Та "Internet explorer"-ийн сүүлийн хувилбар болох "Microsoft edge"-г ашиглана уу

Хэрэв "Microsoft edge"-г татах бол энд дарж татаж авна уу

ᠮᠣᠩᠭᠣᠯ ᠤᠯᠤᠰ ᠤᠨ ᠶᠡᠷᠦᠩᠬᠡᠶᠢᠯᠡᠭᠴᠢ ᠶᠢᠨ ᠵᠠᠷᠯᠢᠭ ᠢᠶᠠᠷ ᠨ ∙ ᠪᠠᠲᠤᠰᠠᠭᠤᠷᠢ ᠳᠤ ᠤᠯᠤᠰ ᠤᠨ ᠠᠪᠤᠷᠭᠤ ᠴᠣᠯᠠ ᠣᠯᠭᠤᠯ᠎ᠠ

ᠮᠣᠩᠭ᠋ᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠵᠠᠷᠯᠢᠭ ᠭᠠᠷᠭᠠᠵᠤ᠂ ᠲᠤᠯᠭᠤᠷ ᠲᠥᠷᠦ ᠢᠢᠨ 2227᠂ ᠶᠡᠬᠡ ᠮᠣᠩᠭ᠋᠋ᠣᠯ ᠤᠯᠤᠰ ᠤᠨ 812᠂ ᠦᠨᠳᠦᠰᠦᠨ ᠦ ᠡᠷᠬᠡ ᠴᠢᠯᠦᠭᠡᠨ ᠦ ᠬᠤᠪᠢᠰᠬᠠᠯ ᠤᠨ 107 ᠂ ᠠᠷᠠᠳ ᠤᠨ ᠬᠤᠪᠢᠰᠬᠠᠯ ᠤᠨ 97 ᠵᠢᠯ ᠦᠨ ᠣᠢ᠂ ᠠᠷᠠᠳᠴᠢᠯᠠᠭᠰᠠᠨ ᠬᠤᠪᠢᠰᠬᠠᠯ ᠤᠨ 29 ᠵᠢᠯ ᠦᠨ ᠣᠢ᠂ ᠦᠨᠳᠦᠰᠦᠨ ᠦ ᠶᠡᠬᠡ ᠪᠠᠶᠠᠷ ᠨᠠᠭᠠᠳᠤᠮ ᠤᠨ ᠬᠦᠴᠦᠲᠦ ᠪᠥᠬᠡ ᠢᠢᠨ ᠪᠠᠷᠢᠯᠳᠤᠭᠠᠨ ᠳᠤ ᠶᠢᠰᠦ ᠳᠠᠪᠠᠨ ᠲᠦᠷᠦᠭᠦᠯᠡᠭᠰᠡᠨ ᠤᠪᠰᠤ ᠠᠢᠢᠮᠠᠭ ᠤᠨ ᠬᠣᠪᠲᠣ ᠰᠤᠮᠤ ᠢᠢᠨ ᠬᠠᠷᠢᠶᠠᠲᠤ᠂ 《ᠤᠪᠰᠤ ᠨᠠᠭᠤᠷ》 ᠳᠡᠪᠵᠢᠭᠡᠨ ᠦ ᠪᠥᠬᠡ ᠨᠠᠮᠰᠠᠷᠠᠢᠢᠵᠠᠪ ᠤᠨ ᠪᠠᠲᠤᠰᠠᠭᠤᠷᠢ ᠳᠤ 《ᠤᠯᠤᠰ ᠤᠨ ᠠᠪᠤᠷᠭᠤ》 ᠴᠣᠯᠠ ᠣᠯᠭᠤᠯ᠎ᠠ᠃

 

ᠮᠣᠩᠭ᠋ᠣᠯ ᠤᠯᠤᠰ ᠤᠨ ᠶᠡᠷᠦᠩᠬᠡᠢᠢᠯᠡᠭᠴᠢ ᠢᠢᠨ ᠵᠠᠷᠯᠢᠭ ᠢ ᠮᠣᠩᠭ᠋ᠣᠯ ᠤᠯᠤᠰ ᠤᠨ ᠶᠡᠷᠦᠩᠬᠡᠢᠢᠯᠡᠭᠴᠢ ᠢᠢᠨ ᠲᠠᠮᠠᠭ᠎ᠠ ᠢᠢᠨ ᠭᠠᠵᠠᠷ ᠤᠨ ᠳᠠᠷᠤᠭ᠎ᠠ ᠵ ∙ ᠡᠩᠬᠡᠪᠣᠯᠤᠳ ᠤᠩᠰᠢᠵᠤ ᠰᠣᠨᠣᠷᠳᠠᠭᠤᠯᠪᠠ᠃

 

ᠳᠠᠷᠠᠭ᠎ᠠ ᠨᠢ ᠮᠣᠩᠭ᠋ᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠤᠯᠤᠰ ᠤᠨ ᠠᠪᠤᠷᠭᠤ ᠴᠣᠯᠠᠨ ᠤ ᠦᠨᠡᠮᠯᠡᠬᠦ ᠢᠢ ᠨᠢ ᠭᠠᠷᠳᠠᠭᠤᠯᠤᠨ ᠥᠭᠴᠦ᠂ ᠡᠩᠭᠡᠷ ᠦᠨ ᠲᠡᠮᠳᠡᠭ ᠢ ᠨᠢ ᠵᠡᠭᠦᠵᠦ ᠥᠭᠯᠥᠭᠡ᠃ ᠮᠥᠨ ᠦᠨᠳᠦᠰᠦᠨ ᠦ ᠶᠡᠬᠡ ᠪᠠᠶᠠᠷ ᠨᠠᠭᠠᠳᠤᠮ ᠤᠨ ᠬᠦᠴᠦᠲᠦ ᠪᠥᠬᠡ ᠢᠢᠨ ᠪᠠᠷᠢᠯᠳᠤᠭᠠᠨ ᠳᠤ ᠦᠵᠦᠭᠦᠷᠯᠡᠭᠰᠡᠨ ᠠᠷᠤᠬᠠᠩᠭ᠋ᠠᠢ ᠠᠢᠢᠮᠠᠭ ᠤᠨ ᠬᠠᠰᠢᠶᠠᠳᠤ ᠰᠤᠮᠤ ᠢᠢᠨ ᠬᠠᠷᠢᠶᠠᠲᠤ᠂ ᠤᠯᠤᠰ ᠤᠨ ᠠᠪᠤᠷᠭᠤ ᠴᠢᠮᠢᠳᠷᠢᠭᠵᠢᠨ ᠦ ᠰᠠᠩᠵᠠᠢᠢᠳᠠᠮᠪᠠ ᠳᠤ ᠳᠤᠷᠠᠰᠬᠠᠯ ᠤᠨ ᠵᠦᠢᠯᠡᠰ ᠭᠠᠷᠳᠠᠭᠤᠯᠵᠤ᠂ ᠪᠠᠶᠠᠷ ᠬᠦᠷᠭᠡᠪᠡ᠃