Та "Internet explorer"-ийн сүүлийн хувилбар болох "Microsoft edge"-г ашиглана уу

Хэрэв "Microsoft edge"-г татах бол энд дарж татаж авна уу

ᠮᠣᠩᠭᠣᠯ ᠤᠯᠤᠰ ᠤᠨ ᠶᠡᠷᠦᠩᠬᠡᠶᠢᠯᠡᠭᠴᠢ ᠬ ∙ ᠪᠠᠲᠤᠲᠤᠯᠭ᠎ᠠ ᠬᠡᠦᠬᠡᠳ ᠬᠠᠮᠠᠭᠠᠯᠠᠯ ᠤᠨ ᠠᠰᠠᠭᠤᠳᠠᠯ ᠢᠶᠠᠷ ᠲᠥᠷᠥ ᠶᠢᠨ ᠪᠠᠶᠢᠭᠤᠯᠤᠯᠭ᠎ᠠ ᠶᠢᠨ ᠤᠳᠤᠷᠢᠳᠤᠯᠭ᠎ᠠ ᠨᠤᠭᠤᠳ ᠲᠠᠢ ᠠᠭᠤᠯᠵᠠᠵᠤ᠂ ᠶᠠᠷᠢᠯᠴᠠᠪᠠ

ᠮᠣᠩᠭ᠋ᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠥᠨᠥᠳᠥᠷ ᠬᠡᠦᠬᠡᠳ ᠬᠠᠮᠠᠭᠠᠯᠠᠯ ᠤᠨ ᠠᠰᠠᠭᠤᠳᠠᠯ ᠢᠶᠠᠷ ᠲᠥᠷᠥ ᠢᠢᠨ ᠪᠠᠢᠢᠭᠤᠯᠤᠯᠭ᠎ᠠ ᠢᠢᠨ ᠤᠳᠤᠷᠢᠳᠤᠯᠭ᠎ᠠ ᠨᠤᠭᠤᠳ ᠲᠠᠢ ᠠᠭᠤᠯᠵᠠᠵᠤ᠂ ᠶᠠᠷᠢᠯᠴᠠᠯ᠎ᠠ᠃

 

ᠡᠢᠢᠨ ᠬᠦ ᠠᠭᠤᠯᠵᠠᠬᠤ ᠪᠣᠯᠤᠭᠰᠠᠨ ᠰᠢᠯᠲᠠᠭᠠᠨ ᠨᠢ ᠮᠣᠩᠭ᠋ᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ 2018 ᠣᠨ ᠤ ᠵᠢᠷᠭᠤᠳᠤᠭᠠᠷ ᠰᠠᠷ᠎ᠠ ᠢᠢᠨ 28 ᠍ ᠤ ᠡᠳᠦᠷ ᠦᠨ ᠤᠯᠤᠰ ᠤᠨ ᠶᠡᠬᠡ ᠬᠤᠷᠠᠯ ᠤᠨ ᠴᠢᠭᠤᠯᠭᠠᠨ ᠤ ᠨᠢᠭᠡᠳᠦᠭᠰᠡᠨ ᠬᠤᠷᠠᠯᠳᠤᠭᠠᠨ ᠳᠤ ᠣᠷᠣᠯᠴᠠᠬᠤ ᠳᠤ ᠪᠠᠨ ᠬᠡᠦᠬᠡᠳ ᠬᠠᠮᠠᠭᠠᠯᠠᠯ ᠤᠨ ᠠᠰᠠᠭᠤᠳᠠᠯ ᠢᠶᠠᠷ ᠲᠥᠷᠦ ᠢᠢᠨ ᠪᠠᠢᠢᠭᠤᠯᠤᠯᠭ᠎ᠠ ᠨᠤᠭᠤᠳ ᠲᠤ ᠡᠭᠦᠷᠭᠡ᠂ ᠴᠢᠭᠯᠡᠯ ᠥᠭᠭᠦᠭ᠍ᠰᠡᠨ ᠲᠡᠢ᠂ ᠮᠥᠨ 2018-2019 ᠣᠨ ᠤ ᠬᠢᠴᠢᠶᠡᠯ ᠦᠨ ᠰᠢᠨ᠎ᠡ ᠵᠢᠯ ᠡᠬᠢᠯᠡᠬᠦ ᠭᠡᠵᠦ ᠪᠤᠢ ᠲᠠᠢ ᠬᠣᠯᠪᠣᠭ᠎ᠠ ᠲᠠᠢ ᠶᠤᠮ᠃

 

ᠮᠣᠩᠭ᠋ᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠤᠯᠤᠰ ᠤᠨ ᠶᠡᠬᠡ ᠬᠤᠷᠠᠯ ᠤᠨ ᠴᠢᠭᠤᠯᠭᠠᠨ ᠤ ᠨᠢᠭᠡᠳᠦᠭᠰᠡᠨ ᠬᠤᠷᠠᠯᠳᠤᠭᠠᠨ ᠳᠤ ᠣᠷᠣᠯᠴᠠᠵᠤ᠂ ᠦᠭᠡ ᠬᠡᠯᠡᠬᠦ ᠳᠥ ᠪᠡᠨ᠄

 

《2017 ᠣᠨ ᠳᠤ 1692 ᠭᠡᠮᠲᠦ ᠬᠡᠷᠡᠭ ᠦᠨ ᠤᠯᠠᠮ ᠠᠴᠠ 1752 ᠬᠡᠦᠬᠡᠳ ᠬᠣᠬᠢᠷᠠᠵᠤ᠂ 2018 ᠣᠨ ᠭᠠᠷᠤᠭᠰᠠᠭᠠᠷ /2018 ᠣᠨ ᠤ ᠵᠢᠷᠭᠤᠳᠤᠭᠠᠷ ᠰᠠᠷ᠎ᠠ ᠢᠢᠨ ᠪᠠᠢᠢᠳᠠᠯ ᠢᠶᠠᠷ/ ᠭᠡᠮᠲᠦ ᠬᠡᠷᠡᠭ ᠦᠨ ᠤᠯᠠᠮ ᠠᠴᠠ ᠬᠣᠬᠢᠷᠠᠭᠰᠠᠨ ᠬᠡᠦᠬᠡᠳ ᠦᠨ ᠲᠣᠭ᠎ᠠ ᠡᠮᠦᠨᠡᠬᠢ ᠵᠢᠯ ᠦᠨ ᠮᠥᠨ ᠦᠶ᠎ᠡ ᠢᠢᠨ ᠬᠢ ᠡᠴᠡ 40 ᠬᠤᠪᠢ ᠪᠡᠷ ᠥᠰᠦᠭᠰᠡᠨ᠃ ᠥᠩᠭᠡᠷᠡᠭᠰᠡᠨ ᠵᠢᠯ ᠵᠣᠯᠭᠦᠢ ᠪᠠᠢᠢᠳᠠᠯ ᠢᠶᠠᠷ 127 ᠬᠡᠦᠬᠡᠳ ᠨᠠᠰᠤ ᠪᠠᠷᠠᠵᠤ᠂ 187 ᠬᠡᠦᠬᠡᠳ ᠪᠡᠯᠭᠡ ᠢᠢᠨ ᠬᠦᠴᠦᠷᠬᠢᠯᠡᠯ ᠳᠥ ᠥᠷᠲᠦᠭᠰᠡᠨ》 ᠲᠠᠯ᠎ᠠ ᠪᠠᠷ ᠲᠣᠭ᠎ᠠ ᠪᠠᠷᠢᠮᠲᠠ ᠳᠤᠷᠠᠳᠴᠤ᠂ ᠨᠡᠩ ᠶᠠᠭᠠᠷᠠᠯᠲᠠᠢ ᠠᠪᠴᠤ ᠬᠡᠷᠡᠭᠵᠢᠭᠦᠯᠬᠦ ᠠᠷᠭ᠎ᠠ ᠬᠡᠮᠵᠢᠶ᠎ᠡ ᠨᠦᠭᠦᠳ ᠢ ᠬᠣᠯᠪᠣᠭᠳᠠᠬᠤ ᠲᠥᠷᠦ ᠢᠢᠨ ᠪᠠᠢᠢᠭᠤᠯᠤᠯᠭ᠎ᠠ ᠨᠤᠭᠤᠳ ᠲᠤ ᠡᠭᠦᠷᠭᠡ᠂ ᠴᠢᠭᠯᠡᠯ ᠪᠣᠯᠭᠠᠭᠰᠠᠨ ᠪᠠᠢᠢᠳᠠᠭ᠃

 

ᠬᠡᠦᠬᠡᠳ ᠬᠠᠮᠠᠭᠠᠯᠠᠯ ᠤᠨ ᠠᠰᠠᠭᠤᠳᠠᠯ ᠢᠶᠠᠷ ᠮᠣᠩᠭ᠋ᠣᠯ ᠤᠯᠤᠰ ᠤᠨ ᠶᠡᠷᠦᠩᠬᠡᠢᠢᠯᠡᠭᠴᠢ ᠢᠢᠨ 2018 ᠣᠨ ᠤ ᠵᠢᠷᠭᠤᠳᠤᠭᠠᠷ ᠰᠠᠷ᠎ᠠ ᠢᠢᠨ 28 ᠍ ᠳᠥ ᠬᠡᠯᠡᠭᠰᠡᠨ ᠦᠭᠡ ᠢᠢ ᠪᠦᠷᠢᠨ ᠡᠬᠢ ᠪᠡᠷ ᠨᠢ ᠤᠩᠰᠢᠬᠤ ᠪᠣᠯᠤᠨ ᠪᠢᠴᠢᠯᠭᠡ ᠢᠢ ᠦᠵᠡᠬᠦ ᠪᠣᠯ ᠡᠨᠳᠡ ᠳᠠᠷᠤᠨ᠎ᠠ ᠤᠤ᠃

 

ᠡᠨᠡ ᠳᠠᠭᠠᠭᠤ ᠮᠣᠩᠭ᠋ᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠥᠨᠥᠳᠥᠷ ᠬᠡᠦᠬᠡᠳ ᠬᠠᠮᠠᠭᠠᠯᠠᠯ ᠤᠨ ᠠᠰᠠᠭᠤᠳᠠᠯ ᠢᠶᠠᠷ ᠲᠥᠷᠦ ᠢᠢᠨ ᠪᠠᠢᠢᠭᠤᠯᠤᠯᠭ᠎ᠠ ᠨᠤᠭᠤᠳ ᠶᠠᠮᠠᠷ ᠠᠷᠭ᠎ᠠ ᠬᠡᠮᠵᠢᠶ᠎ᠡ ᠠᠪᠴᠤ ᠪᠠᠢᠢᠭ᠎ᠠ ᠲᠠᠯ᠎ᠠ ᠪᠠᠷ ᠲᠠᠢᠢᠯᠤᠨ᠂ ᠮᠡᠳᠡᠭᠡᠯᠡᠯ ᠰᠣᠨᠣᠰᠴᠤ᠂ ᠳᠠᠬᠢᠨ ᠡᠭᠦᠷᠭᠡ᠂ ᠴᠢᠭᠯᠡᠯ ᠦᠭ᠍ᠬᠦ ᠠᠭᠤᠯᠵᠠᠯᠲᠠ ᠢᠢ ᠵᠣᠬᠢᠶᠠᠨ ᠪᠠᠢᠢᠭᠤᠯᠪᠠ᠃

 

ᠠᠭᠤᠯᠵᠠᠯᠲᠠ ᠢᠢᠨ ᠡᠬᠢᠨ ᠳᠥ ᠮᠣᠩᠭ᠋ᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ᠄

 

ᠲᠠ ᠪᠦᠬᠦᠨ ᠳᠥ ᠥᠷᠯᠥᠭᠡᠨ ᠦ ᠮᠡᠨᠳᠦ ᠬᠦᠷᠭᠡᠶ᠎ᠡ᠃ 2017 ᠣᠨ ᠤ ᠠᠷᠪᠠᠨ ᠨᠢᠭᠡᠳᠦᠭᠡᠷ ᠰᠠᠷ᠎ᠠ ᠳᠤ ᠶᠡᠷᠦᠩᠬᠡᠢᠢᠯᠡᠭᠴᠢ ᠢᠢᠨ ᠰᠠᠨᠠᠭᠠᠴᠢᠯᠭ᠎ᠠ ᠪᠠᠷ 《ᠬᠡᠦᠬᠡᠳ᠂ ᠡᠮᠡᠭᠲᠡᠢᠢᠴᠦᠳ ᠢ ᠬᠦᠴᠦᠷᠬᠡᠢᠢᠯᠡᠯ ᠡᠴᠡ ᠬᠠᠮᠠᠭᠠᠯᠠᠬᠤ ᠲᠥᠷᠥ ᠢᠢᠨ ᠪᠣᠳᠣᠯᠭ᠎ᠠ ᠢᠢᠨ ᠬᠡᠷᠡᠭᠵᠢᠯᠲᠡ ᠢᠢ ᠰᠠᠢᠢᠵᠢᠷᠠᠭᠤᠯᠬᠤ᠂ ᠣᠯᠠᠨ ᠨᠡᠢᠢᠲᠡ ᠢᠢᠨ ᠣᠷᠣᠯᠴᠠᠭ᠎ᠠ᠂ ᠬᠢᠨᠠᠯᠲᠠ》 ᠰᠡᠳᠦᠪᠲᠦ ᠬᠡᠯᠡᠯᠴᠡᠭᠦᠯᠭᠡ ᠵᠣᠬᠢᠶᠠᠨ ᠪᠠᠢᠢᠭᠤᠯᠤᠭᠰᠠᠨ᠃ ᠬᠡᠯᠡᠯᠴᠡᠭᠦᠯᠭᠡ ᠡᠴᠡ ᠭᠠᠷᠤᠭᠰᠠᠨ ᠰᠠᠨᠠᠯ᠂ ᠵᠥᠪᠯᠡᠮᠵᠢ ᠢᠢᠨ ᠬᠦᠷᠢᠶᠡᠨ ᠳᠥ ᠴᠠᠭᠳᠠᠭ᠎ᠠ ᠢᠢᠨ ᠶᠡᠷᠦᠩᠬᠡᠢ ᠭᠠᠵᠠᠷ ᠤᠨ ᠪᠦᠲᠦᠴᠡ᠂ ᠵᠣᠬᠢᠶᠠᠨ ᠪᠠᠢᠢᠭᠤᠯᠤᠯᠲᠠ ᠳᠤ 《ᠬᠡᠦᠬᠡᠳ ᠢ ᠭᠡᠮᠲᠦ ᠬᠡᠷᠡᠭ ᠡᠴᠡ ᠤᠷᠢᠳᠴᠢᠯᠠᠨ ᠰᠡᠷᠭᠡᠢᠢᠯᠡᠬᠦ ᠲᠠᠰᠤᠭ》 ᠪᠠᠢᠢᠭᠤᠯᠤᠭᠳᠠᠭᠰᠠᠨ ᠪᠠᠢᠢᠨ᠎ᠠ᠃

 

2018 ᠣᠨ ᠤ ᠳᠥᠷᠪᠡᠳᠦᠭᠡᠷ ᠰᠠᠷ᠎ᠠ ᠳᠤ 《ᠬᠡᠦᠬᠡᠳ ᠬᠠᠮᠠᠭᠠᠯᠠᠯ᠂ ᠥᠨᠥ ᠢᠢᠨ ᠪᠠᠢᠢᠳᠠᠯ᠂ ᠲᠤᠯᠭᠠᠮᠳᠠᠭᠰᠠᠨ ᠠᠰᠠᠭᠤᠳᠠᠯ᠂ ᠰᠢᠢᠳᠦᠯ》 ᠰᠡᠳᠦᠪᠲᠦ ᠬᠡᠯᠡᠯᠴᠡᠭᠦᠯᠭᠡ ᠪᠣᠯᠤᠭᠰᠠᠨ᠃ ᠲᠠ ᠪᠦᠬᠦᠨ ᠰᠠᠨᠠᠵᠤ ᠪᠠᠢᠢᠭ᠎ᠠ ᠪᠠᠢᠢᠬᠤ᠃ ᠡᠨᠡ ᠮᠡᠲᠦ ᠣᠯᠠᠨ ᠬᠡᠯᠡᠯᠴᠡᠭᠦᠯᠭᠡ᠂ ᠬᠤᠷᠠᠯ ᠵᠣᠬᠢᠶᠠᠨ ᠪᠠᠢᠢᠭᠤᠯᠵᠤ ᠪᠠᠢᠢᠭ᠎ᠠ ᠴᠤ ᠲᠣᠮᠣᠴᠤᠳ ᠤᠨ ᠬᠠᠢᠢᠬᠤᠷᠤᠮᠵᠢ᠂ ᠪᠣᠯᠭᠣᠮᠵᠢ ᠦᠭᠡᠢ ᠡᠴᠡ ᠬᠡᠦᠬᠡᠳ ᠡᠨᠳᠡᠬᠦ᠂ ᠬᠦᠴᠦᠷᠬᠡᠢᠢᠯᠡᠯ ᠳᠥ ᠥᠷᠲᠦᠭᠰᠡᠨ ᠭᠡᠬᠦ ᠰᠲ᠋ᠠᠲ᠋ᠢᠰᠲ᠋ᠢᠺ᠂ ᠲᠣᠭᠠᠨ ᠮᠡᠳᠡᠭᠡᠯᠡᠯ ᠦᠳ ᠪᠠᠭᠤᠷᠠᠬᠤ ᠦᠭᠡᠢ ᠪᠠᠢᠢᠨ᠎ᠠ᠃

 

ᠡᠭᠦᠨ ᠲᠡᠢ ᠬᠣᠯᠪᠣᠭᠠᠲᠠᠢ ᠪᠠᠷ 2018 ᠣᠨ ᠤ ᠵᠢᠷᠭᠤᠳᠤᠭᠠᠷ ᠰᠠᠷ᠎ᠠ ᠳᠤ ᠤᠯᠤᠰ ᠤᠨ ᠶᠡᠬᠡ ᠬᠤᠷᠠᠯ ᠤᠨ ᠴᠢᠭᠤᠯᠭᠠᠨ ᠤ ᠨᠢᠭᠡᠳᠦᠭᠰᠡᠨ ᠬᠤᠷᠠᠯᠳᠤᠭᠠᠨ ᠳᠤ ᠣᠷᠣᠯᠴᠠᠵᠤ᠂ ᠬᠡᠦᠬᠡᠳ ᠬᠠᠮᠠᠭᠠᠯᠠᠯ ᠲᠠᠢ ᠬᠣᠯᠪᠣᠭ᠎ᠠ ᠲᠠᠢ ᠠᠰᠠᠭᠤᠳᠠᠯ ᠢᠶᠠᠷ ᠦᠭᠡ ᠬᠡᠯᠡᠬᠦ ᠳᠥ ᠪᠡᠨ ᠬᠡᠦᠬᠡᠳ ᠬᠠᠮᠠᠭᠠᠯᠠᠯ ᠤᠨ ᠴᠢᠭᠯᠡᠯ ᠢᠶᠡᠷ ᠦᠢᠯᠡ᠂ ᠠᠵᠢᠯᠯᠠᠭ᠎ᠠ ᠶᠠᠪᠤᠭᠤᠯᠳᠠᠭ ᠪᠦᠬᠦᠢ ᠯᠠ ᠲᠥᠷᠦ ᠢᠢᠨ ᠪᠠᠢᠢᠭᠤᠯᠤᠯᠭ᠎ᠠ ᠨᠤᠭᠤᠳ ᠲᠤ ᠬᠠᠨᠳᠤᠨ ᠵᠢᠷᠭᠤᠭᠠᠨ ᠵᠦᠢᠯ ᠲᠡᠢ ᠡᠭᠦᠷᠭᠡ᠂ ᠳᠠᠭᠠᠭᠠᠯᠭᠠᠪᠤᠷᠢ᠂ ᠠᠵᠢᠯ ᠤᠨ ᠴᠢᠭᠯᠡᠯ ᠦᠳ ᠥᠭᠭᠦᠭ᠍ᠰᠡᠨ᠃ ᠲᠤᠬᠠᠢ ᠢᠢᠨ ᠴᠢᠭᠯᠡᠯ ᠳᠥ ᠬᠡᠦᠬᠡᠳ ᠬᠠᠮᠠᠭᠠᠯᠠᠯ ᠤᠨ ᠬᠠᠤᠯᠢ᠂ ᠰᠲ᠋ᠠᠨ᠋ᠳᠠᠷᠲ ᠢ ᠪᠣᠯᠪᠠᠰᠤᠷᠠᠭᠤᠯᠵᠤ᠂ ᠬᠡᠷᠡᠭᠵᠢᠭᠦᠯᠬᠦ ᠵᠢᠷᠤᠮ ᠢ ᠮᠥᠷᠳᠡᠭᠦᠯᠬᠦ᠂ ᠰᠤᠷᠭᠠᠭᠤᠯᠢ ᠴᠡᠴᠡᠷᠯᠢᠭ ᠦᠨ ᠰᠤᠷᠭᠠᠯᠲᠠ ᠢᠢᠨ ᠣᠷᠴᠢᠨ᠂ ᠬᠡᠦᠬᠡᠳ ᠦᠨ ᠲᠣᠭᠯᠠᠭᠠᠮ ᠤᠨ ᠲᠠᠯᠠᠪᠠᠢ᠂ ᠬᠡᠦᠬᠡᠳ ᠲᠥ ᠬᠠᠮᠢᠶᠠᠲᠠᠢ ᠪᠦᠬᠦ ᠣᠷᠴᠢᠨ ᠳᠤ ᠦᠵᠡᠯᠭᠡ᠂ ᠰᠢᠯᠭᠠᠯᠲᠠ ᠬᠢᠵᠦ᠂ ᠠᠶᠤᠯ ᠦᠭᠡᠢ ᠪᠠᠢᠢᠳᠠᠯ ᠢ ᠬᠠᠩᠭ᠋ᠠᠬᠤ ᠵᠡᠷᠭᠡ ᠵᠢᠷᠭᠤᠭᠠᠨ ᠴᠢᠭᠯᠡᠯ ᠢᠶᠡᠷ ᠡᠭᠦᠷᠭᠡ ᠳᠠᠭᠠᠭᠠᠯᠭᠠᠪᠤᠷᠢ ᠥᠭᠭᠦᠭ᠍ᠰᠡᠨ᠃

 

ᠡᠨᠡ ᠳᠠᠭᠠᠭᠤ ᠨᠡᠢᠢᠲᠡ 11 ᠲᠥᠷᠦ ᠢᠢᠨ ᠪᠠᠢᠢᠭᠤᠯᠤᠯᠭ᠎ᠠ ᠡᠭᠦᠷᠭᠡ᠂ ᠴᠢᠭᠯᠡᠯ ᠠᠪᠤᠭᠰᠠᠨ ᠠᠴᠠ ᠥᠨᠥᠳᠥᠷ ᠦᠨ ᠪᠠᠢᠢᠳᠠᠯ ᠢᠶᠠᠷ ᠨᠠᠢᠢᠮᠠᠨ ᠪᠠᠢᠢᠭᠤᠯᠤᠯᠭ᠎ᠠ ᠲᠠᠢᠢᠯᠤᠨ ᠪᠠᠨ ᠢᠷᠡᠭᠦᠯᠦᠭᠰᠡᠨ ᠪᠠᠢᠢᠨ᠎ᠠ᠃ ᠲᠠᠢᠢᠯᠤᠨ ᠨᠤᠭᠤᠳ ᠢ ᠨᠢᠭᠡ ᠪᠥᠷᠢᠴᠢᠯᠡᠨ ᠤᠩᠰᠢᠬᠤ ᠳᠤ ᠰᠠᠨᠠᠭᠠᠨ ᠳᠤ ᠨᠡᠢᠢᠴᠡᠭᠰᠡᠨ᠂ ᠦᠨᠡᠬᠡᠷ ᠠᠷᠭ᠎ᠠ ᠬᠡᠮᠵᠢᠶ᠎ᠡ ᠠᠪᠴᠤ ᠭᠡᠳ ᠲᠠᠢᠢᠪᠤᠰᠢᠷᠠᠬᠤ ᠬᠡᠮᠵᠢᠶᠡᠨ ᠦ ᠲᠠᠢᠢᠯᠤᠨ ᠨᠤᠭᠤᠳ ᠢᠷᠡᠭᠰᠡᠨ ᠦᠭᠡᠢ᠃

 

ᠮᠡᠷᠭᠡᠵᠢᠯ ᠦᠨ ᠪᠠᠢᠢᠭᠤᠯᠤᠯᠭ᠎ᠠ ᠨᠤᠭᠤᠳ ᠤᠯᠤᠰ ᠤᠨ ᠬᠡᠮᠵᠢᠶᠡᠨ ᠳᠥ ᠠᠵᠢᠯᠯᠠᠵᠤ ᠪᠠᠢᠢᠭ᠎ᠠ 798 ᠶᠡᠷᠦᠩᠬᠡᠢ ᠪᠣᠯᠪᠠᠰᠤᠷᠠᠯ ᠤᠨ ᠰᠤᠷᠭᠠᠭᠤᠯᠢ ᠢ ᠠᠴᠠ 44 ᠰᠤᠷᠭᠠᠭᠤᠯᠢ ᠪᠤᠶᠤ 18 ᠬᠤᠪᠢ ᠳᠤ ᠨᠢ᠂ 1416 ᠴᠡᠴᠡᠷᠯᠢᠭ ᠡᠴᠡ 60 ᠴᠡᠴᠡᠷᠯᠢᠭ ᠪᠤᠶᠤ 23.6 ᠬᠤᠪᠢ ᠳᠤ ᠨᠢ ᠰᠢᠯᠭᠠᠯᠲᠠ ᠬᠢᠭ᠍ᠰᠡᠨ ᠪᠠᠢᠢᠨ᠎ᠠ᠃ ᠬᠥᠳᠡᠭᠡ ᠣᠷᠣᠨ ᠨᠤᠲᠤᠭ ᠤᠨ ᠰᠤᠷᠭᠠᠭᠤᠯᠢ᠂ ᠴᠡᠴᠡᠷᠯᠢᠭ ᠦᠨ ᠪᠠᠢᠢᠭᠤᠯᠤᠯᠭ᠎ᠠ ᠨᠤᠭᠤᠳ ᠢ ᠰᠢᠯᠭᠠᠭᠰᠠᠨ ᠳ᠋ᠦᠩ ᠮᠡᠳᠡᠭᠡ ᠲᠠᠢᠢᠯᠤᠨ ᠳᠤ ᠳᠤᠷᠠᠳᠤᠭᠳᠠᠭ᠎ᠠ ᠦᠭᠡᠢ ᠪᠠᠢᠢᠨ᠎ᠠ᠃ ᠡᠨᠡ ᠮᠡᠲᠦ ᠲᠠᠢᠢᠯᠤᠨ ᠨᠤᠭᠤᠳ ᠠᠴᠠ ᠬᠠᠷᠠᠬᠤ ᠳᠤ ᠰᠢᠯᠭᠠᠯᠲᠠ ᠪᠠᠷ ᠢᠯᠡᠷᠡᠭᠦᠯᠦᠭᠰᠡᠨ ᠵᠥᠷᠢᠴᠡᠯ ᠢᠶᠡᠨ ᠯᠠ ᠪᠢᠴᠢᠵᠦ᠃ ᠬᠠᠷᠢᠨ ᠵᠥᠷᠢᠴᠡᠯ ᠢ ᠠᠷᠢᠯᠭᠠᠭᠤᠯᠵᠤ᠂ ᠲᠡᠭᠦᠨ ᠢ ᠪᠡᠨ ᠪᠡᠶᠡᠴᠢᠯᠡᠨ ᠰᠢᠯᠭᠠᠭᠰᠠᠨ ᠲᠤᠬᠠᠢ ᠲᠠᠢᠢᠯᠤᠨ ᠳᠤ ᠳᠤᠷᠠᠳᠤᠭᠳᠠᠭ᠎ᠠ ᠦᠭᠡᠢ ᠪᠠᠢᠢᠨ᠎ᠠ᠃ ᠲᠣᠭ᠎ᠠ ᠪᠠᠷᠢᠮᠲᠠ ᠨᠢᠭᠡᠳᠬᠡᠬᠦ᠂ ᠪᠢᠴᠢᠭ᠌ ᠱᠠᠭᠠᠷᠳᠠᠯᠭ᠎ᠠ ᠥᠭ᠍ᠬᠦ᠂ ᠲᠣᠷᠭᠣᠬᠤ ᠨᠢ ᠪᠢᠳᠡᠨ ᠦ ᠬᠦᠰᠡᠭᠡᠳ ᠪᠠᠢᠢᠭ᠎ᠠ ᠦᠷ᠎ᠡ ᠳ᠋ᠦᠩ ᠪᠢᠰᠢ ᠭᠡᠳᠡᠭ ᠢ ᠣᠢᠢᠯᠠᠭᠠᠵᠤ ᠪᠠᠢᠢᠭ᠎ᠠ ᠪᠠᠢᠢᠬᠤ》 ᠭᠡᠳ ᠲᠠᠢᠢᠯᠤᠨ ᠠᠴᠠ ᠲᠣᠳᠣᠷᠠᠭᠤᠯᠬᠤ ᠵᠦᠢᠯᠡᠰ ᠢᠶᠡᠨ ᠬᠣᠯᠪᠣᠭᠳᠠᠬᠤ ᠲᠥᠷᠥ ᠢᠢᠨ ᠪᠠᠢᠢᠭᠤᠯᠤᠯᠭ᠎ᠠ ᠢᠢᠨ ᠤᠳᠤᠷᠢᠳᠤᠯᠭ᠎ᠠ ᠨᠤᠭᠤᠳ ᠠᠴᠠ ᠠᠰᠠᠭᠤᠪᠠ᠃