Та "Internet explorer"-ийн сүүлийн хувилбар болох "Microsoft edge"-г ашиглана уу

Хэрэв "Microsoft edge"-г татах бол энд дарж татаж авна уу

ᠮᠣᠩ᠍ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠪᠠᠢᠢᠲᠤ ᠬᠠᠷᠪᠤᠭᠠᠨ ᠤ 《360》 ᠲᠠᠯᠠᠪᠠᠢ ᠢᠢᠨ ᠨᠡᠭᠡᠭᠡᠯᠲᠡ ᠢᠢᠨ ᠶᠣᠰᠣᠯᠠᠯ ᠳᠤ ᠣᠷᠣᠯᠴᠠᠯ᠎ᠠ

ᠮᠣᠩ᠍ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠦᠨᠳᠦᠰᠦᠨ ᠦ ᠴᠡᠴᠡᠷᠯᠢᠭ᠍ᠲᠦ ᠬᠦᠷᠢᠶᠡᠯᠡᠩ ᠳᠥ ᠥᠨᠥᠳᠥᠷ ᠨᠡᠭᠡᠭᠡᠯᠲᠡ ᠪᠡᠨ ᠬᠢᠵᠦ ᠪᠤᠢ ᠪᠠᠢᠢᠲᠤ ᠬᠠᠷᠪᠤᠭᠠᠨ ᠤ 《360》 ᠲᠠᠯᠠᠪᠠᠢ ᠢᠢᠨ ᠨᠡᠭᠡᠭᠡᠯᠲᠡ ᠢᠢᠨ ᠶᠣᠰᠣᠯᠠᠯ ᠳᠤ ᠣᠷᠣᠯᠴᠠᠵᠤ᠂ ᠦᠭᠡ ᠬᠡᠯᠡᠯ᠎ᠡ᠃

ᠡᠨᠡᠬᠦ ᠪᠠᠢᠢᠲᠤ ᠬᠠᠷᠪᠤᠭᠠᠨ ᠤ ᠲᠠᠯᠠᠪᠠᠢ ᠢᠢ ᠢᠷᠭᠡᠳ ᠪᠣᠯᠤᠨ ᠠᠵᠤ ᠠᠬᠤᠢ ᠢᠢᠨ ᠨᠢᠭᠡᠴᠡ ᠢᠢᠨ ᠬᠠᠨᠳᠢᠪ ᠤᠨ ᠲᠤᠰᠠᠯᠠᠮᠵᠢ ᠪᠠᠷ 60 ᠬᠣᠨᠣᠭ ᠲᠤ ᠪᠠᠭᠲᠠᠭᠠᠨ 《360》 ᠲᠥᠰᠦᠯ ᠦᠨ ᠬᠦᠷᠢᠶᠡᠨ ᠳᠥ ᠪᠠᠷᠢᠭᠰᠠᠨ ᠪᠠᠢᠢᠨ᠎ᠠ᠃ ᠮᠥᠨ ᠲᠠᠯᠠᠪᠠᠢ ᠳᠤ ᠭᠧᠨ᠋ᠨᠢᠰ ᠦᠨ ᠨᠣᠮ ᠳᠤ ᠪᠢᠴᠢᠭᠳᠡᠬᠦᠢᠢᠴᠡ ᠲᠣᠮᠣ ᠪᠤᠶᠤ 27‍13 ᠮᠧᠲ᠋ᠷ ᠬᠡᠮᠵᠢᠶ᠎ᠡ ᠲᠡᠢ ᠣᠯᠢᠮᠫ ᠤᠨ ᠴᠠᠭᠠᠷᠢᠭ ᠪᠣᠰᠬᠠᠵᠤ ᠪᠠᠢᠢᠭ᠎ᠠ ᠨᠢ ᠪᠠᠢᠢᠲᠤ ᠬᠠᠷᠪᠤᠭᠠᠨ ᠤ ᠲᠥᠷᠦᠯ ᠢᠶᠡᠷ ᠮᠣᠩ᠍ᠭᠣᠯ ᠤᠯᠤᠰ ᠣᠯᠢᠮᠫ ᠤᠨ ᠮᠧᠳᠠᠯ ᠲᠠᠢ ᠪᠣᠯᠬᠤ ᠢᠢ ᠪᠡᠯᠭᠡᠰᠢᠶᠡᠵᠦ ᠪᠠᠢᠢᠭ᠎ᠠ ᠠᠵᠢ᠃

《ᠳᠠᠢᠢᠴᠢᠨ ᠴᠢᠨᠠᠷ-ᠲᠡᠰᠪᠦᠷᠢ ᠢᠢᠨ ᠲᠠᠯᠠᠪᠤᠷ》 ᠭᠡᠵᠦ ᠨᠡᠷᠡᠯᠡᠭᠰᠡᠨ ᠡᠨᠡᠬᠦ ᠲᠠᠯᠠᠪᠠᠢ ᠳᠤ ᠪᠠᠢᠢᠲᠤ ᠬᠠᠷᠪᠤᠭᠠᠨ ᠤ ᠮᠡᠷᠭᠡᠵᠢᠯ ᠦᠨ ᠲᠠᠮᠢᠷᠴᠢᠳ ᠢᠷᠡᠵᠦ ᠬᠢᠴᠢᠶᠡᠯᠯᠡᠬᠦ ᠡᠴᠡ ᠭᠠᠳᠠᠨ᠎ᠠ ᠰᠣᠨᠢᠷᠬᠠᠭᠴᠢᠳ ᠰᠤᠮᠤ ᠲᠠᠯᠪᠢᠵᠤ᠂ ᠪᠠᠢᠢᠲᠤ ᠬᠠᠷᠪᠤᠭᠠᠨ ᠤ ᠰᠫᠣᠷᠲ ᠢᠶᠠᠷ ᠬᠢᠴᠢᠶᠡᠯᠯᠡᠵᠦ ᠪᠣᠯᠬᠤ ᠶᠤᠮ ᠪᠠᠢᠢᠨ᠎ᠠ᠃

ᠮᠣᠩ᠍ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠪᠠᠢᠢᠲᠤ ᠬᠠᠷᠪᠤᠭᠠᠨ ᠤ ᠲᠠᠯᠠᠪᠠᠢ ᠢᠢᠨ ᠨᠡᠭᠡᠭᠡᠯᠲᠡ ᠢᠢᠨ ᠶᠣᠰᠣᠯᠠᠯ ᠳᠤ ᠣᠷᠣᠯᠴᠠᠬᠤ ᠳᠤ ᠪᠠᠨ᠄

《ᠰᠫᠣᠷᠲ ᠰᠣᠨᠢᠷᠬᠠᠭᠴᠢᠳ᠂ ᠳᠡᠮᠵᠢᠭᠴᠢᠳ ᠡ᠂

ᠬᠠᠷᠪᠤᠭᠠᠴᠢᠳ᠂ ᠵᠣᠴᠢᠳ ᠠ᠋

ᠲᠠ ᠪᠦᠬᠦᠨ ᠦ ᠡᠨᠡ ᠡᠳᠦᠷ ᠦᠨ ᠠᠮᠤᠭᠤᠯᠠᠩ ᠢ ᠡᠷᠢᠶ᠎ᠡ᠃ ᠮᠣᠩ᠍ᠭᠣᠯ ᠤᠯᠤᠰ ᠲᠤ ᠣᠷᠴᠢᠨ ᠦᠶ᠎ᠡ ᠢᠢᠨ ᠪᠠᠢᠢᠲᠤ ᠬᠠᠷᠪᠤᠭᠠᠨ ᠤ ᠰᠫᠣᠷᠲ ᠡᠭᠦᠰᠴᠥ ᠬᠥᠭ᠍ᠵᠢᠭᠰᠡᠨ 58 ᠵᠢᠯ ᠦᠨ ᠲᠡᠦᠬᠡ ᠢᠢᠨ ᠬᠠᠭᠤᠳᠠᠰᠤᠨ᠎ᠠ ᠨᠢᠭᠡᠨ ᠰᠢᠨ᠎ᠡ ᠬᠠᠭᠤᠳᠠᠰᠤ ᠪᠣᠯᠤᠨ ᠨᠡᠭᠡᠭᠡᠭ᠍ᠳᠡᠵᠦ ᠪᠤᠢ ᠦᠢᠯᠡ ᠶᠠᠪᠤᠳᠠᠯ ᠳᠤ ᠣᠷᠣᠯᠴᠠᠬᠤ ᠪᠠᠷ ᠲᠠ ᠪᠢᠳᠡ ᠡᠨᠳᠡ ᠴᠤᠭᠯᠠᠭᠠᠳ ᠪᠠᠢᠢᠨ᠎ᠠ᠃

ᠳᠡᠯᠡᠬᠡᠢ ᠢᠢᠨ ᠵᠡᠪᠰᠡᠭ ᠲᠧᠭᠨᠢᠭ ᠦᠨ ᠬᠥᠭ᠍ᠵᠢᠯ᠎᠋ ᠋᠌᠋ᠳ᠋ᠥ ᠺᠣᠮᠫᠣᠽᠢᠲ᠋ ᠨᠤᠮᠤ ᠪᠤᠶᠤ ᠡᠪᠡᠷ ᠨᠤᠮᠤ ᠢᠢ ᠮᠣᠩ᠍ᠭᠣᠯᠴᠤᠳ ᠠᠩ᠍ᠬᠠᠯᠠᠨ ᠵᠣᠬᠢᠶᠠᠨ ᠪᠦᠲᠦᠭᠡᠵᠦ᠂ ᠬᠡᠷᠡᠭᠯᠡᠭᠡᠨ ᠳᠥ ᠣᠷᠣᠯᠠᠭᠤᠯᠤᠭᠰᠠᠨ ᠭᠡᠵᠦ ᠲᠡᠮᠳᠡᠭᠯᠡᠭᠳᠡᠭᠰᠡᠨ ᠪᠠᠢᠢᠳᠠᠭ᠃ ᠰᠤᠷ ᠬᠠᠷᠪᠤᠭ᠎ᠠ ᠢᠢ ᠦᠨᠳᠦᠰᠦᠨ ᠦ ᠤᠯᠠᠮᠵᠢᠯᠠᠯ᠂ ᠬᠡᠷᠡᠭᠯᠡᠭᠡ ᠪᠣᠯᠭᠠᠵᠤ ᠪᠠᠢᠢᠭᠰᠠᠨ ᠦᠨᠳᠦᠰᠦᠲᠡᠨ ᠦ ᠬᠤᠪᠢ ᠳᠤ ᠪᠠᠢᠢᠲᠤ ᠬᠠᠷᠪᠤᠭᠠᠨ ᠤ ᠰᠫᠣᠷᠲ ᠢ ᠬᠥᠭ᠍ᠵᠢᠭᠦᠯᠦᠭᠰᠡᠨ ᠢᠶᠡᠷ ᠮᠣᠩ᠍ᠭᠣᠯ ᠤᠨ ᠠᠩ᠍ᠬᠠᠨ ᠤ ᠳᠡᠯᠡᠬᠡᠢ ᠢᠢᠨ ᠠᠪᠤᠷᠭᠤ᠂ ᠫᠠᠷᠠᠯᠢᠮᠫ ᠤᠨ ᠠᠪᠤᠷᠭᠤ ᠡᠨᠡ ᠰᠫᠣᠷᠲ ᠠᠴᠠ ᠲᠥᠷᠦᠵᠥ ᠪᠠᠢᠢᠭᠰᠠᠨ ᠪᠢᠯᠡ᠃ ᠠᠯᠢᠪᠠ ᠰᠫᠣᠷᠲ ᠢᠶᠠᠷ ᠥᠨᠳᠦᠷ ᠠᠮᠵᠢᠯᠲᠠ ᠭᠠᠷᠭᠠᠬᠤ ᠳᠤ ᠭᠤᠷᠪᠠᠨ ᠰᠠᠭᠤᠷᠢ ᠨᠥᠬᠥᠴᠡᠯ ᠱᠠᠭᠠᠷᠳᠠᠯᠭᠠᠲᠠᠢ ᠪᠠᠢᠢᠳᠠᠭ ᠭᠡᠵᠦ ᠰᠤᠳᠤᠯᠤᠭᠠᠴᠢᠳ ᠬᠡᠯᠡᠳᠡᠭ᠃

ᠡᠨᠡ ᠨᠢ ᠄

ᠤᠯᠠᠮᠵᠢᠯᠠᠯ

ᠰᠤᠷᠭᠠᠯᠲᠠ

ᠠᠪᠢᠶᠠᠰᠲᠠᠨ ᠭᠤᠷᠪᠠ ᠶᠤᠮ᠃

ᠪᠠᠢᠢᠲᠤ ᠬᠠᠷᠪᠤᠭᠠᠨ ᠤ ᠰᠫᠣᠷᠲ ᠢ ᠬᠥᠭ᠍ᠵᠢᠭᠦᠯᠬᠦ ᠡᠨᠡ ᠰᠠᠭᠤᠷᠢ ᠨᠥᠬᠥᠴᠡᠯ ᠦᠳ ᠡᠴᠡ ᠰᠤᠷᠭᠠᠯᠲᠠ ᠨᠢ ᠶᠡᠬᠡᠬᠡᠨ ᠳᠣᠭᠣᠯᠳᠠᠵᠤ ᠶᠠᠪᠤᠭᠰᠠᠨ ᠢ ᠥᠨᠥᠳᠥᠷ ᠰᠫᠣᠷᠲ᠎ᠲᠥ ᠡᠯᠢᠭᠡᠲᠡᠢ᠂ ᠵᠢᠷᠦᠬᠡ ᠰᠡᠳᠬᠢᠯᠲᠡᠢ ᠬᠦᠮᠦᠰ ᠦᠨ ᠠᠴᠢ ᠪᠠᠷ ᠨᠥᠬᠦᠵᠦ ᠪᠠᠢᠢᠨ᠎ᠠ᠃ ᠡᠨᠡᠬᠦ ᠲᠠᠯᠠᠪᠠᠢ ᠢᠢ ᠪᠤᠢ ᠪᠣᠯᠭᠠᠬᠤ ᠢᠢᠨ ᠲᠥᠯᠦᠭᠡ ᠰᠡᠳᠬᠢᠯ ᠣᠶᠤᠨ᠂ ᠵᠢᠳᠬᠦᠯ᠂ ᠬᠠᠨᠳᠢᠪ ᠢᠶᠠᠨ ᠵᠣᠷᠢᠭᠤᠯᠤᠭᠰᠠᠨ ᠪᠦᠬᠦ ᠬᠦᠮᠦᠰ ᠲᠥ ᠳᠠᠬᠢᠨ ᠳᠠᠬᠢᠨ ᠲᠠᠯᠠᠷᠬᠠᠯ ᠢᠯᠡᠷᠬᠡᠢᠢᠯᠡᠶ᠎ᠡ᠃

ᠪᠠᠢᠢᠲᠤ ᠬᠠᠷᠪᠤᠭᠠᠴᠢᠳ ᠠᠩᠬ᠎ᠠ ᠤᠳᠠᠭ᠎ᠠ ᠣᠯᠠᠨ ᠤᠯᠤᠰ ᠤᠨ ᠰᠲ᠋ᠠᠨ᠋ᠳᠠᠷᠲ ᠲᠤ ᠪᠦᠷᠢᠨ ᠨᠡᠢᠢᠴᠡᠭᠰᠡᠨ᠂ ᠪᠠᠢᠢᠭᠠᠯᠢ ᠤᠷᠴᠢᠨ ᠳᠤ ᠡᠭᠡᠯᠢᠲᠡᠢ ᠰᠢᠢᠳᠦᠯ ᠪᠦᠬᠦᠢ ᠪᠡᠯᠡᠳᠬᠡᠯ ᠰᠤᠷᠭᠠᠭᠤᠯᠢᠯᠲᠠ᠂ ᠲᠡᠮᠡᠴᠡᠭᠡᠨ ᠦ ᠲᠠᠯᠠᠪᠠᠢ ᠲᠠᠢ ᠪᠣᠯᠤᠯ᠎ᠠ᠃ ᠪᠦᠲᠦᠭᠡᠨ ᠪᠠᠢᠢᠭᠤᠯᠤᠯᠲᠠ ᠢᠢᠨ ᠠᠵᠢᠯ ᠳᠤ ᠠᠬᠠᠮᠠᠳ ᠤᠨ ᠲᠤᠷᠰᠢᠯᠭ᠎ᠠ᠂ ᠢᠳᠡᠷᠴᠦᠳ ᠦᠨ ᠵᠢᠳᠬᠦᠯ᠂ ᠵᠠᠯᠠᠭᠤᠰ ᠤᠨ ᠲᠡᠮᠡᠦᠯᠡᠯ ᠢ ᠤᠶᠠᠯᠳᠤᠭᠤᠯᠤᠨ ᠬᠣᠯᠪᠣᠵᠤ᠂ ᠮᠡᠳᠡᠯᠭᠡ ᠲᠤᠷᠰᠢᠯᠭ᠎ᠠ ᠪᠠᠨ ᠰᠣᠯᠢᠯᠴᠠᠨ᠂ ᠪᠡᠶ᠎ᠡ ᠪᠡᠶ᠎ᠡ ᠪᠡᠨ ᠳᠡᠮᠵᠢᠭᠰᠡᠨ ᠵᠣᠬᠢᠶᠠᠨ ᠪᠠᠢᠢᠭᠤᠯᠤᠯᠲᠠ᠂ ᠮᠧᠨᠧᠵᠲ᠋ᠧᠨ᠋ᠲ ᠢᠶᠡᠷ ᠠᠰᠤᠷᠤ ᠪᠣᠭᠣᠨᠢ ᠬᠤᠭᠤᠴᠠᠭᠠᠨ ᠳᠤ ᠪᠠᠷᠢᠵᠤ᠂ ᠥᠨᠥᠳᠥᠷ ᠨᠡᠭᠡᠭᠡᠯᠲᠡ ᠪᠡᠨ ᠬᠢᠵᠦ ᠪᠠᠢᠢᠨ᠎ᠠ᠃ ᠣᠯᠠᠨ ᠨᠡᠢᠢᠲᠡ ᠢᠢ ᠬᠣᠶᠠᠷ ᠰᠠᠷ᠎ᠠ ᠢᠢᠨ ᠲᠤᠷᠰᠢ ᠢᠳᠡᠪᠬᠢᠵᠢᠭᠦᠯᠵᠦ᠂ ᠤᠷᠮ᠎ᠠ ᠢᠢ ᠪᠠᠳᠠᠷᠠᠭᠠᠨ᠂ ᠰᠠᠢᠢᠨ ᠰᠠᠢᠢᠬᠠᠨ ᠵᠦᠢᠯ ᠳᠥ ᠤᠷᠢᠶᠠᠯᠠᠨ ᠳᠠᠭᠤᠳᠠᠭᠰᠠᠭᠠᠷ ᠪᠠᠢᠢᠲᠤ ᠬᠠᠷᠪᠤᠭᠠᠨ ᠤ 《360》 ᠲᠠᠯᠠᠪᠠᠢ ᠰᠦᠨᠳᠡᠷᠯᠡᠨ ᠪᠣᠰᠤᠯ᠎ᠠ᠃

ᠪᠦᠲᠦᠭᠡᠨ ᠪᠠᠢᠢᠭᠤᠯᠤᠯᠲᠠ ᠢᠢᠨ ᠠᠵᠢᠯ ᠢ ᠰᠠᠨᠠᠭᠠᠴᠢᠯᠠᠨ᠂ ᠭᠠᠷᠳᠠᠨ ᠤᠳᠤᠷᠢᠳᠤᠭᠰᠠᠨ ᠮᠣᠩ᠍ᠭᠣᠯ ᠤᠨ ᠪᠠᠢᠢᠲᠤ ᠬᠠᠷᠪᠤᠭᠠᠨ ᠤ ᠬᠣᠯᠪᠣᠭᠠᠨ ᠤ ᠶᠡᠷᠦᠩᠬᠡᠢᠢᠯᠡᠭᠴᠢ ᠫᠤᠨᠴᠤᠭ ᠤᠨ ᠴᠠᠭᠠᠨ᠂ ᠤᠳᠤᠷᠢᠳᠬᠤ ᠵᠥᠪᠯᠡᠯ ᠦᠨ ᠭᠡᠰᠢᠭᠦᠨ ᠰᠦᠬᠡᠪᠠᠭᠠᠲᠤᠷ ᠤᠨ ᠡᠷᠳᠡᠨᠢᠪᠣᠯᠤᠳ ᠨᠠᠷ ᠪᠣᠯᠤᠨ ᠪᠦᠲᠦᠭᠡᠨ ᠪᠠᠢᠢᠭᠤᠯᠤᠯᠲᠠ ᠳᠤ ᠣᠷᠣᠯᠴᠠᠭᠰᠠᠨ᠂ ᠳᠡᠮᠵᠢᠭᠰᠡᠨ ᠪᠦᠬᠦ ᠬᠦᠮᠦᠰ ᠲᠥ ᠬᠠᠯᠠᠭᠤᠨ ᠲᠠᠯᠠᠷᠬᠠᠯ ᠳᠡᠪᠰᠢᠭᠦᠯᠦᠶ᠎ᠡ᠃

ᠮᠣᠩ᠍ᠭᠣᠯᠴᠤᠳ ᠤᠨ ᠬᠠᠮᠲᠤ ᠢᠢᠨ ᠵᠢᠳᠬᠦᠯ᠂ ᠨᠢᠭᠡᠳᠦᠮᠡᠯ ᠰᠡᠳᠬᠢᠯ ᠢᠶᠡᠷ ᠪᠣᠰᠤᠭᠰᠠᠨ ᠡᠨᠡ ᠲᠠᠯᠠᠪᠠᠢ ᠠᠴᠠ ᠲᠢᠪ᠂ ᠳᠡᠯᠡᠬᠡᠢ᠂ ᠣᠯᠢᠮᠫ ᠤᠨ ᠠᠪᠤᠷᠭᠤ ᠨᠤᠭᠤᠳ ᠲᠥᠷᠥᠨ ᠭᠠᠷᠴᠤ᠂ ᠤᠯᠤᠰ ᠤᠨ ᠢᠶᠠᠨ ᠨᠡᠷ᠎ᠡ ᠢᠢ ᠥᠨᠳᠦᠷ ᠲᠥ ᠡᠷᠭᠦᠨ᠂ ᠲᠥᠷᠦ ᠢᠢᠨ ᠳᠠᠯᠪᠠᠭ᠎ᠠ ᠢᠢ ᠪᠠᠨ ᠮᠠᠨᠳᠤᠭᠤᠯᠵᠤ᠂ ᠲᠥᠷᠦ ᠢᠢᠨ ᠳᠠᠭᠤᠯᠠᠯ ᠢᠶᠠᠨ ᠠᠶᠠᠯᠭᠤᠯᠠᠬᠤ ᠢᠢᠨ ᠥᠯᠵᠡᠢᠢᠲᠡᠢ ᠢᠷᠦᠭᠡᠯ ᠢ ᠳᠡᠪᠰᠢᠭᠦᠯᠦᠶ᠎ᠡ᠃

ᠪᠤᠶᠠᠨᠲᠤ ᠦᠢᠯᠡᠰ ᠪᠦᠲᠦᠭᠡᠬᠦ ᠢᠢᠨ ᠰᠡᠷᠢᠭᠦᠨ ᠭᠡᠷᠡᠯ ᠢᠶᠡᠷ ᠪᠦᠷᠢᠨ᠎ᠡ ᠲᠤᠰᠠ ᠢᠢ ᠬᠦᠷᠭᠡᠨ ᠠᠮᠵᠢᠯᠲᠠ ᠲᠠᠭᠤᠳᠠᠬᠤ ᠪᠣᠯᠲᠤᠭᠠᠢ》 ᠭᠡᠰᠡᠨ ᠶᠤᠮ᠃

ᠮᠣᠩ᠍ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠦᠭᠡ ᠬᠡᠯᠡᠭᠰᠡᠨ ᠦ ᠪᠡᠨ ᠳᠠᠷᠠᠭ᠎ᠠ ᠪᠠᠢᠢᠲᠤ ᠬᠠᠷᠪᠤᠭᠠᠨ ᠤ 《360》 ᠲᠠᠯᠠᠪᠠᠢ ᠢᠢᠨ ᠪᠦᠲᠦᠭᠡᠨ ᠪᠠᠢᠢᠭᠤᠯᠤᠯᠲᠠ ᠢᠢᠨ ᠠᠵᠢᠯ ᠲᠠᠢ ᠲᠠᠨᠢᠯᠴᠠᠪᠠ᠃