Та "Internet explorer"-ийн сүүлийн хувилбар болох "Microsoft edge"-г ашиглана уу

Хэрэв "Microsoft edge"-г татах бол энд дарж татаж авна уу

ᠮᠣᠩᠭᠣᠯ ᠤᠯᠤᠰ ᠤᠨ ᠶᠡᠷᠦᠩᠬᠡᠶᠢᠯᠡᠭᠴᠢ ᠬ ∙ ᠪᠠᠲᠤᠲᠤᠯᠭ᠎ᠠ ᠵᠠᠷᠯᠢᠭ ᠭᠠᠷᠭᠠᠵᠤ ᠪᠠᠶᠢᠭᠠᠯᠢ ᠢᠢᠨ ᠭᠠᠮᠰᠢᠭ ᠤᠨ ᠦᠶ᠎ᠡ ᠳᠦ ᠦᠯᠢᠭᠡᠷ ᠵᠢᠱᠢᠶ᠎ᠡ ᠠᠵᠢᠯᠯᠠᠭᠰᠠᠨ ᠢᠷᠭᠡᠳ ᠲᠦ ᠲᠥᠷᠥ ᠶᠢᠨ ᠣᠳᠣᠨ ᠮᠧᠳᠠᠯ ᠭᠠᠷᠳᠠᠭᠤᠯᠤᠯ᠎ᠠ

ᠮᠣᠩᠭᠣᠯ ᠤᠯᠤᠰ ᠤᠨ ᠶᠡᠷᠦᠩᠬᠡᠶᠢᠯᠡᠭᠴᠢ ᠬ ∙ ᠪᠠᠲᠤᠲᠤᠯᠭ᠎ᠠ ᠥᠨᠥᠳᠥᠷ ᠲᠥᠷᠦ ᠶᠢᠨ ᠣᠳᠤᠨ ᠮᠧᠳᠠᠯ ᠢᠶᠠᠷ ᠱᠠᠩᠨᠠᠬᠤ ᠲᠤᠬᠠᠢ ᠵᠠᠷᠯᠢᠭ ᠭᠠᠷᠭᠠᠵᠤ᠂ ᠳᠣᠷᠣᠨᠠᠭᠣᠪᠢ ᠠᠶᠢᠮᠠᠭ ᠤᠨ ᠠᠶᠢᠷᠠᠭ ᠰᠤᠮᠤ ᠶᠢᠨ ᠨᠤᠲᠤᠭ ᠲᠤ ᠪᠣᠯᠤᠭᠰᠠᠨ ᠪᠠᠶᠢᠭᠠᠯᠢ ᠢᠢᠨ ᠭᠠᠮᠰᠢᠭ ᠤᠨ ᠦᠶ᠎ᠡ ᠪᠡᠷ ᠡᠷ᠎ᠡ ᠵᠣᠷᠢᠭ᠂ ᠠᠪᠬᠠᠯᠵᠢ ᠰᠠᠮᠪᠠᠭ᠎ᠠ ᠭᠠᠷᠭᠠᠨ ᠠᠵᠢᠯᠯᠠᠵᠤ᠂ ᠣᠯᠠᠨ ᠬᠦᠮᠦᠨ ᠦ ᠠᠮᠢ ᠨᠠᠰᠤ᠂ ᠡᠷᠡᠭᠦᠯ ᠮᠡᠨᠳᠦ ᠶᠢ ᠰᠠᠬᠢᠨ ᠬᠠᠮᠠᠭᠠᠯᠠᠵᠤ᠂ ᠡᠬᠡ ᠣᠷᠣᠨ᠂ ᠠᠷᠠᠳ ᠲᠦᠮᠡᠨ ᠦ ᠪᠡᠨ ᠡᠮᠦᠨ᠎ᠡ ᠬᠦᠯᠢᠶᠡᠭᠰᠡᠨ ᠡᠭᠦᠷᠭᠡ ᠪᠡᠨ ᠨᠡᠷ᠎ᠡ ᠲᠥᠷᠦ ᠲᠡᠢ ᠪᠡᠶᠡᠯᠡᠭᠦᠯᠦᠭᠰᠡᠨ ᠣᠨᠴᠤᠭᠤᠢ ᠪᠠᠶᠢᠳᠠᠯ ᠤᠨ ᠶᠡᠷᠦᠩᠬᠡᠢ ᠭᠠᠵᠠᠷ᠂ ᠴᠠᠭᠳᠠᠭ᠎ᠠ ᠶᠢᠨ ᠶᠡᠷᠦᠩᠬᠡᠢ ᠭᠠᠵᠠᠷ᠂ ᠤᠯᠠᠭᠠᠨᠪᠠᠭᠠᠲᠤᠷ ᠲᠡᠮᠦᠷ ᠵᠠᠮ ᠬᠤᠪᠢ ᠨᠡᠶᠢᠯᠡᠭᠦᠯᠦᠭᠰᠡᠨ ᠨᠡᠶᠢᠭᠡᠮᠯᠢᠭ᠌ ᠪᠣᠯᠤᠨ ᠡᠷᠡᠭᠦᠯ ᠮᠡᠨᠳᠦ ᠶᠢᠨ ᠰᠠᠯᠪᠤᠷᠢ ᠶᠢᠨ ᠠᠵᠢᠯᠲᠠᠨ᠂ ᠠᠯᠪᠠᠨ ᠬᠠᠭᠠᠭᠴᠢᠳ ᠢ ᠲᠥᠷᠦ ᠶᠢᠨ ᠣᠳᠤᠨ ᠮᠧᠳᠠᠯ ᠢᠶᠠᠷ ᠱᠠᠩᠨᠠᠯ᠎ᠠ᠃

 

ᠮᠣᠩᠭᠣᠯ ᠤᠯᠤᠰ ᠤᠨ ᠶᠡᠷᠦᠩᠬᠡᠶᠢᠯᠡᠭᠴᠢ ᠶᠢᠨ ᠵᠠᠷᠯᠢᠭ ᠢ ᠥᠨᠥᠳᠥᠷ ᠲᠥᠷᠥ ᠶᠢᠨ ᠶᠢᠰᠦᠨ ᠬᠥᠯᠲᠦ᠂ ᠴᠠᠭᠠᠨ ᠲᠤᠭᠲᠤ ᠲᠠᠩᠬᠢᠮ ᠳᠤ ᠤᠩᠰᠢᠵᠤ ᠰᠣᠨᠣᠷᠳᠠᠭᠤᠯᠤᠨ᠂ ᠲᠥᠷᠥ ᠶᠢᠨ ᠣᠳᠣᠨ ᠮᠧᠳᠠᠯ ᠢ ᠮᠣᠩᠭᠣᠯ ᠤᠯᠤᠰ ᠤᠨ ᠶᠡᠷᠦᠩᠬᠡᠶᠢᠯᠡᠭᠴᠢ ᠬ ∙ ᠪᠠᠲᠤᠲᠤᠯᠭ᠎ᠠ ᠭᠠᠷᠳᠠᠭᠤᠯᠪᠠ᠃

 

ᠮᠣᠩᠭ᠋ᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠵᠠᠷᠯᠢᠭ ᠭᠠᠷᠭᠠᠵᠤ ᠪᠠᠢᠢᠭᠠᠯᠢ ᠢᠢᠨ ᠭᠠᠮᠰᠢᠭ ᠤᠨ ᠦᠶ᠎ᠡ ᠳᠦ ᠦᠯᠢᠭᠡᠷ ᠵᠢᠱᠢᠶ᠎ᠡ ᠠᠵᠢᠯᠯᠠᠭᠰᠠᠨ ᠢᠷᠭᠡᠳ ᠲᠦ ᠲᠥᠷᠥ ᠢᠢᠨ ᠣᠳᠣᠨ ᠮᠧᠳᠠᠯ ᠭᠠᠷᠳᠠᠭᠤᠯᠤᠯ᠎ᠠ

 

ᠮᠣᠩᠭ᠋ᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠥᠨᠥᠳᠥᠷ ᠲᠥᠷᠦ ᠢᠢᠨ ᠣᠳᠤᠨ ᠮᠧᠳᠠᠯ ᠢᠶᠠᠷ ᠱᠠᠩᠨᠠᠬᠤ ᠲᠤᠬᠠᠢ ᠵᠠᠷᠯᠢᠭ ᠭᠠᠷᠭᠠᠵᠤ᠂ ᠳᠣᠷᠣᠨᠠᠭᠣᠪᠢ ᠠᠢᠢᠮᠠᠭ ᠤᠨ ᠠᠢᠢᠷᠠᠭ ᠰᠤᠮᠤ ᠢᠢᠨ ᠨᠤᠲᠤᠭ ᠲᠤ ᠪᠣᠯᠤᠭᠰᠠᠨ ᠪᠠᠢᠢᠭᠠᠯᠢ ᠢᠢᠨ ᠭᠠᠮᠰᠢᠭ ᠤᠨ ᠦᠶ᠎ᠡ ᠪᠡᠷ ᠡᠷ᠎ᠡ ᠵᠣᠷᠢᠭ᠂ ᠠᠪᠬᠠᠯᠵᠢ ᠰᠠᠮᠪᠠᠭ᠎ᠠ ᠭᠠᠷᠭᠠᠨ ᠠᠵᠢᠯᠯᠠᠵᠤ᠂ ᠣᠯᠠᠨ ᠬᠦᠮᠦᠨ ᠦ ᠠᠮᠢ ᠨᠠᠰᠤ᠂ ᠡᠷᠡᠭᠦᠯ ᠮᠡᠨᠳᠦ ᠢᠢ ᠰᠠᠬᠢᠨ ᠬᠠᠮᠠᠭᠠᠯᠠᠵᠤ᠂ ᠡᠬᠡ ᠣᠷᠣᠨ᠂ ᠠᠷᠠᠳ ᠲᠦᠮᠡᠨ ᠦ ᠪᠡᠨ ᠡᠮᠦᠨ᠎ᠡ ᠬᠦᠯᠢᠶᠡᠭᠰᠡᠨ ᠡᠭᠦᠷᠭᠡ ᠪᠡᠨ ᠨᠡᠷ᠎ᠡ ᠲᠥᠷᠦ ᠲᠡᠢ ᠪᠡᠶᠡᠯᠡᠭᠦᠯᠦᠭᠰᠡᠨ ᠣᠨᠴᠤᠭᠤᠢ ᠪᠠᠢᠢᠳᠠᠯ ᠤᠨ ᠶᠡᠷᠦᠩᠬᠡᠢ ᠭᠠᠵᠠᠷ᠂ ᠴᠠᠭᠳᠠᠭ᠎ᠠ ᠢᠢᠨ ᠶᠡᠷᠦᠩᠬᠡᠢ ᠭᠠᠵᠠᠷ᠂ ᠤᠯᠠᠭᠠᠨᠪᠠᠭᠠᠲᠤᠷ ᠲᠡᠮᠦᠷ ᠵᠠᠮ ᠬᠤᠪᠢ ᠨᠡᠢᠢᠯᠡᠭᠦᠯᠦᠭᠰᠡᠨ ᠨᠡᠢᠢᠭᠡᠮᠯᠢᠭ᠌ ᠪᠣᠯᠤᠨ ᠡᠷᠡᠭᠦᠯ ᠮᠡᠨᠳᠦ ᠢᠢᠨ ᠰᠠᠯᠪᠤᠷᠢ ᠢᠢᠨ ᠠᠵᠢᠯᠲᠠᠨ᠂ ᠠᠯᠪᠠᠨ ᠬᠠᠭᠠᠭᠴᠢᠳ ᠢ ᠲᠥᠷᠦ ᠢᠢᠨ ᠣᠳᠤᠨ ᠮᠧᠳᠠᠯ ᠢᠶᠠᠷ ᠱᠠᠩᠨᠠᠯ᠎ᠠ᠃

 

ᠮᠣᠩᠭ᠋ᠣᠯ ᠤᠯᠤᠰ ᠤᠨ ᠶᠡᠷᠦᠩᠬᠡᠢᠢᠯᠡᠭᠴᠢ ᠢᠢᠨ ᠵᠠᠷᠯᠢᠭ ᠢ ᠥᠨᠥᠳᠥᠷ ᠲᠥᠷᠥ ᠢᠢᠨ ᠶᠢᠰᠦᠨ ᠬᠥᠯᠲᠦ᠂ ᠴᠠᠭᠠᠨ ᠲᠤᠭᠲᠤ ᠲᠠᠩᠬᠢᠮ ᠳᠤ ᠤᠩᠰᠢᠵᠤ ᠰᠣᠨᠣᠷᠳᠠᠭᠤᠯᠤᠨ᠂ ᠲᠥᠷᠥ ᠢᠢᠨ ᠣᠳᠣᠨ ᠮᠧᠳᠠᠯ ᠢ ᠮᠣᠩᠭ᠋ᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠭᠠᠷᠳᠠᠭᠤᠯᠪᠠ᠃

 

ᠮᠣᠩᠭ᠋ᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠲᠥᠷᠥ ᠢᠢᠨ ᠣᠳᠣᠨ ᠮᠧᠳᠠᠯ ᠭᠠᠷᠳᠠᠭᠤᠯᠤᠭᠰᠠᠨ ᠤ ᠳᠠᠷᠠᠭ᠎ᠠ ᠳᠣᠷᠣᠨᠠᠭᠣᠪᠢ ᠠᠢᠢᠮᠠᠭ ᠤᠨ ᠠᠢᠢᠷᠠᠭ ᠰᠤᠮᠤᠨ ᠳᠤ ᠪᠠᠢᠢᠭᠠᠯᠢ ᠢᠢᠨ ᠭᠠᠮᠰᠢᠭᠲᠤ ᠦᠵᠡᠭᠳᠡᠯ ᠦᠨ ᠤᠯᠠᠮ ᠠᠴᠠ ᠲᠡᠮᠦᠷ ᠵᠠᠮ ᠳᠡᠭᠡᠷ᠎ᠡ ᠭᠠᠷᠤᠭᠰᠠᠨ ᠣᠰᠣᠯ ᠤᠨ ᠦᠶ᠎ᠡ ᠪᠡᠷ ᠦᠯᠢᠭᠡᠷ ᠵᠢᠱᠢᠶ᠎ᠡ ᠠᠵᠢᠯᠯᠠᠭᠰᠠᠨ ᠣᠨᠴᠤᠭᠤᠢ ᠪᠠᠢᠢᠳᠠᠯ ᠤᠨ ᠶᠡᠷᠦᠩᠬᠡᠢ ᠭᠠᠵᠠᠷ᠂ ᠴᠠᠭᠳᠠᠭ᠎ᠠ ᠢᠢᠨ ᠶᠡᠷᠦᠩᠬᠡᠢ ᠭᠠᠵᠠᠷ᠂ ᠤᠯᠠᠭᠠᠨᠪᠠᠭᠠᠲᠤᠷ ᠲᠡᠮᠦᠷ ᠵᠠᠮ ᠬᠤᠪᠢ ᠨᠡᠢᠢᠯᠡᠭᠦᠯᠦᠭᠰᠡᠨ ᠨᠡᠢᠢᠭᠡᠮᠯᠢᠭ᠌ ᠪᠣᠯᠤᠨ ᠡᠷᠡᠭᠦᠯ ᠮᠡᠨᠳᠦ ᠢᠢᠨ ᠰᠠᠯᠪᠤᠷᠢ ᠢᠢᠨ ᠠᠵᠢᠯᠲᠠᠨ᠂ ᠠᠯᠪᠠᠨ ᠬᠠᠭᠠᠭᠴᠢᠳ ᠲᠤ ᠬᠠᠨᠳᠤᠵᠤ ᠦᠭᠡ ᠬᠡᠯᠡᠪᠡ᠃

 

ᠮᠣᠩᠭ᠋ᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ᠄

 

《ᠪᠦᠭᠦᠳᠡ ᠢᠢᠨ ᠠᠮᠤᠭᠤᠯᠠᠩ ᠢ ᠠᠢᠢᠯᠠᠳᠬᠠᠶ᠎ᠠ᠃

 

2018 ᠣᠨ ᠤ ᠨᠠᠢᠢᠮᠠᠳᠤᠭᠠᠷ ᠰᠠᠷ᠎ᠠ ᠢᠢᠨ 12 ᠍ ᠤ ᠦᠷ ᠢᠶᠡᠷ ᠪᠠᠢᠢᠭᠠᠯᠢ ᠢᠢᠨ ᠭᠡᠨᠡᠳᠲᠡ ᠢᠢᠨ ᠭᠠᠮᠰᠢᠭ ᠲᠤ ᠦᠵᠡᠭᠳᠡᠯ᠂ ᠦᠶᠡᠷ ᠦᠨ ᠤᠯᠠᠮ ᠠᠴᠠ ᠳᠣᠷᠣᠨᠠᠭᠣᠪᠢ ᠠᠢᠢᠮᠠᠭ ᠤᠨ ᠠᠢᠢᠷᠠᠭ ᠰᠤᠮᠤ ᠢᠢᠨ ᠨᠤᠲᠤᠭ ᠲᠤ ᠤᠯᠠᠭᠠᠨᠪᠠᠭᠠᠲᠤᠷ ᠠᠴᠠ ᠰᠠᠢᠢᠨᠱᠠᠩᠳᠠ ᠢᠢᠨ ᠴᠢᠭᠯᠡᠯ ᠳᠦ ᠶᠠᠪᠤᠵᠤ ᠪᠠᠢᠢᠭᠰᠠᠨ 342 ᠵᠣᠷᠴᠢᠭᠴᠢ ᠲᠠᠢ ᠰᠠᠭᠤᠳᠠᠯ ᠤᠨ 286 ᠳ᠋ᠤᠭᠠᠷ ᠭᠠᠯᠲᠤ ᠲᠡᠷᠭᠡ ᠵᠠᠮ ᠠᠴᠠ ᠮᠤᠯᠲᠤᠷᠠᠵᠤ ᠭᠠᠷᠤᠭᠰᠠᠨ ᠣᠰᠣᠯ ᠪᠣᠯᠤᠭᠰᠠᠨ᠃ ᠣᠰᠣᠯ ᠤᠨ ᠦᠶ᠎ᠡ ᠪᠡᠷ ᠭᠠᠯᠲᠤ ᠲᠡᠷᠭᠡᠨ ᠦ ᠵᠢᠳᠬᠦᠭᠦᠷ᠂ ᠠᠴᠢᠶᠠᠨ ᠤ ᠲᠡᠭᠡᠭᠡᠰᠢ ᠸᠠᠭᠣᠨ ᠠᠴᠠ ᠭᠠᠳᠠᠨ᠎ᠠ ᠰᠠᠭᠤᠳᠠᠯ ᠤᠨ ᠭᠤᠷᠪᠠᠨ ᠸᠠᠭᠣᠨ ᠵᠠᠮ ᠠᠴᠠ ᠭᠠᠷᠤᠭᠰᠠᠨ ᠠᠴᠠ ᠨᠡᠢᠢᠲᠡ ᠳᠥ ᠪᠡᠨ 96 ᠵᠣᠷᠴᠢᠭᠴᠢ ᠣᠰᠣᠯ ᠤᠨ ᠨᠥᠬᠥᠴᠡᠯ ᠳᠥ ᠥᠷᠲᠦᠭᠰᠡᠨ ᠪᠠᠢᠢᠨ᠎ᠠ᠃

 

ᠣᠰᠣᠯ ᠤᠨ ᠨᠥᠬᠥᠴᠡᠯ ᠪᠠᠢᠢᠳᠠᠯ ᠳᠤ ᠣᠨᠴᠤᠭᠤᠢ ᠪᠠᠢᠢᠳᠠᠯ ᠤᠨ ᠠᠵᠢᠯᠲᠠᠨ ᠨᠤᠭᠤᠳ᠂ ᠴᠠᠭᠳᠠᠭ᠎ᠠ ᠨᠠᠷ᠂ ᠡᠮᠴᠢ ᠨᠠᠷ᠂ ᠲᠡᠮᠦᠷ ᠵᠠᠮ ᠤᠨ ᠠᠵᠢᠯᠲᠠᠨ ᠨᠤᠭᠤᠳ ᠢᠷᠭᠡᠳ ᠦᠨ ᠠᠶᠤᠯ ᠦᠭᠡᠢ ᠪᠠᠢᠢᠳᠠᠯ ᠢ ᠬᠠᠩᠭ᠋ᠠᠬᠤ᠂ ᠲᠤᠰᠠᠯᠠᠮᠵᠢ ᠦᠢᠯᠡᠴᠢᠯᠡᠭᠡ ᠢᠢ ᠰᠢᠭᠤᠷᠬᠠᠢ ᠬᠦᠷᠭᠡᠬᠦ᠂ ᠭᠡᠮᠲᠦᠵᠦ ᠪᠡᠷᠲᠡᠭᠰᠡᠨ ᠬᠦᠮᠦᠰ ᠲᠥ ᠡᠮᠨᠡᠯᠭᠡ ᠢᠢᠨ ᠶᠠᠭᠠᠷᠠᠯᠲᠠᠢ ᠲᠤᠰᠠᠯᠠᠮᠵᠢ ᠦᠵᠡᠭᠦᠯᠬᠦ᠂ ᠰᠡᠷᠭᠦᠭᠡᠨ ᠪᠣᠰᠬᠠᠯᠲᠠ ᠢᠢᠨ ᠠᠵᠢᠯ ᠢ ᠰᠢᠭᠤᠷᠬᠠᠢ ᠭᠦᠢᠴᠡᠳᠭᠡᠬᠦ ᠵᠡᠷᠭᠡ ᠪᠡᠷ ᠠᠯᠪᠠᠨ ᠤ ᠪᠣᠯᠤᠨ ᠢᠷᠭᠡᠨ ᠦ ᠡᠭᠦᠷᠭᠡ ᠪᠡᠨ ᠨᠡᠷ᠎ᠡ ᠲᠥᠷᠥ ᠲᠡᠢ ᠪᠡᠷ ᠪᠡᠶᠡᠯᠡᠭᠦᠯᠦᠨ ᠠᠵᠢᠯᠯᠠᠵᠤ᠂ ᠣᠰᠣᠯ ᠤᠨ ᠦᠷ᠎ᠡ ᠳᠠᠭᠠᠪᠤᠷᠢ ᠢᠢ ᠪᠣᠭᠣᠨᠢ ᠬᠤᠭᠤᠴᠠᠭᠠᠨ ᠳᠤ ᠠᠷᠢᠯᠭᠠᠬᠤ ᠳᠤ ᠴᠢᠷᠮᠠᠢᠢᠨ ᠵᠢᠳᠬᠦᠵᠡᠢ᠃

 

ᠥᠨᠥᠳᠥᠷ ᠬᠦᠨᠳᠦ ᠨᠥᠬᠥᠴᠡᠯ ᠪᠠᠢᠢᠳᠠᠯ ᠳᠤ ᠤᠷ᠎ᠠ ᠴᠢᠳᠠᠪᠤᠷᠢ ᠭᠠᠷᠭᠠᠨ᠂ ᠵᠣᠷᠢᠭ ᠰᠡᠳᠬᠢᠯ ᠢᠶᠡᠷ ᠢᠶᠡᠨ ᠪᠤᠰᠤᠳ ᠤᠨ ᠠᠮᠢ ᠨᠠᠰᠤ᠂ ᠡᠷᠡᠭᠦᠯ ᠮᠡᠨᠳᠦ ᠢᠢ ᠰᠠᠬᠢᠨ ᠬᠠᠮᠠᠭᠠᠯᠠᠵᠤ᠂ ᠠᠶᠤᠯ ᠦᠭᠡᠢ ᠪᠠᠢᠢᠳᠠᠯ ᠢ ᠰᠢᠭᠤᠷᠬᠠᠢ ᠬᠠᠩᠭ᠋ᠠᠨ᠂ ᠣᠰᠣᠯ ᠤᠨ ᠦᠷ᠎ᠡ ᠳᠠᠭᠠᠪᠤᠷᠢ ᠢᠢ ᠠᠷᠢᠯᠭᠠᠬᠤ᠂ ᠰᠡᠷᠭᠦᠭᠡᠨ ᠪᠣᠰᠬᠠᠬᠤ ᠠᠵᠢᠯ ᠳᠤ ᠬᠦᠴᠦᠨ ᠵᠢᠳᠬᠦᠭ᠍ᠰᠡᠨ ᠢᠷᠭᠡᠳ ᠢ ᠰᠢᠳᠤᠷᠭᠤ ᠵᠢᠷᠤᠮ ᠮᠧᠳᠠᠯ ᠢᠶᠠᠷ ᠱᠠᠩᠨᠠᠯ᠎ᠠ᠃ ᠪᠦᠭᠦᠳᠡ ᠳᠥ ᠲᠠᠯᠠᠷᠬᠠᠯ ᠢᠯᠡᠷᠬᠡᠢᠢᠯᠡᠶ᠎ᠡ᠃

 

ᠬᠦᠮᠦᠨ ᠪᠦᠷᠢ ᠠᠯᠪᠠᠨ ᠤ ᠪᠣᠯᠤᠨ ᠢᠷᠭᠡᠨ ᠦ ᠡᠭᠦᠷᠭᠡ ᠪᠡᠨ ᠲᠠ ᠪᠦᠬᠦᠨ ᠰᠢᠭ᠌ ᠴᠢᠩ ᠰᠢᠳᠤᠷᠭᠤ ᠪᠠᠷ᠂ ᠬᠢᠴᠢᠶᠡᠯ ᠵᠢᠳᠬᠦᠯᠲᠡᠢ ᠪᠡᠷ ᠪᠡᠶᠡᠯᠡᠭᠦᠯᠬᠦ ᠢᠢᠨ ᠦᠯᠢᠭᠡᠷ ᠵᠢᠱᠢᠶ᠎ᠡ ᠢᠢ ᠦᠵᠡᠭᠦᠯᠳᠡᠭ ᠪᠠᠢᠢᠬᠤ ᠴᠠᠭ ᠳᠣᠷ ᠮᠣᠩᠭ᠋ᠣᠯᠴᠤᠳ᠂ ᠮᠣᠩᠭ᠋ᠣᠯ ᠤᠨ ᠢᠷᠭᠡᠳ ᠠᠮᠤᠭᠤᠯᠠᠩ ᠲᠠᠢᠢᠪᠤᠩ ᠠᠮᠢᠳᠤᠷᠠᠬᠤ ᠨᠥᠬᠥᠴᠡᠯ ᠬᠠᠩᠭ᠋ᠠᠭᠳᠠᠬᠤ ᠪᠣᠯᠤᠨ᠎ᠠ᠃

 

ᠲᠠ ᠪᠦᠬᠦᠨ ᠦ ᠠᠵᠢᠯ ᠠᠮᠢᠳᠤᠷᠠᠯ ᠳᠤ ᠰᠠᠢᠢᠨ ᠰᠠᠢᠢᠬᠠᠨ ᠪᠦᠬᠦᠨ ᠢ ᠬᠦᠰᠡᠨ ᠢᠷᠦᠭᠡᠶ᠎ᠡ᠃ ᠨᠡᠢᠢᠲᠡ ᠢᠷᠭᠡᠳ ᠦᠨ ᠢᠶᠡᠨ ᠡᠮᠦᠨ᠎ᠡ ᠡᠴᠡ ᠭᠦᠨ ᠲᠠᠯᠠᠷᠬᠠᠯ ᠢ ᠳᠠᠬᠢᠨ ᠳᠠᠪᠲᠠᠨ ᠢᠯᠡᠷᠬᠡᠢᠢᠯᠡᠶ᠎ᠡ᠃

 

ᠮᠥᠩᠬᠡ ᠲᠩᠷᠢ ᠪᠢᠳᠡᠨ ᠢ ᠢᠪᠡᠭᠡᠭ᠌》 ᠭᠡᠯ᠎ᠡ᠃