Та "Internet explorer"-ийн сүүлийн хувилбар болох "Microsoft edge"-г ашиглана уу

Хэрэв "Microsoft edge"-г татах бол энд дарж татаж авна уу

ᠮᠣᠩ᠍ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠤᠯᠤᠰ ᠤᠨ ᠶᠡᠬᠡ ᠬᠤᠷᠠᠯ ᠤᠨ ᠳᠠᠷᠤᠭ᠎ᠠ ᠮ ∙ ᠡᠩᠬᠡᠪᠣᠯᠤᠳ ᠲᠤ ᠡᠭᠡᠯᠵᠢᠲᠦ ᠪᠤᠰᠤ ᠴᠢᠭᠤᠯᠭᠠᠨ ᠵᠠᠷᠯᠠᠬᠤ ᠬᠤᠭᠤᠴᠠᠭ᠎ᠠ ᠢᠢ ᠲᠣᠬᠢᠷᠠᠯᠴᠠᠬᠤ ᠲᠤᠬᠠᠢ ᠠᠯᠪᠠᠨ ᠪᠢᠴᠢᠭ ᠬᠦᠷᠭᠡᠭᠦᠯᠦᠯ᠎ᠡ

ᠮᠣᠩ᠍ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠥᠨᠥᠳᠥᠷ ᠮᠣᠩ᠍ᠭᠣᠯ ᠤᠯᠤᠰ ᠤᠨ ᠶᠡᠬᠡ ᠬᠤᠷᠠᠯ ᠤᠨ ᠳᠠᠷᠤᠭ᠎ᠠ ᠮ ∙ ᠡᠩᠬᠡᠪᠣᠯᠤᠳ ᠲᠤ ᠡᠭᠡᠯᠵᠢᠲᠦ ᠪᠤᠰᠤ ᠴᠢᠭᠤᠯᠭᠠᠨ ᠵᠠᠷᠯᠠᠬᠤ ᠬᠤᠭᠤᠴᠠᠭ᠎ᠠ ᠢᠢ ᠲᠣᠬᠢᠷᠠᠯᠴᠠᠬᠤ ᠲᠤᠬᠠᠢ ᠠᠯᠪᠠᠨ ᠪᠢᠴᠢᠭ᠌ ᠢᠯᠡᠭᠡᠯ᠎ᠡ᠃

ᠠᠯᠪᠠᠨ ᠪᠢᠴᠢᠭ᠌ ᠲᠥ᠄

《ᠲᠠᠨ ᠠᠴᠠ ᠢᠷᠡᠭᠦᠯᠦᠭᠰᠡᠨ 2018 ᠣᠨ ᠤ 07 ᠳ᠋ᠤᠭᠠᠷ ᠰᠠᠷ᠎ᠠ ᠢᠢᠨ 19 ᠍ ᠦ ᠡᠳᠦᠷ ᠦᠨ 1/8637 ᠳ᠋ᠤᠭᠠᠷ ᠠᠯᠪᠠᠨ ᠪᠢᠴᠢᠭ᠌ ᠲᠡᠢ ᠲᠠᠨᠢᠯᠴᠠᠯ᠎ᠠ᠃ ᠤᠭ ᠠᠯᠪᠠᠨ ᠪᠢᠴᠢᠭ᠌ ᠲᠥ 《…ᠡᠭᠡᠯᠵᠢᠲᠦ ᠪᠤᠰᠤ ᠴᠢᠭᠤᠯᠭᠠᠨ ᠢᠶᠠᠷ ᠬᠡᠯᠡᠯᠴᠡᠬᠦ ᠠᠰᠠᠭᠤᠳᠠᠯ ᠢ ᠬᠣᠯᠪᠣᠭᠳᠠᠬᠤ ᠪᠠᠢᠢᠩᠭ᠋ᠤ ᠢᠢᠨ ᠬᠣᠷᠢᠶ᠎ᠠ ᠬᠡᠯᠡᠯᠴᠡᠭᠰᠡᠨ ᠦ ᠳᠠᠷᠠᠭ᠎ᠠ ᠡᠭᠡᠯᠵᠢᠲᠦ ᠪᠤᠰᠤ ᠴᠢᠭᠤᠯᠭᠠᠨ ᠵᠠᠷᠯᠠᠨ ᠬᠤᠷᠠᠯᠳᠤᠭᠤᠯᠬᠤ ᠲᠣᠪ ᠢ ᠲᠣᠭᠲᠠᠭᠠᠬᠤ ᠪᠠᠷ ᠰᠢᠢᠳᠪᠦᠷᠢᠯᠡᠭᠰᠡᠨ…》 ᠭᠡᠵᠦ ᠳᠤᠷᠠᠳᠴᠠᠢ᠃

ᠮᠣᠩ᠍ᠭᠣᠯ ᠤᠯᠤᠰ ᠤᠨ ᠦᠨᠳᠦᠰᠦᠨ ᠬᠠᠤᠯᠢ ᠢᠢᠨ ᠬᠣᠷᠢᠨ ᠳᠣᠯᠣᠳᠤᠭᠠᠷ ᠵᠦᠢᠯ ᠦᠨ 3 ᠳ᠋ᠠᠬᠢ ᠬᠡᠰᠡᠭ ᠲᠥ 《ᠤᠯᠤᠰ ᠤᠨ ᠶᠡᠬᠡ ᠬᠤᠷᠠᠯ ᠤᠨ ᠭᠡᠰᠢᠭᠦᠳ ᠦᠨ ᠭᠤᠷᠪᠠᠨ ᠤ ᠨᠢᠭᠡ ᠡᠴᠡ ᠳᠡᠭᠡᠭ᠍ᠰᠢᠬᠢ ᠢᠢᠨ ᠱᠠᠭᠠᠷᠳᠠᠭ᠌ᠰᠠᠨ ᠢᠶᠠᠷ᠂ ᠡᠰᠡᠬᠦᠯ᠎ ᠶᠡᠷᠦᠩᠬᠡᠢᠢᠯᠡᠭᠴᠢ᠂ ᠤᠯᠤᠰ ᠤᠨ ᠶᠡᠬᠡ ᠬᠤᠷᠠᠯ ᠤᠨ ᠳᠠᠷᠤᠭ᠎ᠠ ᠢᠢᠨ ᠰᠠᠨᠠᠭᠠᠴᠢᠯᠠᠭ᠎ᠠ ᠪᠠᠷ ᠡᠭᠡᠯᠵᠢᠲᠦ ᠪᠤᠰᠤ ᠴᠢᠭᠤᠯᠭᠠᠨ ᠴᠢᠭᠤᠯᠵᠤ ᠪᠣᠯᠤᠨ᠎ᠠ》᠂ ᠬᠣᠷᠢᠨ ᠳᠣᠯᠣᠳᠤᠭᠠᠷ ᠵᠦᠢᠯ ᠦᠨ 4 ᠳ᠋ᠡᠬᠢ ᠬᠡᠰᠡᠭ ᠲᠥ 《…ᠴᠢᠭᠤᠯᠭᠠᠨ ᠢ ᠤᠯᠤᠰ ᠤᠨ ᠶᠡᠬᠡ ᠬᠤᠷᠠᠯ ᠤᠨ ᠳᠠᠷᠤᠭ᠎ᠠ ᠲᠣᠪᠯᠠᠨ ᠵᠠᠷᠯᠠᠨ᠎ᠠ》 ᠭᠡᠵᠦ ᠵᠢᠭᠠᠭᠰᠠᠨ ᠪᠠᠢᠢᠳᠠᠭ᠃

ᠮᠥᠨ ᠮᠣᠩ᠍ᠭᠣᠯ ᠤᠯᠤᠰ ᠤᠨ ᠶᠡᠬᠡ ᠬᠤᠷᠠᠯ ᠤᠨ ᠲᠤᠬᠠᠢ ᠬᠠᠤᠯᠢ ᠢᠢᠨ 16 ᠳ᠋ᠤᠭᠠᠷ ᠵᠦᠢᠯ ᠦᠨ 16.2 ᠳ᠋ᠠᠬᠢ ᠬᠡᠰᠡᠭ ᠲᠥ 《ᠡᠭᠡᠯᠵᠢᠲᠦ ᠪᠤᠰᠤ ᠴᠢᠭᠤᠯᠭᠠᠨ ᠢ ᠨᠡᠢᠢᠲᠡ ᠭᠡᠰᠢᠭᠦᠨ ᠦ ᠭᠤᠷᠪᠠᠨ ᠤ ᠨᠢᠭᠡ ᠡᠴᠡ ᠳᠡᠭᠡᠭ᠍ᠰᠢᠬᠢ ᠢᠢᠨ ᠱᠠᠭᠠᠷᠳᠠᠭᠰᠠᠨ ᠢᠶᠠᠷ᠂ ᠡᠰᠡᠬᠦᠯ᠎ ᠶᠡᠷᠦᠩᠬᠡᠢᠢᠯᠡᠭᠴᠢ᠂ ᠤᠯᠤᠰ ᠤᠨ ᠶᠡᠬᠡ ᠬᠤᠷᠠᠯ ᠤᠨ ᠳᠠᠷᠤᠭ᠎ᠠ ᠢᠢᠨ ᠰᠠᠨᠠᠭᠠᠴᠢᠯᠠᠭ᠎ᠠ ᠪᠠᠷ ᠬᠤᠷᠠᠯᠳᠤᠭᠤᠯᠤᠨ᠎ᠠ》᠂ 16.3 ᠳ᠋ᠠᠬᠢ ᠬᠡᠰᠡᠭ ᠲᠥ 《ᠶᠡᠷᠦᠩᠬᠡᠢᠢᠯᠡᠭᠴᠢ ᠪᠣᠯᠤᠨ ᠤᠯᠤᠰ ᠤᠨ ᠶᠡᠬᠡ ᠬᠤᠷᠠᠯ ᠤᠨ ᠭᠡᠰᠢᠭᠦᠳ ᠨᠢ ᠡᠭᠡᠯᠵᠢᠲᠦ ᠪᠤᠰᠤ ᠴᠢᠭᠤᠯᠭᠠᠨ ᠬᠤᠷᠠᠯᠳᠤᠭᠤᠯᠬᠤ ᠰᠠᠨᠠᠯ᠂ ᠬᠡᠯᠡᠯᠴᠡᠬᠦ ᠠᠰᠠᠭᠤᠳᠠᠯ ᠢ ᠤᠯᠤᠰ ᠤᠨ ᠶᠡᠬᠡ ᠬᠤᠷᠠᠯ ᠤᠨ ᠳᠠᠷᠤᠭ᠎ᠠ ᠳᠤ ᠡᠷᠭᠦᠨ ᠮᠡᠳᠡᠭᠦᠯᠦᠨ᠎ᠡ》 16.4 ᠳ᠋ᠡᠬᠢ ᠬᠡᠰᠡᠭ ᠲᠥ 《ᠤᠯᠤᠰ ᠤᠨ ᠶᠡᠬᠡ ᠬᠤᠷᠠᠯ ᠤᠨ ᠳᠠᠷᠤᠭ᠎ᠠ ᠡᠭᠡᠯᠵᠢᠲᠦ ᠪᠤᠰᠤ ᠴᠢᠭᠤᠯᠭᠠᠨ ᠤ ᠬᠡᠯᠡᠯᠴᠡᠬᠦ ᠠᠰᠠᠭᠤᠳᠠᠯ᠂ ᠬᠤᠷᠠᠯᠳᠤᠬᠤ ᠡᠳᠦᠷ᠂ ᠴᠠᠭ᠂ ᠦᠷᠭᠦᠯᠵᠢᠯᠡᠬᠦ ᠬᠤᠭᠤᠴᠠᠭ᠎ᠠ ᠢᠢ ᠲᠣᠪᠯᠠᠨ ᠵᠠᠬᠢᠷᠤᠮᠵᠢ ᠭᠠᠷᠭᠠᠨ᠎ᠠ》 ᠭᠡᠵᠦ ᠲᠤᠰ ᠲᠤᠰ ᠵᠢᠭᠠᠭᠰᠠᠨ ᠪᠠᠢᠢᠨ᠎ᠠ᠃

ᠡᠭᠡᠯᠵᠢᠲᠦ ᠪᠤᠰᠤ ᠴᠢᠭᠤᠯᠭᠠᠨ ᠢ ᠵᠠᠷᠯᠠᠨ ᠬᠤᠷᠠᠯᠳᠤᠭᠤᠯᠬᠤ ᠱᠠᠭᠠᠷᠳᠠᠯᠭ᠎ᠠ᠂ ᠪᠣᠯᠵᠣᠯ ᠵᠢᠷᠤᠮ ᠪᠣᠯᠤᠨ ᠲᠡᠭᠦᠨ ᠦ ᠬᠦᠷᠢᠶᠡᠨ ᠳ᠋ᠡᠬᠢ ᠤᠯᠤᠰ ᠤᠨ ᠶᠡᠬᠡ ᠬᠤᠷᠠᠯ ᠤᠨ ᠳᠠᠷᠤᠭ᠎ᠠ ᠢᠢᠨ ᠡᠭᠦᠷᠭᠡ ᠢᠢ ᠬᠠᠤᠯᠢ ᠢᠢᠨ ᠳᠡᠭᠡᠷᠡᠬᠢ ᠵᠣᠬᠢᠴᠠᠭᠤᠯᠤᠯᠲᠠ ᠨᠤᠭᠤᠳ ᠲᠤ ᠨᠠᠷᠢᠪᠴᠢᠯᠠᠨ ᠲᠣᠳᠣᠷᠬᠠᠢ ᠵᠢᠭᠠᠭᠰᠠᠨ ᠪᠠᠢᠢᠬᠤ ᠪᠥᠭᠡᠳ ᠡᠭᠡᠯᠵᠢᠲᠦ ᠪᠤᠰᠤ ᠴᠢᠭᠤᠯᠭᠠᠨ ᠢᠶᠠᠷ ᠬᠡᠯᠡᠯᠴᠡᠬᠦ ᠠᠰᠠᠭᠤᠳᠠᠯ ᠢ ᠬᠣᠯᠪᠣᠭᠳᠠᠬᠤ ᠪᠠᠢᠢᠩᠭ᠋ᠤ ᠢᠢᠨ ᠬᠣᠷᠢᠶ᠎ᠠ ᠪᠠᠷ ᠬᠡᠯᠡᠯᠴᠡᠭᠦᠯᠦᠭᠰᠡᠨ ᠦ ᠳᠠᠷᠠᠭ᠎ᠠ ᠲᠤᠬᠠᠢ ᠢᠢᠨ ᠴᠢᠭᠤᠯᠭᠠᠨ ᠤ ᠬᠤᠷᠠᠯᠳᠤᠬᠤ ᠡᠳᠦᠷ ᠦᠨ ᠲᠣᠪ ᠢ ᠲᠣᠭᠲᠠᠭᠠᠬᠤ ᠰᠢᠢᠳᠦᠯ ᠨᠢ ᠬᠠᠤᠯᠢ ᠳᠤ ᠨᠡᠢᠢᠴᠡᠬᠦ ᠪᠡᠷ ᠦᠭᠡᠢ ᠪᠠᠢᠢᠨ᠎ᠠ᠃

ᠮᠣᠩ᠍ᠭᠣᠯ ᠤᠯᠤᠰ ᠤᠨ ᠦᠨᠳᠦᠰᠦᠨ ᠬᠠᠤᠯᠢ ᠢᠢᠨ ᠭᠤᠴᠢᠨ ᠭᠤᠷᠪᠠᠳᠤᠭᠠᠷ ᠵᠦᠢᠯ ᠦᠨ 4 ᠳ᠋ᠡᠬᠢ ᠬᠡᠰᠡᠭ ᠲᠥ ᠶᠡᠷᠦᠩᠬᠡᠢᠢᠯᠡᠭᠴᠢ ᠳᠥ ᠲᠣᠳᠣᠷᠬᠠᠢ ᠪᠦᠷᠢᠨ ᠡᠷᠬᠡ ᠢᠢ ᠬᠠᠤᠯᠢ ᠪᠠᠷ ᠣᠯᠭᠤᠨ᠎ᠠ ᠭᠡᠵᠦ ᠵᠢᠭᠠᠭᠰᠠᠨ᠃ ᠡᠭᠦᠨ ᠦ ᠬᠦᠷᠢᠶᠡᠨ ᠳᠥ ᠶᠡᠷᠦᠩᠬᠡᠢᠢᠯᠡᠭᠴᠢ ᠲᠥᠷᠦ ᠢᠢᠨ ᠪᠠᠢᠢᠭᠤᠯᠤᠯ᠂ ᠤᠯᠤᠰ ᠣᠷᠣᠨ ᠤ ᠤᠳᠤᠷᠢᠳᠤᠯᠭ᠎ᠠ ᠢᠢᠨ ᠲᠠᠯ᠎ᠠ ᠪᠠᠷ ᠮᠣᠩ᠍ᠭᠣᠯ ᠤᠯᠤᠰ ᠤᠨ ᠶᠡᠷᠦᠩᠬᠡᠢᠢᠯᠡᠭᠴᠢ ᠢᠢᠨ ᠲᠤᠬᠠᠢ ᠬᠠᠤᠯᠢ ᠢᠢᠨ 12 ᠳ᠋ᠤᠭᠠᠷ ᠵᠦᠢᠯ ᠳᠥ ᠵᠢᠭᠠᠭᠰᠠᠨ ᠲᠣᠳᠣᠷᠬᠠᠢ ᠪᠥᠷᠢᠨ ᠡᠷᠬᠡ ᠨᠦᠭᠦᠳ ᠢ ᠬᠡᠷᠡᠭᠵᠢᠭᠦᠯᠳᠡᠭ᠃

ᠮᠣᠩ᠍ᠭᠣᠯ ᠤᠯᠤᠰ ᠤᠨ ᠶᠡᠷᠦᠩᠬᠡᠢᠢᠯᠡᠭᠴᠢ ᠢᠢᠨ ᠲᠤᠬᠠᠢ ᠬᠠᠤᠯᠢ ᠢᠢᠨ 12 ᠳ᠋ᠤᠭᠠᠷ ᠵᠦᠢᠯ ᠦᠨ 1 ᠳ᠋ᠡᠬᠢ ᠬᠡᠰᠡᠭ ᠲᠥ 《ᠶᠡᠷᠦᠩᠬᠡᠢᠢᠯᠡᠭᠴᠢ …ᠤᠯᠤᠰ ᠣᠷᠣᠨ ᠤ ᠴᠢᠨᠠᠷ ᠲᠠᠢ ᠬᠣᠢᠢᠰᠢᠯᠠᠭᠤᠯᠤᠰᠢ ᠦᠭᠡᠢ ᠴᠢᠬᠤᠯᠠ ᠠᠰᠠᠭᠤᠳᠠᠯ ᠢ ᠬᠡᠯᠡᠯᠴᠡᠭᠦᠯᠬᠦ ᠪᠡᠷ ᠤᠯᠤᠰ ᠤᠨ ᠶᠡᠬᠡ ᠬᠤᠷᠠᠯ ᠤᠨ ᠡᠭᠡᠯᠵᠢᠲᠦ ᠪᠤᠰᠤ ᠴᠢᠭᠤᠯᠭᠠᠨ ᠴᠢᠭᠤᠯᠬᠤ ᠢᠢ ᠰᠠᠨᠠᠭᠠᠴᠢᠯᠠᠨ᠎ᠠ᠃ ᠶᠡᠷᠦᠩᠬᠡᠢᠢᠯᠡᠭᠴᠢ ᠢᠢᠨ ᠰᠠᠨᠠᠭᠠᠴᠢᠯᠠᠭ᠎ᠠ ᠪᠠᠷ ᠡᠭᠡᠯᠵᠢᠲᠦ ᠪᠤᠰᠤ ᠴᠢᠭᠤᠯᠭᠠᠨ ᠴᠢᠭᠤᠯᠬᠤ ᠪᠣᠯ ᠤᠯᠤᠰ ᠤᠨ ᠶᠡᠬᠡ ᠬᠤᠷᠠᠯ ᠤᠨ ᠳᠠᠷᠤᠭ᠎ᠠ ᠶᠡᠷᠦᠩᠬᠡᠢᠢᠯᠡᠭᠴᠢ ᠲᠡᠢ ᠲᠣᠬᠢᠷᠠᠯᠴᠠᠭᠰᠠᠨ ᠬᠤᠭᠤᠴᠠᠭᠠᠨ ᠳᠤ ᠤᠤᠯ ᠴᠢᠭᠤᠯᠭᠠᠨ ᠢ ᠲᠣᠪᠯᠠᠨ ᠵᠠᠷᠯᠠᠨ᠎ᠠ》 ᠭᠡᠵᠦ ᠵᠢᠭᠠᠭᠰᠠᠨ᠃

ᠮᠢᠨᠦ ᠪᠡᠶ᠎ᠡ 2018 ᠣᠨ ᠤ 07 ᠳ᠋ᠤᠭᠠᠷ ᠰᠠᠷ᠎ᠠ ᠢᠢᠨ 17 ᠍ ᠤ ᠡᠳᠦᠷ ᠶᠡ/15 ᠳ᠋ᠤᠭᠠᠷ ᠠᠯᠪᠠᠨ ᠪᠢᠴᠢᠭ᠌ ᠢ ᠲᠠᠨ ᠳᠥ ᠬᠦᠷᠭᠡᠭᠦᠯᠵᠦ᠂ ᠡᠭᠡᠯᠵᠢᠲᠦ ᠪᠤᠰᠤ ᠴᠢᠭᠤᠯᠭᠠᠨ ᠢ ᠵᠠᠷᠯᠠᠨ ᠬᠤᠷᠠᠯᠳᠤᠭᠤᠯᠬᠤ ᠲᠤᠬᠠᠢ ᠥᠪᠡᠷ ᠦᠨ ᠰᠠᠨᠠᠯ ᠢ ᠬᠡᠯᠡᠯᠴᠡᠬᠦ ᠠᠰᠠᠭᠤᠳᠠᠯ ᠤᠨ ᠬᠠᠮᠲᠤ ᠡᠷᠭᠦᠨ ᠮᠡᠳᠡᠭᠦᠯᠦᠭᠰᠡᠨ ᠪᠣᠯᠪᠠᠴᠤ ᠤᠯᠤᠰ ᠤᠨ ᠶᠡᠬᠡ ᠬᠤᠷᠠᠯ ᠤᠨ ᠳᠠᠷᠤᠭ᠎ᠠ ᠢᠢᠨ ᠵᠦᠭ ᠡᠴᠡ ᠴᠢᠭᠤᠯᠭᠠᠨ ᠵᠠᠷᠯᠠᠬᠤ ᠡᠳᠦᠷ ᠢ ᠬᠠᠤᠯᠢ ᠳᠤ ᠵᠢᠭᠠᠭᠰᠠᠨ ᠤ ᠳᠠᠭᠠᠭᠤ ᠲᠣᠬᠢᠷᠠᠯᠴᠠᠨ ᠲᠣᠭᠲᠠᠭᠠᠬᠤ ᠠᠷᠭ᠎ᠠ ᠬᠡᠮᠵᠢᠶ᠎ᠡ ᠢᠢ ᠠᠪᠤᠭᠰᠠᠨ ᠦᠭᠡᠢ᠃

ᠡᠢᠢᠮᠦ ᠳᠥ ᠮᠣᠩ᠍ᠭᠣᠯ ᠤᠯᠤᠰ ᠤᠨ ᠶᠡᠷᠦᠩᠬᠡᠢᠢᠯᠡᠭᠴᠢ ᠢᠢᠨ ᠲᠤᠬᠠᠢ ᠬᠠᠤᠯᠢ ᠢᠢᠨ 12 ᠳ᠋ᠤᠭᠠᠷ ᠵᠦᠢᠯ ᠦᠨ 1 ᠳ᠋ᠡᠬᠢ ᠬᠡᠰᠡᠭ ᠲᠥ ᠵᠢᠭᠠᠭᠰᠠᠨ ᠤ ᠳᠠᠭᠠᠭᠤ 2018 ᠣᠨ ᠤ 07 ᠳ᠋ᠤᠭᠠᠷ ᠰᠠᠷ᠎ᠠ ᠢᠢᠨ 30 ᠍ ᠤ ᠡᠳᠦᠷ ᠤᠯᠤᠰ ᠤᠨ ᠶᠡᠬᠡ ᠬᠤᠷᠠᠯ ᠤᠨ ᠡᠭᠡᠯᠵᠢᠲᠦ ᠪᠤᠰᠤ ᠴᠢᠭᠤᠯᠭᠠᠨ ᠢ ᠲᠣᠪᠯᠠᠨ ᠵᠠᠷᠯᠠᠬᠤ ᠰᠠᠨᠠᠯ ᠬᠦᠷᠭᠡᠭᠦᠯᠵᠦ ᠪᠠᠢᠢᠨ᠎ᠠ᠃

ᠤᠯᠤᠰ ᠤᠨ ᠶᠡᠬᠡ ᠬᠤᠷᠠᠯ ᠤᠨ ᠭᠡᠰᠢᠭᠦᠳ ᠦᠨ ᠭᠤᠷᠪᠠᠨ ᠤ ᠨᠢᠭᠡ ᠡᠴᠡ ᠳᠡᠭᠡᠭ᠍ᠰᠢᠬᠢ ᠨᠢ ᠱᠠᠭᠠᠷᠳᠠᠭᠰᠠᠨ᠂ ᠶᠡᠷᠦᠩᠬᠡᠢᠢᠯᠡᠭᠴᠢ ᠰᠠᠨᠠᠯ ᠭᠠᠷᠭᠠᠭᠰᠠᠨ ᠵᠡᠷᠭᠡ ᠡᠭᠡᠯᠵᠢᠲᠦ ᠪᠤᠰᠤ ᠴᠢᠭᠤᠯᠭᠠᠨ ᠢ ᠵᠠᠷᠯᠠᠨ ᠬᠤᠷᠠᠯᠳᠤᠭᠤᠯᠬᠤ ᠬᠠᠤᠯᠢ ᠳᠤ ᠵᠢᠭᠠᠭᠰᠠᠨ ᠬᠣᠶᠠᠷ ᠦᠨᠳᠦᠰᠦᠯᠡᠯ ᠨᠢᠭᠡᠨ ᠵᠡᠷᠭᠡ ᠪᠤᠢ ᠪᠣᠯᠤᠭᠰᠠᠨ ᠡᠢᠢᠮᠦ ᠲᠣᠬᠢᠶᠠᠯᠳᠤᠯ ᠳᠤ ᠤᠯᠤᠰ ᠤᠨ ᠶᠡᠬᠡ ᠬᠤᠷᠠᠯ ᠤᠨ ᠳᠠᠷᠤᠭ᠎ᠠ ᠦᠨᠳᠦᠰᠦᠨ ᠬᠠᠤᠯᠢ ᠪᠣᠯᠤᠨ ᠬᠣᠯᠪᠣᠭᠳᠠᠬᠤ ᠪᠤᠰᠤᠳ ᠬᠠᠤᠯᠢ ᠪᠠᠷ ᠬᠦᠯᠢᠶᠡᠭᠰᠡᠨ ᠡᠭᠦᠷᠭᠡ ᠪᠡᠨ ᠴᠢᠩᠳᠠ ᠰᠠᠬᠢᠨ᠂ ᠪᠡᠶᠡᠯᠡᠭᠦᠯᠵᠦ ᠠᠵᠢᠯᠯᠠᠬᠤ ᠱᠠᠭᠠᠷᠳᠠᠯᠭᠠᠲᠠᠢ ᠪᠠᠢᠢᠨ᠎ᠠ᠃

ᠰᠠᠨᠠᠯ ᠢ ᠰᠤᠳᠤᠯᠤᠨ ᠦᠵᠡᠵᠦ᠂ 2018 ᠣᠨ ᠤ 07 ᠳ᠋ᠤᠭᠠᠷ ᠰᠠᠷ᠎ᠠ ᠢᠢᠨ 27 ᠍ ᠤ ᠡᠳᠦᠷ ᠦᠨ ᠳᠣᠲᠣᠷ᠎ᠠ ᠥᠪᠡᠷ ᠦᠨ ᠰᠠᠨᠠᠯ ᠢ ᠢᠷᠡᠭᠦᠯᠦᠨ᠂ ᠬᠠᠤᠯᠢ ᠳᠤ ᠵᠢᠭᠠᠭᠰᠠᠨ ᠤ ᠳᠠᠭᠠᠭᠤ ᠡᠭᠡᠯᠵᠢᠲᠦ ᠪᠤᠰᠤ ᠴᠢᠭᠤᠯᠭᠠᠨ ᠤ ᠬᠤᠭᠤᠴᠠᠭ᠎ᠠ ᠢᠢ ᠲᠣᠬᠢᠷᠠᠯᠴᠠᠵᠤ᠂ ᠲᠣᠪᠯᠠᠨ ᠵᠠᠷᠯᠠᠨ᠎ᠠ ᠤᠤ》 ᠭᠡᠵᠡᠢ᠃