶᠡᠷᠦᠩᠬᠡᠢ ᠵᠠᠬᠢᠷᠤᠯ ᠨᠠᠮᠳᠠᠭ ᠤᠨ ᠴᠣᠢᠢᠪᠠᠯᠰᠠᠩ ᠢ ᠲᠤᠰ ᠲᠤᠰ ᠱᠠᠩᠨᠠᠪᠠ᠃

ᠭᠠᠪᠢᠶᠠᠲᠤ ᠲᠠᠮᠢᠷᠴᠢᠨ ᠴᠣᠯᠠ ᠪᠠᠷ ᠮᠣᠩᠭ᠋ᠣᠯ ᠤᠯᠤᠰ ᠤᠨ ᠨᠠᠴᠢᠨ ᠳᠠᠨᠳᠠᠷ ᠤᠨ ᠭᠣᠮᠪᠣᠰᠦ᠋ᠷᠦᠩ ᠢ ᠱᠠᠩᠨᠠᠯ᠎ᠠ᠃

ᠭᠠᠪᠢᠶᠠᠲᠤ ᠮᠧᠬᠠᠨᠢᠭᠵᠢᠭᠤᠯᠤᠭᠴᠢ ᠴᠣᠯᠠ ᠪᠠᠷ 《ᠥᠭ᠍ᠭᠦᠭᠡᠴᠢ ᠰᠦᠮᠪᠦᠷ》ᠺᠣᠮᠫᠠᠨᠢ ᠢᠢᠨ ᠵᠥᠪᠯᠡᠬᠦ ᠳᠣᠷᠵᠢ ᠢᠢᠨ ᠪᠠᠲᠤ ᠠ᠋ ᠢᠢ ᠱᠠᠩᠨᠠᠪᠠ᠃

ᠬᠥᠳᠡᠭᠡ ᠠᠵᠤ ᠠᠬᠤᠢ ᠢᠢᠨ ᠭᠠᠪᠢᠶᠠᠲᠤ ᠠᠵᠢᠯᠲᠠᠨ ᠴᠣᠯᠠ ᠪᠠᠷ ᠠᠬᠠᠮᠠᠳ ᠲᠠᠷᠢᠶᠠᠯᠠᠩᠴᠢ ᠪᠣᠭᠣᠵᠢ ᠢᠢᠨ ᠴᠡᠸᠡᠩ ᠢ᠂

《ᠦᠢᠵᠡᠨ ᠲᠠᠯ᠎ᠠ》ᠺᠣᠮᠫᠠᠨᠢ ᠢᠢᠨ ᠠᠭ᠍ᠷᠣᠨᠣᠮᠢᠴᠢ ᠫᠦᠷᠪᠦ ᠢᠢᠨ ᠳᠠᠸᠠᠨᠢᠮ᠎ᠠ ᠢᠢ ᠲᠤᠰ ᠲᠤᠰ ᠱᠠᠩᠨᠠᠪᠠ᠃

ᠭᠠᠪᠢᠶᠠᠲᠤ ᠲᠡᠭᠡᠭᠡᠪᠦᠷᠢᠴᠢᠨ ᠴᠣᠯᠠ ᠪᠠᠷ ᠠᠬᠠᠮᠠᠳ ᠲᠡᠭᠡᠭᠡᠪᠦᠷᠢᠴᠢᠨ ᠴᠡᠷᠡᠩ ᠦᠨ ᠮᠢᠭ᠌ᠮᠠᠷᠵᠠᠪ ᠢ᠂

ᠵᠠᠮ᠂ ᠲᠡᠭᠡᠭᠡᠪᠦᠷᠢ ᠢᠢᠨ ᠬᠥᠭ᠍ᠵᠢᠯ ᠦᠨ ᠶᠠᠮᠤᠨ ᠤ ᠰᠠᠢᠢᠳ ᠤᠨ ᠵᠦᠪᠯᠡᠬᠦ ᠵᠠᠪᠴᠢᠭ ᠤᠨ ᠰᠡᠷᠢᠶᠡᠲᠡᠷ ᠢ ᠱᠠᠩᠨᠠᠯ ᠠ᠃

ᠭᠠᠪᠢᠶᠠᠲᠤ ᠠᠭᠤᠷᠬᠠᠢᠢᠴᠢᠨ ᠴᠣᠯᠠ ᠪᠠᠷ 《ᠪᠠᠭᠠᠨᠠᠭᠤᠷ》 ᠬᠤᠪᠢᠴᠠᠭᠠᠲᠤ ᠺᠣᠮᠫᠠᠨᠢ ᠢᠢᠨ ᠲᠣᠺᠠᠷᠴᠢᠨ ᠫᠢᠨᠴᠢᠭ ᠤᠨ ᠴᠢᠯᠠᠭᠤᠨ - ᠡᠷᠳᠡᠨᠢ ᠢᠢ᠂

ᠭᠠᠪᠢᠶᠠᠲᠤ ᠬᠣᠯᠪᠣᠭᠠᠴᠢᠨ ᠴᠣᠯᠠ ᠪᠠᠷ ᠠᠬᠠᠮᠠᠳ ᠬᠣᠯᠪᠣᠭᠠᠴᠢᠨ ᠭᠣᠨᠴᠣᠭ ᠤᠨ ᠪᠠᠲᠤᠳᠤᠭᠲᠠᠬᠤ ᠢᠢ᠂

ᠭᠠᠪᠢᠶᠠᠲᠤ ᠡᠳ᠋ ᠍ ᠦᠨ ᠵᠠᠰᠠᠭᠴᠢ ᠴᠣᠯᠠ ᠪᠠᠷ ᠡᠳ᠋ ᠍ ᠦᠨ ᠵᠠᠰᠠᠭᠴᠢ ᠳᠠᠰᠢᠰᠠᠮᠪᠤᠤ ᠢᠢᠨ ᠫᠣᠯᠣᠣᠵᠢ ᠢᠢ ᠲᠤᠰ ᠲᠤᠰ ᠱᠠᠩᠨᠠᠯ᠎ᠠ᠃

ᠰᠤᠶᠤᠯ ᠤᠨ ᠭᠠᠪᠢᠶᠠᠲᠤ ᠵᠢᠳᠬᠦᠯᠲᠡᠨ ᠴᠣᠯᠠ ᠪᠠᠷ 《ᠵᠠᠭᠤᠨ ᠤ ᠰᠢᠤᠳᠠᠨ》᠂ 《ᠦᠨᠳᠦᠰᠦᠨ ᠦ ᠰᠢᠤᠳᠠᠨ》 ᠰᠣᠨᠢᠨ ᠤ ᠣᠷᠣᠯᠠᠭᠴᠢ ᠡᠷᠬᠢᠯᠡᠭᠴᠢ ᠪᠢᠮᠪᠠ ᠢᠢᠨ ᠶᠡᠷᠡᠨᠲᠡᠢ ᠢᠢ᠂

ᠠᠬᠠᠮᠠᠳ ᠵᠣᠬᠢᠶᠠᠯᠴᠢ᠂ ᠰᠡᠳᠬᠦᠯᠴᠢ ᠳᠠᠭᠪᠠ ᠢᠢᠨ ᠵᠠᠮᠢᠶᠠᠨ ᠢ᠂

ᠦᠨᠳᠦᠰᠦᠨ ᠦ ᠪᠥᠬᠡ ᠢᠢᠨ ᠵᠠᠰᠠᠭᠤᠯᠴᠢ ᠬᠠᠳᠠ ᠢᠢᠨ ᠫᠦᠷᠪᠦ ᠢᠢ᠂

ᠠᠬᠠᠮᠠᠳ ᠵᠣᠬᠢᠶᠡᠯᠴᠢ ᠠᠪᠢᠳᠠ ᠢᠢᠨ ᠰᠢᠷᠠᠲᠣᠯᠣᠭᠠᠢ ᠨᠠᠷ ᠢ ᠲᠤᠰ ᠲᠤᠰ ᠰᠤᠶᠤᠯ ᠤᠨ ᠭᠠᠪᠢᠶᠠᠲᠤ ᠵᠢᠳᠬᠦᠯᠲᠡᠨ ᠴᠣᠯᠠ ᠪᠠᠷ ᠱᠠᠩᠨᠠᠯ᠎ᠠ᠃

ᠤᠷᠠᠯᠢᠭ ᠤᠨ ᠭᠠᠪᠢᠶᠠᠲᠤ ᠵᠢᠳᠬᠦᠯᠲᠡᠨ ᠴᠣᠯᠠ ᠪᠠᠷ ᠮᠣᠩᠭ᠋ᠣᠯ ᠤᠯᠤᠰ ᠤᠨ ᠺᠣᠨ᠋ᠰᠧᠷᠸᠠᠲ᠋ᠣᠷ ᠤᠨ ᠬᠥᠭ᠍ᠵᠢᠮ ᠪᠦᠵᠢᠭ᠌ ᠦᠨ ᠺᠣᠯᠯᠧᠵᠢ ᠢᠢᠨ ᠪᠦᠵᠢᠭ᠌ ᠦᠨ ᠲᠢᠩᠬᠢᠮ ᠦᠨ ᠡᠷᠬᠢᠯᠡᠭᠴᠢ ᠨᠢᠮᠠᠪᠠᠯᠪᠠᠷ ᠤᠨ ᠣᠶᠤᠨ ᠢ ᠱᠠᠩᠨᠠᠪᠠ᠃

ᠦᠢᠯᠡᠴᠢᠯᠡᠭᠡᠨ ᠦ ᠭᠠᠪᠢᠶᠠᠲᠤ ᠠᠵᠢᠯᠲᠠᠨ ᠴᠣᠯᠠ ᠪᠠᠷ 《ᠨᠠᠷᠠᠨᠪᠤᠯᠠᠭ ᠲᠷᠧᠢᠳ᠋》 ᠺᠣᠮᠫᠠᠨᠢ ᠢᠢᠨ ᠶᠡᠷᠦᠩᠬᠡᠢ ᠵᠠᠬᠢᠷᠤᠯ ᠰᠠᠮᠪᠤᠤ ᠢᠢᠨ ᠴᠡᠷᠢᠩᠳᠣᠷᠵᠢ ᠢᠢ᠂

ᠬᠣᠪᠳᠣ ᠠᠢᠢᠮᠠᠭ ᠤᠨ ᠤᠯᠤᠰ ᠤᠨ ᠪᠦᠷᠢᠳᠬᠡᠯ ᠦᠨ ᠬᠡᠯᠲᠡᠰ ᠦᠨ ᠳᠠᠷᠤᠭ᠎ᠠ ᠳᠠᠮᠪᠠ ᠢᠢᠨ ᠰᠢᠷᠢᠨᠳᠢᠪ ᠨᠠᠷ ᠢ ᠲᠤᠰ ᠲᠤᠰ ᠱᠠᠩᠨᠠᠪᠠ᠃

ᠬᠤᠳᠠᠯᠳᠤᠭᠠᠨ ᠤ ᠭᠠᠪᠢᠶᠠᠲᠤ ᠠᠵᠢᠯᠲᠠᠨ ᠴᠣᠯᠠ ᠪᠠᠷ 《ᠭᠠᠩᠭ᠎ᠠ ᠢᠮᠫᠧᠺᠰ》ᠺᠣᠮᠫᠠᠨᠢ ᠢᠢᠨ ᠵᠠᠬᠢᠷᠤᠯ ᠳᠠᠮᠳᠢᠨ ᠤ ᠭᠣᠮᠪᠣᠰᠦ᠋ᠷᠦᠩ ᠢ᠂

《ᠨᠠᠷᠠᠨᠲᠤᠤᠯᠠ》 ᠭᠷᠦ᠋ᠫ ᠤᠨ ᠶᠡᠷᠦᠩᠬᠡᠢ ᠵᠠᠬᠢᠷᠤᠯ ᠰᠢᠷᠠᠪ ᠤᠨ ᠣᠶᠤᠨᠰᠤᠭᠤ ᠢᠢ ᠲᠤᠰ ᠲᠤᠰ ᠱᠠᠩᠨᠠᠯ᠎ᠠ᠃

ᠬᠦᠮᠦᠨ ᠦ ᠭᠠᠪᠢᠶᠠᠲᠤ ᠡᠮᠴᠢ ᠴᠣᠯᠠ ᠪᠠᠷ ᠫ.ᠨ.ᠱᠠᠰᠲ᠋ᠢᠨ ᠤ ᠨᠡᠷᠡᠮᠵᠢᠲᠦ ᠤᠯᠤᠰ ᠤᠨ ᠭᠤᠷᠪᠠᠳᠤᠭᠠᠷ ᠲᠥᠪ ᠡᠮᠨᠡᠯᠭᠡ ᠢᠢᠨ ᠡᠮᠴᠢ ᠴᠡᠷᠢᠩᠳᠣᠷᠵᠢ ᠢᠢᠨ ᠪᠠᠳᠠᠮᠰᠡᠳ ᠢ᠂

《ᠥᠷᠭᠥᠭᠡ》 ᠠᠮᠤᠷᠵᠢᠬᠤ ᠭᠠᠵᠠᠷ ᠤᠨ ᠶᠡᠬᠡ ᠡᠮᠴᠢ ᠮᠠᠰᠢᠯᠠᠢ ᠢᠢᠨ ᠡᠩᠬᠡᠲᠤᠶᠠᠭ᠎ᠠ ᠢᠢ ᠲᠤᠰ ᠲᠤᠰ ᠱᠠᠩᠨᠠᠯ᠎ᠠ᠃

ᠰᠢᠨᠵᠢᠯᠡᠬᠦ ᠤᠬᠠᠭᠠᠨ ᠤ ᠭᠠᠪᠢᠶᠠᠲᠤ ᠵᠢᠳᠬᠦᠯᠲᠡᠨ ᠴᠣᠯᠠᠪᠠᠷ ᠰᠢᠨᠵᠢᠯᠡᠬᠦᠢ ᠤᠬᠠᠭᠠᠨ ᠤ ᠲᠧᠭᠨᠣᠯᠣᠭᠢ ᠢᠢᠨ ᠶᠡᠬᠡ  ᠰᠤᠷᠭᠠᠭᠤᠯᠢ ᠢᠢᠨ ᠫᠷᠣᠹᠧᠰᠰᠣᠷ ᠴᠡᠸᠡᠩ ᠦᠨ ᠨᠠᠩᠵᠠᠳ ᠢ ᠱᠠᠩᠨᠠᠯ᠎ᠠ᠃

ᠡᠷᠡᠭᠦᠯ ᠢ ᠬᠠᠮᠠᠭᠠᠯᠠᠬᠤ ᠢᠢᠨ ᠭᠠᠪᠢᠶᠠᠲᠤ ᠠᠵᠢᠯᠲᠠᠨ ᠴᠣᠯᠠ ᠪᠠᠷ ᠬᠦᠮᠦᠨ ᠦ ᠪᠠᠭ᠎ᠠ ᠡᠮᠴᠢ ᠭᠣᠨᠴᠣᠭ ᠤᠨ ᠪᠠᠲᠤᠰᠠᠭᠤᠷ ᠢ᠂

《ᠡᠲᠦᠭᠡᠨ》 ᠶᠡᠬᠡ ᠰᠤᠷᠭᠠᠭᠤᠯᠢ ᠢᠢᠨ ᠷᠧᠺᠲ᠋ᠣᠷ ᠪᠢᠮᠪᠠ ᠠᠠ᠋ ᠢᠢᠨ ᠪᠠᠲᠤᠰᠡᠷᠢᠢᠳᠡᠨ ᠢ᠂

ᠪᠡᠶ᠎ᠡ ᠢᠢᠨ ᠲᠠᠮᠢᠷ ᠰᠫᠣᠷᠲ ᠤᠨ ᠭᠠᠵᠠᠷ ᠤᠨ ᠪᠠᠭ᠎ᠠ ᠡᠮᠴᠢ ᠡᠷᠳᠡᠨᠢᠸᠴᠢᠷ ᠤᠨ ᠡᠩᠬᠡᠪᠠᠶᠠᠷ ᠨᠠᠷ ᠢ ᠲᠤᠰ ᠲᠤᠰ ᠱᠠᠩᠨᠠᠪᠠ᠃

ᠪᠠᠢᠢᠭᠠᠯᠢ ᠣᠷᠴᠢᠨ ᠤ ᠭᠠᠪᠢᠶᠠᠲᠤ ᠠᠵᠢᠯᠲᠠᠨ ᠴᠣᠯᠠ ᠪᠠᠷ ᠤᠰᠤᠵᠢᠭᠤᠯᠤᠭᠴᠢᠳ ᠤᠨ ᠬᠣᠯᠪᠣᠭ᠎ᠠ ᠢᠢᠨ ᠭᠡᠰᠢᠭᠦᠨ᠂ ᠮᠣᠩᠭ᠋ᠣᠯ ᠤᠯᠤᠰ ᠤᠨ ᠵᠦᠪᠯᠡᠬᠦ ᠢᠨ᠋ᠵᠧᠨᠧᠷ ᠨᠣᠷᠫᠢᠯ ᠤᠨ ᠴᠢᠭᠨ᠎ᠠ ᠨᠠᠷ ᠢ ᠲᠤᠰ ᠲᠤᠰ ᠱᠠᠩᠨᠠᠯ᠎ᠠ᠃

ᠮᠥᠨ ᠲᠥᠷᠥ ᠢᠢᠨ ᠣᠳᠣᠨ ᠮᠧᠳᠠᠯ ᠬᠦᠷᠲᠡᠵᠦ ᠪᠤᠢ ᠢᠷᠭᠡᠳ ᠡᠴᠡ ᠲᠥᠯᠥᠭᠡᠯᠡᠯ ᠪᠣᠯᠭᠠᠨ᠄

ᠰᠦᠬᠡᠪᠠᠭᠠᠲᠤᠷ ᠤᠨ ᠣᠳᠣᠨ ᠢᠶᠠᠷ ᠬᠠᠨ - ᠠᠭᠤᠯᠠ ᠳᠡᠭᠦᠷᠭᠡ ᠢᠢᠨ ᠢᠷᠭᠡᠳ ᠶᠨ ᠳᠥᠯᠦᠭᠡᠯᠡᠭᠴᠢᠳ ᠦᠨ ᠬᠤᠷᠠᠯ ᠤᠨ ᠲᠥᠯᠥᠭᠡᠯᠡᠭᠴᠢ ᠳᠠᠰᠢᠳᠣᠷᠵᠢ ᠢᠢᠨ ᠪᠠᠲᠤᠪᠢᠯᠢᠭ᠌ ᠢ᠂

ᠬᠥᠳᠡᠯᠮᠦᠷᠢ ᠢᠢᠨ ᠭᠠᠪᠢᠶᠠᠨ ᠤ ᠤᠯᠠᠭᠠᠨ ᠲᠤᠭ ᠤᠨ ᠣᠳᠣᠨ ᠢᠶᠠᠷ 《ᠢᠢᠭ᠍ᠯ》 ᠲᠧᠯᠧᠸᠢᠽ ᠦᠨ ᠰᠡᠳᠬᠦᠯᠴᠢ ᠪᠠᠳᠢᠷᠴᠢ ᠢᠢᠨ ᠵᠢᠷᠭᠠᠯᠮ᠎ᠠ ᠢᠢ᠂

ᠴᠡᠷᠢᠭ ᠦᠨ ᠭᠠᠪᠢᠶᠠᠨ ᠤ ᠤᠯᠠᠭᠠᠨ ᠲᠤᠭ ᠤᠨ ᠣᠳᠣᠨ ᠢᠶᠠᠷ ᠵᠡᠪᠰᠡᠭᠲᠦ ᠬᠦᠴᠦᠨ ᠦ ᠵᠠᠩᠵᠤᠨ ᠱᠲ᠋ᠠᠪ ᠤᠨ ᠠᠬᠠᠯᠠᠬᠤ ᠮᠡᠷᠭᠡᠵᠢᠯᠲᠡᠨ᠂ ᠬᠤᠷᠠᠨᠳᠠ ᠼᠡᠳᠡᠨᠳᠣᠷᠵᠢ ᠢᠢᠨ ᠪᠠᠲᠤᠰᠠᠢᠢᠬᠠᠨ ᠢ

ᠴᠡᠷᠢᠭ ᠦᠨ ᠭᠠᠪᠢᠶᠠᠨ ᠤ ᠣᠳᠣᠨ ᠢᠶᠠᠷ ᠦᠨᠳᠦᠰᠦᠨ ᠦ ᠪᠠᠲᠤᠯᠠᠨ ᠬᠠᠮᠠᠭᠠᠯᠠᠬᠤ ᠴᠡᠷᠢᠭ ᠦᠨ ᠨᠢᠭᠡᠳᠦᠭᠰᠡᠨ ᠰᠤᠷᠭᠠᠭᠤᠯᠢ ᠢᠢᠨ ᠠᠬᠠᠯᠠᠬᠤ ᠪᠠᠭᠰᠢ ᠳᠣᠷᠵᠢ ᠢᠢᠨ ᠫᠦᠷᠪᠡᠰᠠᠢᠢᠬᠠᠨ ᠢ᠂

ᠴᠡᠷᠢᠭ ᠦᠨ ᠬᠦᠨᠳᠦᠳᠦ ᠮᠧᠳᠠᠯ  ᠢᠢᠠᠷ ᠵᠡᠪᠰᠡᠭᠲᠦ ᠬᠦᠴᠦᠨ ᠦ ᠵᠠᠩᠵᠤᠨ ᠱᠲ᠋ᠠᠪ ᠤᠨ ᠡᠩᠬᠡ ᠢᠢ ᠳᠡᠮᠵᠢᠬᠦ ᠴᠡᠷᠢᠭ ᠦᠨ ᠬᠠᠮᠲᠤ ᠢᠢᠨ ᠠᠵᠢᠯᠯᠠᠭᠠᠨ ᠤ ᠬᠡᠯᠲᠡᠰ ᠦᠨ ᠠᠷᠤ ᠳᠤ ᠲᠠᠯ᠎ᠠ ᠢᠢᠨ ᠮᠡᠷᠭᠡᠵᠢᠯᠲᠡᠨ᠂ ᠳᠡᠳ᠋ ᠬᠤᠷᠠᠨᠳᠠ ᠳᠣᠷᠵᠢ ᠢᠢᠨ ᠲᠤᠩᠭ᠋ᠠᠯᠠᠭ ᠨᠠᠷ ᠢ ᠱᠠᠩᠨᠠᠯ ᠠ᠃

ᠮᠣᠩᠭ᠋ᠣᠯ ᠤᠯᠤᠰ ᠤᠨ ᠶᠡᠷᠦᠩᠬᠡᠢᠢᠯᠡᠭᠴᠢ ᠬ.ᠪᠠᠲᠤᠲᠤᠯᠭ᠎ᠠ ᠱᠠᠩᠨᠠᠯ ᠭᠠᠷᠳᠠᠭᠤᠯᠵᠤ ᠳᠠᠭᠤᠰᠤᠭᠰᠠᠨ ᠤ ᠳᠠᠷᠠᠭ᠎ᠠ ᠦᠭᠡ ᠬᠡᠯᠡᠪᠡ᠃

ᠮᠣᠩᠭ᠋ᠣᠯ ᠤᠯᠤᠰ ᠤᠨ ᠶᠡᠷᠦᠩᠬᠡᠢᠢᠯᠡᠭᠴᠢ ᠬ.ᠪᠠᠲᠤᠲᠤᠯᠭ᠎ᠠ᠄

《ᠮᠣᠩᠭ᠋ᠣᠯᠴᠤᠳ ᠠ᠋᠂ ᠠᠵᠢᠯ ᠦᠢᠯᠡᠰ ᠢᠶᠡᠷ ᠢᠶᠡᠨ ᠮᠠᠩᠯᠠᠢᠢᠯᠠᠭᠴᠢᠳ ᠠ᠋᠂

ᠲᠠ ᠪᠦᠬᠦᠨ ᠳᠥ ᠲᠤᠯᠭᠤᠷ ᠲᠥᠷᠥ ᠢᠢᠨ 2227᠂ ᠶᠡᠬᠡ ᠮᠣᠩᠭ᠋ᠣᠯ ᠤᠯᠤᠰ ᠤᠨ 812᠂ ᠠᠷᠠᠳ ᠤᠨ ᠬᠤᠪᠢᠰᠬᠠᠯ ᠤᠨ 97 ᠵᠢᠯ ᠦᠨ ᠣᠢ᠂ ᠠᠷᠠᠳᠴᠢᠯᠠᠭᠰᠠᠨ ᠬᠤᠪᠢᠰᠬᠠᠯ ᠤᠨ 29 ᠵᠢᠯ ᠦᠨ ᠣᠢ᠂ ᠦᠨᠳᠦᠰᠦᠨ ᠦ ᠶᠡᠬᠡ ᠪᠠᠶᠠᠷ ᠨᠠᠭᠠᠳᠤᠮ ᠤᠨ ᠮᠡᠨᠳᠦ ᠢᠢ ᠳᠡᠪᠰᠢᠭᠦᠯᠦᠶ᠎ᠡ᠃

ᠲᠥᠷᠥ ᠳᠥ ᠶᠣᠰᠣᠨ ᠤ ᠤᠯᠠᠮᠵᠢᠯᠠᠯ ᠤᠨ ᠳᠠᠭᠠᠭᠤ ᠥᠨᠥᠳᠥᠷ ᠠᠵᠢᠯ ᠦᠢᠯᠡᠰ ᠢᠶᠡᠷ ᠢᠶᠡᠨ ᠮᠠᠩᠯᠠᠢᠢᠯᠠᠭᠴᠢᠳ᠂ ᠭᠠᠪᠰᠢᠭᠠᠢᠢᠯᠠᠭᠴᠢᠳ ᠲᠤ ᠲᠥᠷᠥ ᠢᠢᠨ ᠴᠣᠯᠠ᠂ ᠣᠳᠣᠨ ᠮᠧᠳᠠᠯ ᠭᠠᠷᠳᠠᠭᠤᠯᠵᠤ ᠪᠠᠢᠢᠨ᠎ᠠ. ᠲᠥᠷᠥ ᠢᠢᠨ ᠱᠠᠩᠨᠠᠯ ᠬᠦᠷᠲᠡᠭᠰᠡᠳ᠂ ᠲᠡᠳᠡᠨ ᠦ ᠭᠡᠷ ᠪᠦᠯᠢ᠂ ᠣᠢᠢᠷ᠎ᠠ ᠳᠣᠲᠣᠨᠤ ᠢᠢᠨ ᠬᠢᠨ᠂ ᠬᠠᠮᠲᠤ ᠣᠯᠠᠨ ᠳᠤ ᠬᠠᠯᠠᠭᠤᠨ ᠪᠠᠶᠠᠷ ᠬᠦᠷᠭᠡᠶ᠎ᠡ᠃

ᠬᠥᠭ᠍ᠵᠢᠯ ᠦᠨ ᠵᠣᠷᠢᠯᠭ᠎ᠠ᠂ ᠠᠮᠢᠳᠤᠷᠠᠯ ᠤᠨ ᠤᠳᠬ᠎ᠠ ᠤᠴᠢᠷ ᠨᠢ ᠬᠦᠮᠦᠰ ᠦᠨ ᠲᠥᠯᠥᠭᠡ᠂ ᠪᠤᠰᠤᠳ ᠲᠤ ᠰᠠᠢᠢᠨ ᠰᠠᠢᠢᠬᠠᠨ ᠢ ᠠᠪᠴᠢᠷᠠᠬᠤ ᠢᠢᠨ ᠲᠥᠯᠥᠭᠡ᠂ ᠡᠬᠡ ᠣᠷᠣᠨ ᠳᠤ ᠪᠠᠨ ᠢᠯᠡᠭᠦᠦ ᠰᠠᠢᠢᠨ ᠢ ᠪᠤᠢ ᠪᠣᠯᠭᠠᠬᠤ᠂ ᠪᠦᠲᠦᠭᠡᠬᠦ᠂ ᠥᠷᠨᠢᠭᠦᠯᠬᠦ ᠢᠢᠨ ᠲᠥᠯᠦᠭᠡᠬᠢ ᠴᠤᠴᠠᠯᠲᠠᠭᠦᠢ ᠬᠥᠳᠡᠯᠮᠦᠷᠢ ᠳᠥ ᠣᠷᠣᠰᠢᠳᠠᠭ᠃ ᠠᠵᠢᠯ ᠦᠢᠯᠡᠰ ᠲᠦ ᠪᠡᠨ ᠮᠠᠩᠯᠠᠢᠢᠯᠠᠭᠰᠠᠨ ᠬᠥᠳᠡᠯᠮᠦᠷᠢ᠂ ᠵᠢᠳᠬᠦᠯ ᠭᠠᠷᠭᠠᠭᠰᠠᠨ ᠢᠷᠭᠡᠳ ᠢᠶᠡᠨ ᠮᠣᠩᠭ᠋ᠣᠯ ᠤᠨ ᠲᠥᠷᠥ ᠰᠠᠢᠢᠰᠢᠶᠠᠨ ᠱᠠᠩᠨᠠᠬᠤ ᠨᠢ ᠴᠤ ᠵᠦᠢ ᠢᠢᠨ ᠬᠡᠷᠡᠭ ᠶᠤᠮ᠃

ᠥᠨᠥᠳᠥᠷ ᠲᠥᠷᠥ ᠢᠢᠨ ᠴᠣᠯᠠ᠂ ᠣᠳᠣᠨ ᠮᠧᠳᠠᠯ ᠢᠶᠠᠷ ᠱᠠᠩᠨᠠᠭᠳᠠᠭᠰᠠᠳ ᠤᠨ ᠳᠤᠮᠳᠠ ᠠᠭᠤᠯᠠ ᠢᠢᠨ ᠪᠠᠶᠠᠵᠢᠭᠤᠯᠬᠤ 《ᠡᠷᠳᠡᠨᠢᠲᠦ》 ᠦᠢᠯᠡᠳᠪᠦᠷᠢ ᠢᠢᠨ ᠥᠷᠥᠮ᠎ ᠦᠨ ᠮᠠᠱᠢᠨᠴᠢ ᠪᠠᠲᠤᠬᠦᠦ ᠢᠢᠨ ᠪᠠᠲᠤᠪᠠᠶᠠᠷ ᠭᠤᠸᠠᠢ ᠪᠠᠢᠢᠭ᠎ᠠ᠃ ᠡᠨᠡ ᠦᠢᠯᠡᠳᠪᠦᠷᠢ ᠳᠥ 35 ᠵᠢᠯ ᠠᠵᠢᠯᠯᠠᠭᠰᠠᠨ ᠬᠦᠮᠦᠨ. ᠡᠨᠡ ᠵᠢᠯ 40 ᠵᠢᠯ ᠦᠨ ᠢᠶᠡᠨ ᠲᠡᠦᠬᠡᠲᠦ ᠣᠢ ᠢᠢ ᠲᠡᠮᠳᠡᠭᠯᠡᠵᠦ ᠪᠠᠢᠢᠭ᠎ᠠ ᠲᠤᠰ ᠦᠢᠯᠡᠳᠪᠦᠷᠢ ᠢᠢᠨ ᠠᠮᠵᠢᠯᠲᠠ ᠪᠦᠲᠦᠭᠡᠯ ᠦᠨ ᠲᠥᠯᠥᠭᠡ ᠠᠮᠢᠳᠤᠷᠠᠯ ᠤᠨ ᠢᠶᠠᠨ ᠶᠡᠬᠡᠩᠬᠢ ᠴᠠᠭ ᠬᠤᠭᠤᠴᠠᠭ᠎ᠠ ᠢᠢ ᠵᠠᠷᠤᠴᠠᠭᠤᠯᠤᠨ ᠦᠷ᠎ᠡ ᠪᠦᠲᠦᠭᠡᠯᠲᠡᠢ ᠠᠵᠢᠯᠯᠠᠵᠤ ᠢᠷᠡᠭᠰᠡᠨ ᠲᠠᠨ ᠳᠤ ᠮᠣᠩᠭ᠋ᠣᠯ ᠤᠯᠤᠰ ᠤᠨ ᠬᠥᠳᠡᠯᠮᠦᠷᠢ ᠢᠢᠨ ᠪᠠᠭᠠᠲᠤᠷ ᠴᠣᠯᠠ ᠣᠯᠭᠤᠵᠤ ᠪᠠᠢᠢᠨ᠎ᠠ᠃ ᠮᠣᠩᠭ᠋ᠣᠯ ᠤᠯᠤᠰ ᠤᠨ ᠡᠳ᠋ ᠍ ᠦᠨ ᠵᠠᠰᠠᠭ ᠲᠤ ᠣᠯᠠᠨ ᠵᠢᠯ ᠦᠷ᠎ᠡ ᠥᠭ᠍ᠭᠦᠭᠡᠵᠢ ᠪᠡᠨ ᠥᠭᠴᠦ ᠪᠤᠢ 《ᠡᠷᠳᠡᠨᠢᠲᠦ》 ᠦᠢᠯᠡᠳᠪᠦᠷᠢ ᠢᠢᠨ ᠬᠥᠳᠡᠯᠮᠦᠷᠢᠴᠢ ᠬᠠᠮᠲᠤ ᠣᠯᠠᠨ ᠤ 40 ᠵᠢᠯ ᠦᠨ ᠵᠢᠳᠬᠦᠯ ᠢ ᠮᠣᠩᠭ᠋ᠣᠯ ᠤᠯᠤᠰ ᠤᠨ ᠲᠥᠷᠥ ᠦᠨᠡᠯᠡᠵᠦ ᠪᠠᠢᠢᠭ᠎ᠠ ᠢᠢᠨ ᠨᠢᠭᠡᠨ ᠵᠢᠱᠢᠶ᠎ᠡ ᠨᠢ ᠡᠨᠡ ᠶᠤᠮ᠃

ᠮᠣᠩᠭ᠋ᠣᠯ ᠤᠯᠤᠰ ᠤᠨ ᠺᠣᠨ᠋ᠰᠧᠷᠸᠠᠲ᠋ᠣᠷ ᠤᠨ ᠪᠠᠭᠰᠢ ᠮᠢᠰᠢᠭ ᠦᠨ ᠴᠡᠷᠢᠩᠳᠣᠷᠵᠢ᠂ ᠮᠣᠩᠭ᠋ᠣᠯ ᠤᠨ ᠪᠣᠺᠰ ᠤᠨ ᠬᠣᠯᠪᠣᠭᠠᠨ ᠤ ᠵᠥᠪᠯᠡᠬᠦ ᠬᠠᠢᠢᠳᠤᠪ ᠤᠨ ᠠᠯᠲᠠᠨᠬᠤᠶᠠᠭ ᠨᠠᠷ ᠲᠤ ᠮᠣᠩᠭ᠋ᠣᠯ ᠤᠯᠤᠰ ᠤᠨ ᠠᠷᠠᠳ ᠤᠨ ᠪᠠᠭᠰᠢ ᠴᠣᠯᠠ ᠢᠢ ᠣᠯᠭᠤᠵᠤ ᠪᠠᠢᠢᠨ᠎ᠠ᠃ ᠲᠠ ᠪᠦᠬᠦᠨ ᠦ ᠰᠤᠷᠭᠠᠨ ᠬᠦᠮᠦᠵᠢᠭᠦᠯᠬᠦ ᠦᠢᠯᠡᠰ ᠲᠥ ᠭᠠᠷᠭᠠᠭᠰᠠᠨ ᠠᠮᠵᠢᠯᠲᠠ᠂ ᠵᠢᠳᠬᠦᠯ ᠢ ᠮᠣᠩᠭ᠋ᠣᠯᠴᠤᠳ ᠰᠠᠢᠢᠨ ᠮᠡᠳᠡᠨ᠎ᠡ᠃

ᠮᠣᠩᠭ᠋ᠣᠯ ᠤᠨ ᠷᠠᠳᠢᠣ᠋ ᠍ ᠢᠢᠨ ᠨᠡᠪᠲᠡᠷᠡᠭᠦᠯᠦᠭᠴᠢ ᠭᠣᠮᠪᠣ ᠢᠢᠨ ᠷᠠᠪᠳᠠᠨ ᠲᠠᠨ ᠳᠤ ᠮᠣᠩᠭ᠋ᠣᠯ ᠤᠯᠤᠰ ᠤᠨ ᠠᠷᠠᠳ ᠤᠨ ᠵᠦᠵᠦᠭᠡᠴᠢᠨ ᠴᠣᠯᠠ ᠣᠯᠭᠤᠯ᠎ᠠ᠃ ᠲᠢᠶᠠᠲ᠋ᠷ᠂ ᠺᠢᠨᠣᠨ ᠤ ᠤᠷᠠᠯᠢᠭ ᠲᠤ ᠪᠦᠲᠦᠭᠡᠭ᠍ᠰᠡᠨ ᠴᠢᠳᠠᠪᠤᠷᠢᠯᠢᠭ᠋ ᠳᠦᠷᠢ ᠨᠦᠭᠦᠳ ᠪᠣᠯᠤᠨ ᠦᠭᠡ ᠢᠢᠨ ᠤᠷᠠᠯᠢᠭ᠂ ᠥᠭᠦᠯᠡᠬᠦ ᠠᠷᠭ᠎ᠠ ᠵᠦᠢ ᠢᠢ ᠪᠦᠲᠦᠭᠡᠯᠴᠢ ᠪᠡᠷ ᠬᠥᠭ᠍ᠵᠢᠭᠦᠯᠬᠦ ᠦᠢᠯᠡᠰ ᠲᠥ ᠭᠠᠷᠭᠠᠭᠰᠠᠨ ᠠᠮᠵᠢᠯᠲᠠ᠂ ᠪᠦᠲᠦᠭᠡᠯ ᠢ ᠲᠠᠨᠢ ᠲᠥᠷᠥ ᠥᠨᠳᠥᠷ ᠢᠶᠡᠷ ᠦᠨᠡᠯᠡᠵᠦ ᠪᠠᠢᠢᠨ᠎ᠠ᠃

ᠨᠡᠢᠢᠰᠯᠡᠯ ᠦᠨ 《ᠥᠷᠭᠥᠭᠡ》 ᠠᠮᠤᠷᠵᠢᠬᠤ ᠭᠠᠵᠠᠷ ᠤᠨ ᠡᠮᠴᠢ ᠮᠠᠰᠢᠯᠠᠢ ᠢᠢᠨ ᠡᠩᠬᠡᠲᠤᠶᠠᠭ᠎ᠠ ᠲᠠᠨ ᠢ ᠮᠣᠩᠭ᠋ᠣᠯ ᠤᠯᠤᠰ ᠤᠨ ᠭᠠᠪᠢᠶᠠᠲᠤ ᠡᠮᠴᠢ ᠴᠣᠯᠠ ᠪᠠᠷ ᠱᠠᠩᠨᠠᠵᠤ ᠪᠠᠢᠢᠨ᠎ᠠ᠃ ᠮᠣᠩᠭ᠋ᠣᠯᠴᠤᠳ ᠤᠨ ᠨᠠᠢᠢᠮᠠᠨ ᠬᠦᠮᠦᠨ ᠲᠤᠲᠤᠮ ᠤᠨ ᠨᠢᠭᠡ᠂ ᠨᠡᠢᠢᠰᠯᠡᠯᠴᠦᠳ ᠦᠨ ᠭᠤᠷᠪᠠᠨ ᠬᠦᠮᠦᠨ ᠲᠤᠲᠤᠮ ᠤᠨ ᠨᠢᠭᠡ ᠨᠢ 《ᠨᠢᠭᠡᠳᠦᠭᠡᠷ ᠲᠥᠷᠥᠬᠦ》 ᠭᠡᠵᠦ ᠣᠯᠠᠨ᠎ᠠ ᠨᠡᠷᠡᠰᠢᠭᠰᠡᠨ ᠡᠨᠡ ᠡᠮᠨᠡᠯᠭᠡ ᠳᠥ ᠮᠡᠨᠳᠦᠯᠡᠭᠰᠡᠨ ᠪᠠᠢᠢᠳᠠᠭ ᠪᠥᠭᠡᠳ ᠡᠬᠡ ᠪᠠᠷᠢᠬᠤ ᠡᠮᠴᠢ᠂ ᠬᠦᠢ ᠢᠢᠨ ᠡᠵᠢ ᠨᠠᠷᠠ ᠢᠢ ᠲᠥᠯᠦᠭᠡᠯᠡᠭᠦᠯᠦᠨ ᠲᠠᠨ ᠤ ᠨᠥᠷᠢ ᠬᠢᠴᠢᠶᠡᠩᠭᠦᠢ ᠬᠥᠳᠡᠯᠮᠦᠷᠢ ᠢᠢ ᠮᠣᠩᠭ᠋ᠣᠯ ᠤᠨ ᠲᠥᠷᠥ ᠦᠨᠡᠯᠡᠵᠦ ᠪᠠᠢᠢᠭ᠎ᠠ ᠶᠤᠮ᠃

ᠤᠰᠤᠵᠢᠭᠤᠯᠤᠯᠲᠠ᠂ ᠤᠰᠤᠨ ᠤ ᠰᠠᠯᠪᠤᠷᠢ ᠳᠤ ᠣᠯᠠᠨ ᠵᠢᠯ ᠦᠷ᠎ᠡ ᠪᠦᠲᠦᠭᠡᠯ ᠲᠡᠢ ᠠᠵᠢᠯᠯᠠᠵᠤ᠂ ᠭᠣᠪᠢ ᠢᠢ ᠤᠰᠤᠵᠢᠭᠤᠯᠬᠤ ᠲᠥᠰᠥᠯ ᠦᠳ ᠦᠨ ᠲᠧᠭᠨᠢᠭ ᠦᠨ ᠦᠨᠳᠦᠰᠦᠯᠡᠯ ᠢ ᠪᠣᠯᠪᠠᠰᠤᠷᠠᠭᠤᠯᠬᠤ᠂ ᠡᠬᠡ ᠣᠷᠣᠨ ᠤ ᠪᠠᠨ ᠤᠰᠤᠨ ᠤ ᠨᠥᠭᠡᠴᠡ ᠢᠢᠨ ᠮᠧᠨᠧᠵᠮᠧᠨᠲ ᠦᠨ ᠲᠥᠯᠥᠪᠯᠡᠭᠡ ᠪᠣᠯᠪᠠᠰᠤᠷᠠᠭᠤᠯᠬᠤ ᠵᠡᠷᠭᠡ ᠦᠢᠯᠡᠰ ᠲᠥ ᠴᠢᠷᠮᠠᠢᠢᠨ ᠠᠵᠢᠯᠯᠠᠭᠰᠠᠨ ᠢ ᠲᠠᠨᠢ ᠦᠨᠡᠯᠡᠵᠦ ᠨᠣᠷᠫᠢᠯ ᠤᠨ ᠴᠠᠭᠨ᠎ᠠ ᠲᠠᠨ ᠳᠤ ᠪᠠᠢᠢᠭᠠᠯᠢ ᠣᠷᠴᠢᠨ ᠤ ᠭᠠᠪᠢᠶᠠᠲᠤ ᠠᠵᠢᠯᠲᠠᠨ ᠴᠣᠯᠠ ᠣᠯᠭᠤᠵᠤ ᠪᠠᠢᠢᠨ᠎ᠠ᠃

ᠳᠠᠷᠬᠠᠨ ᠠᠭᠤᠯᠠ ᠠᠢᠢᠮᠠᠭ ᠤᠨ ᠢᠷᠭᠡᠨ ᠪᠣᠭᠣᠵᠢ ᠢᠢᠨ ᠴᠡᠸᠡᠩ ᠮᠣᠩᠭ᠋ᠣᠯ ᠤᠯᠤᠰ ᠤᠨ ᠭᠠᠪᠢᠶᠠᠲᠤ ᠲᠠᠷᠢᠶᠠᠯᠠᠩᠴᠢ ᠴᠣᠯᠠ ᠪᠠᠷ ᠱᠠᠩᠨᠠᠭᠳᠠᠵᠤ ᠪᠠᠢᠢᠨ᠎ᠠ᠃ 1961 ᠣᠨ ᠳᠤ ᠬᠣᠩᠭᠣᠷ ᠤᠨ ᠰᠠᠩ ᠤᠨ ᠠᠵᠤ ᠠᠬᠤᠢ ᠳᠤ ᠢᠯᠡᠭᠡᠯᠲᠡ ᠪᠡᠷ ᠢᠷᠡᠭᠰᠡᠨ ᠴᠠᠭ ᠠᠴᠠ ᠪᠠᠨ ᠬᠣᠢᠢᠰᠢ ᠥᠨᠥ ᠬᠦᠷᠲᠡᠯ᠎ᠡ ᠲᠠᠷᠢᠶᠠᠯᠠᠩ ᠤᠨ ᠲᠠᠯᠠᠪᠠᠢ ᠳᠤ ᠵᠢᠳᠬᠦᠵᠦ᠂ ᠵᠠᠯᠠᠭᠤ ᠲᠠᠷᠢᠶᠠᠯᠠᠩᠴᠢᠳ᠂ ᠬᠠᠳᠤᠯᠠᠩᠴᠢᠳ ᠢ ᠰᠤᠷᠭᠠᠨ ᠳᠠᠳᠤᠯᠭᠠᠵᠢᠭᠤᠯᠵᠤ᠂ ᠨᠤᠲᠤᠭ ᠣᠷᠣᠨ ᠳᠤ ᠪᠠᠨ ᠬᠦᠮᠦᠯᠢᠭ ᠰᠡᠳᠬᠢᠯ ᠢ ᠲᠠᠷᠠᠭᠠᠵᠤ ᠶᠠᠪᠤᠭ᠎ᠠ ᠢᠢ ᠲᠠᠨᠢ ᠡᠢᠢᠨ ᠬᠦ ᠦᠨᠡᠯᠡᠵᠦ ᠪᠠᠢᠢᠨ᠎ᠠ᠃

ᠥᠨᠥᠳᠥᠷ ᠱᠠᠩᠨᠠᠯ ᠬᠦᠷᠲᠡᠵᠦ ᠪᠠᠢᠢᠭ᠎ᠠ ᠪᠦᠬᠦ ᠮᠠᠩᠯᠠᠢᠢᠯᠠᠭᠴᠢᠳ᠂ ᠰᠠᠢᠢᠴᠤᠳ ᠲᠤ ᠬᠠᠯᠠᠭᠤᠨ ᠪᠠᠶᠠᠷ ᠬᠦᠷᠭᠡᠭᠡᠳ᠂ ᠠᠵᠢᠯ ᠠᠮᠢᠳᠤᠷᠠᠯ ᠳᠤ ᠲᠠᠨᠢ ᠰᠠᠢᠢᠨ ᠰᠠᠢᠢᠬᠠᠨ ᠪᠦᠬᠦᠨ ᠢ ᠬᠦᠰᠡᠨ ᠢᠷᠦᠭᠡᠶ᠎ᠡ᠃

ᠦᠢᠯᠡᠰ᠂ ᠪᠤᠶᠠᠨ ᠲᠠᠨᠢ ᠰᠦᠨ ᠳᠠᠯᠠᠢ ᠰᠢᠭ ᠠᠷᠪᠢᠨ ᠪᠣᠯᠲᠤᠭᠠᠢ᠃

ᠥᠯᠵᠡᠢ᠂ ᠬᠤᠲᠤᠭ ᠲᠠᠨᠢ ᠰᠦᠮᠪᠦᠷ ᠠᠭᠤᠯᠠ ᠰᠢᠭ ᠪᠠᠲᠤ ᠪᠣᠯᠲᠤᠭᠠᠢ᠂

ᠮᠥᠩᠬᠡ ᠲᠩᠷᠢ ᠢᠢᠨ ᠬᠦᠴᠦᠨ ᠳᠦᠷ ᠮᠣᠩᠭ᠋ᠣᠯ ᠤᠯᠤᠰ ᠡᠭᠦᠷᠢᠳᠡ ᠪᠠᠳᠠᠷᠠᠭ》 ᠭᠡᠯ᠎ᠡ᠃