Та "Internet explorer"-ийн сүүлийн хувилбар болох "Microsoft edge"-г ашиглана уу

Хэрэв "Microsoft edge"-г татах бол энд дарж татаж авна уу

ᠮᠣᠩᠭᠣᠯ ᠤᠯᠤᠰ ᠤᠨ ᠶᠡᠷᠦᠩᠬᠡᠶᠢᠯᠡᠭᠴᠢ ᠬ ∙ ᠪᠠᠲᠤᠲᠤᠯᠭ᠎ᠠ ᠦᠨᠳᠦᠰᠦᠨ ᠦ ᠶᠡᠬᠡ ᠪᠠᠶᠠᠷ ᠨᠠᠭᠠᠳᠤᠮ ᠢ ᠬᠠᠭᠠᠵᠤ ᠦᠭᠡ ᠬᠡᠯᠡᠯ᠎ᠡ

ᠮᠣᠩᠭ᠋ᠣᠯ ᠤᠯᠤᠰ ᠤᠨ ᠶᠡᠷᠦᠩᠬᠡᠢᠢᠯᠡᠭᠴᠢ ᠬ ∙ ᠲᠤᠯᠭᠤᠷ ᠲᠥᠷᠦ ᠢᠢᠨ 2227᠂ ᠶᠡᠬᠡ ᠮᠣᠩᠭ᠋᠋ᠣᠯ ᠤᠯᠤᠰ ᠤᠨ 812᠂ ᠦᠨᠳᠦᠰᠦᠨ ᠦ ᠡᠷᠬᠡ ᠴᠢᠯᠦᠭᠡᠨ ᠦ ᠬᠤᠪᠢᠰᠬᠠᠯ ᠤᠨ 107 ᠂ ᠠᠷᠠᠳ ᠤᠨ ᠬᠤᠪᠢᠰᠬᠠᠯ ᠤᠨ 97 ᠵᠢᠯ ᠦᠨ ᠣᠢ᠂ ᠠᠷᠠᠳᠴᠢᠯᠠᠭᠰᠠᠨ ᠬᠤᠪᠢᠰᠬᠠᠯ ᠤᠨ 29 ᠵᠢᠯ ᠦᠨ ᠣᠢ᠂ ᠦᠨᠳᠦᠰᠦᠨ ᠦ ᠶᠡᠬᠡ ᠪᠠᠶᠠᠷ ᠨᠠᠭᠠᠳᠤᠮ ᠢ ᠬᠠᠭᠠᠵᠤ ᠦᠭᠡ ᠬᠡᠯᠡᠯ᠎ᠡ᠃

 

ᠮᠣᠩᠭ᠋ᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠦᠨᠳᠦᠰᠦᠨ ᠦ ᠶᠡᠬᠡ ᠪᠠᠶᠠᠷ ᠨᠠᠭᠠᠳᠤᠮ ᠢ ᠬᠠᠭᠠᠵᠤ᠄

 

《ᠨᠠᠭᠠᠳᠤᠮᠴᠢᠨ ᠣᠯᠠᠨ ᠮᠣᠩᠭ᠋ᠣᠯᠴᠤᠳ ᠠ᠋᠂

 

ᠮᠣᠩᠭ᠋ᠣᠯ ᠤᠯᠠᠮᠵᠢᠯᠠᠯ᠂ ᠶᠣᠰᠣ ᠵᠠᠩᠰᠢᠯ᠂ ᠤᠷᠠᠯᠢᠭ ᠰᠤᠶᠤᠯ ᠳᠡᠯᠭᠡᠷᠴᠦ᠂ ᠬᠡᠦᠬᠡᠳ ᠦᠨ ᠭᠡᠢᠢᠩᠭ᠋ᠣᠣ ᠬᠠᠳᠠᠨ᠂ ᠮᠡᠷᠭᠡᠨ ᠬᠠᠷᠪᠤᠭᠠᠴᠢᠳ ᠤᠤᠬᠠᠢᠢᠯᠠᠵᠤ᠂ ᠬᠦᠴᠦᠲᠦ ᠪᠥᠬᠡᠴᠦᠳ ᠰᠢᠪᠠᠵᠤ᠂ ᠳᠡᠪᠢᠭ᠍ᠰᠡᠨ ᠰᠠᠢᠢᠬᠠᠨ ᠡᠳᠦᠷ ᠦᠳ ᠨᠠᠭᠠᠳᠤᠮ ᠤᠨ ᠲᠦᠷᠦᠭᠦᠦ ᠮᠠᠩᠨᠠᠢ ᠢᠢ ᠪᠦᠬᠦ ᠲᠥᠷᠥᠯ ᠢᠶᠡᠷ ᠲᠣᠳᠣᠷᠠᠭᠤᠯᠤᠭᠰᠠᠨ ᠢᠶᠠᠷ ᠥᠨᠳᠥᠷᠯᠡᠯ᠎ᠡ᠃ ᠮᠣᠩᠭ᠋ᠣᠯ ᠨᠠᠭᠠᠳᠤᠮ ᠢ ᠵᠢᠯ ᠲᠣᠭᠣᠷᠢᠨ ᠲᠡᠰᠦᠨ ᠶᠠᠳᠠᠨ ᠬᠦᠯᠢᠶᠡᠵᠦ᠂ ᠬᠥᠯᠥᠰᠥ ᠬᠦᠴᠦ᠂ ᠤᠬᠠᠭᠠᠨ ᠰᠠᠮᠪᠠᠭ᠎ᠠ ᠪᠠᠨ ᠰᠢᠪᠬᠠᠨ ᠪᠡᠯᠡᠳᠴᠦ ᠣᠷᠣᠯᠴᠠᠭᠰᠠᠨ ᠪᠦᠬᠦ ᠨᠠᠭᠠᠳᠤᠮᠴᠢᠳ ᠲᠤ ᠪᠠᠨ ᠪᠠᠶᠠᠷᠯᠠᠯ᠎ᠠ᠃ ᠲᠠ ᠨᠠᠷ ᠤᠨ ᠨᠥᠷᠢ ᠶᠡᠬᠡ ᠬᠥᠳᠡᠯᠮᠦᠷᠢ᠂ ᠤᠯᠠᠮᠵᠢᠯᠠᠯ ᠰᠤᠶᠤᠯ ᠢᠶᠠᠨ ᠳᠡᠭᠡᠳᠦᠯᠡᠭᠰᠡᠨ ᠠᠷᠢᠭᠤᠨ ᠰᠡᠳᠬᠢᠯ᠂ ᠰᠫᠣᠷᠲ ᠲᠤ ᠰᠢᠮᠡᠳᠦᠬᠦ ᠳᠤᠷ᠎ᠠ ᠰᠣᠨᠢᠷᠬᠠᠯ ᠳᠡᠭᠡᠷ᠎ᠡ ᠮᠣᠩᠭ᠋ᠣᠯ ᠨᠠᠭᠠᠳᠤᠮ ᠣᠷᠣᠰᠢᠵᠤ᠂ ᠳᠡᠪᠵᠢᠨ ᠳᠡᠯᠭᠡᠷᠴᠦ ᠪᠠᠢᠢᠳᠠᠭ ᠰᠢᠦ᠃

 

ᠨᠠᠭᠠᠳᠤᠮ ᠢ ᠦᠵᠡᠵᠦ ᠰᠣᠨᠢᠷᠬᠠᠭᠰᠠᠨ᠂ ᠳᠠᠮᠵᠢᠭᠤᠯᠵᠤ ᠮᠡᠳᠡᠭᠡᠯᠡᠭᠰᠡᠨ᠂ ᠳᠡᠮᠵᠢᠵᠦ ᠤᠤᠬᠠᠢᠢᠯᠠᠭᠰᠠᠨ ᠪᠦᠬᠦ ᠬᠦᠮᠦᠨ ᠳᠥ ᠠᠮᠵᠢᠯᠲᠠ ᠢᠷᠦᠭᠡᠶ᠎ᠡ᠃ ᠡᠨᠡ ᠴᠠᠭ ᠦᠶ᠎ᠡ ᠳᠥ ᠡᠬᠡ ᠣᠷᠣᠨ ᠳᠤ ᠪᠠᠨ ᠪᠠᠢᠢᠬᠤ ᠦᠭᠡᠢ ᠠᠯᠤᠰ ᠠᠴᠠ ᠢᠨ᠋ᠲ᠋ᠧᠷᠨᠡᠲ᠂ ᠲᠧᠯᠧᠸᠢᠽ ᠢᠶᠡᠷ ᠦᠵᠡᠵᠦ ᠰᠣᠨᠢᠷᠬᠠᠨ᠂ ᠨᠠᠰᠢ ᠪᠠᠨ ᠴᠢᠬᠢ ᠲᠠᠯᠪᠢᠨ ᠬᠠᠮᠲᠤ ᠳᠤ ᠪᠠᠨ ᠨᠠᠭᠠᠳᠴᠤ᠂ ᠳᠡᠮᠵᠢᠳᠡᠭ ᠪᠥᠬᠡ ᠪᠡᠨ ᠳᠠᠭᠠᠨ ᠥᠨᠳᠡᠯᠵᠡᠵᠦ᠂ ᠬᠤᠷᠳᠤᠨ ᠬᠦᠯᠦᠭ ᠦᠳ ᠢᠶᠡᠨ ᠬᠠᠷᠠᠨ ᠣᠭᠰᠢᠵᠤ ᠰᠠᠭᠤᠭᠰᠠᠨ ᠭᠠᠳᠠᠭᠠᠳᠤ ᠳᠤ ᠪᠤᠢ ᠮᠣᠩᠭ᠋ᠣᠯᠴᠤᠳ᠂ ᠲᠠᠷᠬᠠᠨ ᠰᠠᠭᠤᠷᠢᠰᠢᠭ᠌ᠰᠠᠨ ᠮᠣᠩᠭ᠋ᠣᠯ ᠦᠨᠳᠦᠰᠦᠲᠡᠨ ᠨᠦᠭᠦᠳ ᠲᠡᠭᠡᠨ ᠪᠠᠰᠠ ᠪᠠᠶᠠᠷᠯᠠᠯ᠎ᠠ᠃ ᠮᠣᠩᠭ᠋ᠣᠯ ᠨᠠᠭᠠᠳᠤᠮ ᠪᠣᠯ ᠪᠦᠬᠦ ᠮᠣᠩᠭ᠋ᠣᠯ ᠦᠨᠳᠦᠰᠦᠲᠡᠨ ᠢ ᠰᠣᠷᠢᠨᠵᠢ ᠮᠡᠲᠦ ᠲᠠᠲᠠᠨ᠂ ᠠᠩᠬᠠᠷᠤᠯ ᠢ ᠨᠢ ᠡᠨᠡ ᠬᠡᠳᠦᠨ ᠡᠳᠦᠷ ᠮᠣᠩᠭ᠋ᠣᠯ ᠤᠯᠤᠰ ᠲᠠᠢ᠂ ᠨᠡᠢᠢᠰᠯᠡᠯ ᠤᠯᠠᠭᠠᠨᠪᠠᠭᠠᠲᠤᠷ ᠲᠠᠢ ᠤᠶᠠᠵᠤ ᠴᠢᠳᠠᠳᠠᠭ ᠴᠥᠭᠡᠬᠡᠨ ᠵᠦᠢᠯᠡᠰ ᠦᠨ ᠨᠢᠭᠡ᠃ ᠡᠨᠡ ᠪᠣᠯ ᠮᠣᠩᠭ᠋ᠣᠯ ᠪᠢᠳᠡᠨ ᠦ ᠨᠢᠭᠡᠳᠦᠨ ᠨᠢᠭ᠌ᠲᠠᠷᠠᠬᠤ᠂ ᠳᠡᠭᠡᠳᠦᠯᠡᠨ ᠰᠦᠰᠦᠯᠡᠬᠦ ᠦᠨᠡᠲᠦ ᠵᠦᠢᠯᠡᠰ ᠦᠨ ᠨᠢᠭᠡ᠃

 

ᠪᠢᠳᠡᠨ ᠦ ᠤᠯᠠᠮᠵᠢᠯᠠᠯ ᠰᠤᠶᠤᠯ ᠢ ᠬᠦᠨᠳᠦᠳᠬᠡᠨ᠂ ᠮᠣᠩᠭ᠋ᠣᠯ ᠣᠷᠣᠨ ᠳᠤ ᠴᠠᠭ ᠵᠠᠪ ᠢᠶᠠᠨ ᠵᠣᠷᠢᠭᠤᠯᠤᠨ ᠢᠷᠡᠵᠦ ᠨᠠᠭᠠᠳᠤᠮ ᠢ ᠦᠵᠡᠵᠦ ᠰᠣᠨᠢᠷᠬᠠᠭᠰᠠᠨ ᠭᠠᠳᠠᠭᠠᠳᠤ ᠢᠢᠨ ᠵᠣᠴᠢᠳ᠂ ᠲᠥᠯᠥᠭᠡᠯᠡᠭᠴᠢᠳ ᠲᠥ ᠲᠠᠯᠠᠷᠬᠠᠯ ᠢᠯᠡᠷᠬᠡᠢᠢᠯᠡᠵᠦ᠂ ᠰᠠᠢᠢᠨ ᠰᠠᠢᠢᠬᠠᠨ ᠪᠦᠬᠦᠨ ᠢ ᠬᠦᠰᠡᠶ᠎ᠡ᠃

 

ᠮᠣᠩᠭ᠋ᠣᠯ ᠨᠠᠭᠠᠳᠤᠮ ᠥᠨᠳᠥᠷᠯᠡᠵᠦ ᠪᠠᠢᠢᠨ᠎ᠠ᠃ ᠢᠷᠡᠬᠦ ᠵᠢᠯ ᠦᠨ ᠨᠠᠭᠠᠳᠤᠮ ᠢᠶᠠᠷ ᠠᠬᠢᠨ ᠪᠠᠶᠠᠷᠲᠠᠢ ᠪᠠᠷ ᠠᠭᠤᠯᠵᠠᠵᠠᠭᠠᠶ᠎ᠠ᠂ ᠨᠠᠭᠠᠳᠴᠠᠭᠠᠶ᠎ᠠ᠃

 

ᠢᠪᠡᠭᠡᠯᠲᠦ ᠨᠠᠷᠠᠨ ᠮᠡᠲᠦ ᠰᠠᠢᠢᠨ ᠦᠢᠯᠡᠰ ᠳᠡᠯᠭᠡᠷᠡᠭᠰᠡᠭᠡᠷ ᠬᠠᠮᠤᠭ ᠶᠢᠷᠲᠢᠨᠴᠦ ᠭᠡᠢᠢᠬᠦ ᠪᠣᠯᠲᠤᠭᠠᠢ᠃

 

ᠮᠥᠩᠬᠡ ᠲᠩᠷᠢ ᠢᠢᠨ ᠬᠦᠴᠦᠨ ᠳᠦᠷ ᠮᠣᠩᠭ᠋ᠣᠯ ᠤᠯᠤᠰ ᠴᠡᠴᠡᠭᠯᠡᠨ ᠬᠥᠭ᠍ᠵᠢᠬᠦ ᠪᠣᠯᠲᠤᠭᠠᠢ》 ᠭᠡᠯ᠎ᠡ᠃

 

ᠮᠣᠩᠭ᠋ᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠢᠢ ᠦᠭᠡ ᠬᠡᠯᠡᠵᠦ ᠳᠠᠭᠤᠰᠤᠭᠰᠠᠨ ᠤ ᠳᠠᠷᠠᠭ᠎ᠠ ᠲᠥᠷᠥ ᠢᠢᠨ ᠶᠢᠰᠦᠨ ᠬᠥᠯᠲᠦ᠂ ᠴᠠᠭᠠᠨ ᠲᠤᠭ ᠢ ᠲᠥᠷᠥ ᠢᠢᠨ ᠣᠷᠳᠣᠨ ᠳᠤ ᠶᠣᠰᠣᠯᠠᠯ ᠲᠡᠭᠦᠯᠳᠡᠷ ᠵᠠᠯᠠᠯ᠎ᠠ᠃