ᠮᠣᠩᠭᠣᠯ ᠤᠯᠤᠰ ᠤᠨ ᠶᠡᠷᠦᠩᠬᠡᠶᠢᠯᠡᠭᠴᠢ ᠬ ∙ ᠪᠠᠲᠤᠲᠤᠯᠭ᠎ᠠ ᠱᠠᠭ᠎ᠠ ᠶᠢᠨ ᠠᠰᠠᠷ ᠢᠶᠠᠷ ᠵᠣᠴᠢᠯᠠᠪᠠ

ᠮᠣᠩᠭ᠋ᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠰᠤᠷ ᠤᠨ ᠲᠠᠯᠠᠪᠠᠢ ᠪᠠᠷ ᠵᠣᠴᠢᠯᠠᠵᠤ᠂ ᠳᠠᠭᠤᠲᠤ ᠰᠤᠮᠤ ᠬᠠᠷᠪᠤᠭᠰᠠᠨ ᠤ ᠪᠠᠨ ᠳᠠᠷᠠᠭ᠎ᠠ ᠱᠠᠭ᠎ᠠ ᠢᠢᠨ ᠠᠰᠠᠷ ᠢᠶᠠᠷ ᠵᠣᠴᠢᠯᠠᠵᠤ ᠬᠠᠷᠪᠤᠭᠠᠴᠢ᠂ ᠨᠠᠭᠠᠳᠤᠮᠴᠢᠨ ᠣᠯᠠᠨ ᠲᠠᠢ ᠮᠡᠨᠳᠦᠴᠢᠯᠡᠯ᠎ᠡ᠃ ᠮᠥᠨ ᠲᠥᠷᠦ ᠢᠢᠨ ᠲᠡᠷᠢᠭᠦᠨ ᠱᠠᠭ᠎ᠠ ᠢᠢᠨ ᠠᠰᠠᠷ ᠲᠤ ᠵᠣᠴᠢᠯᠠᠬᠤ ᠦᠶ᠎ᠡ ᠪᠡᠷ ᠢᠶᠡᠨ ᠤᠯᠠᠮᠵᠢᠯᠠᠯ ᠤᠨ ᠳᠠᠭᠠᠭᠤ ᠶᠢᠰᠦᠨ ᠲᠣᠬᠣᠢ ᠵᠠᠢ ᠠᠴᠠ ᠱᠠᠭ᠎ᠠ ᠬᠠᠷᠪᠤᠵᠤ᠂ ᠨᠠᠭᠠᠳᠤᠮᠴᠢᠨ ᠣᠯᠠᠨ ᠳᠤ ᠬᠦᠨᠳᠦᠳᠬᠡᠯ ᠦᠵᠡᠭᠦᠯᠦᠯ᠎ᠡ᠃

 

ᠮᠣᠩᠭ᠋ᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠢᠢ ᠱᠠᠭ᠎ᠠ ᠢᠢᠨ ᠠᠰᠠᠷ ᠢᠶᠠᠷ ᠵᠣᠴᠢᠯᠠᠬᠤ ᠦᠶ᠎ᠡ ᠪᠡᠷ 46 ᠪᠠᠭ ᠴᠡᠴᠡ᠂ ᠮᠡᠷᠭᠡᠨ ᠢᠶᠡᠨ ᠰᠣᠷᠢᠨ ᠥᠷᠢᠰᠦᠯᠳᠦᠵᠦ ᠪᠠᠢᠢᠭᠰᠠᠨ ᠪᠥᠭᠡᠳ ᠬᠠᠮᠤᠭ ᠤᠨ ᠵᠠᠯᠠᠭᠤ ᠬᠠᠷᠪᠤᠭᠠᠴᠢ ᠨᠢ ᠡᠮᠦᠨᠡᠭᠣᠪᠢ ᠠᠢᠢᠮᠠᠭ ᠠᠴᠠ ᠢᠷᠡᠭᠰᠡᠨ 14 ᠨᠠᠰᠤᠲᠠᠢ ᠬᠦᠦ᠂ ᠬᠠᠮᠤᠭ ᠤᠨ ᠠᠬᠠᠮᠠᠳ ᠨᠢ ᠳᠤᠮᠳᠠᠭᠤᠪᠢ ᠠᠢᠢᠮᠠᠭ ᠠᠴᠠ ᠢᠷᠡᠭᠰᠡᠨ 85 ᠨᠠᠰᠤᠲᠠᠢ ᠬᠠᠷᠪᠤᠭᠠᠴᠢ ᠪᠠᠢᠢᠭᠰᠠᠨ ᠶᠤᠮ᠃