ᠮᠣᠩᠭᠣᠯ ᠶᠦᠨᠢᠺᠥᠳ᠋ ᠦᠨ ᠰᠢᠭᠦᠮᠵᠢ

᠒᠐᠑᠖ ᠣᠨ ᠳᠤ UNICODE-in ᠶᠢᠰᠦᠳᠦᠭᠡᠷ ᠬᠤᠪᠢᠯᠪᠤᠷᠢ ᠶᠢ ᠳᠠᠭᠠᠵᠤ ᠮᠣᠩᠭᠣᠯ ᠪᠢᠴᠢᠭ ᠦᠨ UNICODE-in ᠰᠢᠨ᠎ᠡ ᠬᠤᠪᠢᠯᠪᠤᠷᠢ ᠨᠡᠢᠲᠡᠯᠡᠭᠳᠡᠪᠡ︵2016.06.21︶᠃ ᠹᠣᠨᠲ︵font ᠭᠡᠵᠦ ᠺᠣᠮᠫᠢᠦ᠋ᠲᠧᠷ ᠲᠦ ᠬᠡᠷᠡᠭᠯᠡᠳᠡᠭ ᠦᠰᠦᠭ ᠦᠨ ᠲᠢᠭ︶ ᠬᠢᠬᠦ ᠶᠢᠨ ᠲᠥᠯᠦᠭᠡ ᠠᠪᠢᠶ᠎ᠠ ᠳᠠᠷᠠᠭᠠᠯᠠᠨ᠂ ᠵᠤᠷᠪᠤᠰ ᠵᠤᠷᠪᠤᠰ ᠢᠶᠠᠷ ᠰᠢᠨᠵᠢᠵᠦ ᠦᠵᠡᠯ᠎ᠡ᠃ ᠮᠠᠭᠲᠠᠪᠤᠰᠢ ᠲᠠᠢ ᠵᠦᠢᠯ ᠴᠤ ᠪᠠᠢᠨ᠎ᠠ᠃ ᠰᠢᠭᠦᠮᠵᠢᠯᠡᠬᠦ ᠴᠢᠬᠤᠯᠠ ᠵᠦᠢᠯᠡᠰ ᠴᠤ ᠪᠠᠭ᠎ᠠ ᠪᠤᠰᠤ ᠪᠠᠢᠨ᠎ᠠ᠃ ᠡᠨᠳᠡ ᠪᠢ ᠲᠡᠮᠳᠡᠭᠯᠡᠯ ᠪᠣᠯᠭᠠᠨ ᠣᠯᠵᠤ ᠬᠠᠷᠠᠭᠰᠠᠨ ᠵᠦᠢᠯᠡᠰ ᠢ ᠪᠢᠴᠢᠵᠦ᠂ ᠨᠠᠳᠠ ᠲᠠᠢ ᠠᠲᠠᠯᠢ ᠮᠣᠩᠭᠣᠯ ᠪᠢᠴᠢᠭ ᠦᠨ UNICODE-d ᠠᠩᠬᠠᠷᠤᠯ ᠢᠶᠠᠨ ᠲᠠᠯᠪᠢᠵᠤ ᠪᠠᠢᠭ᠎ᠠ ᠬᠦᠮᠦᠰ ᠲᠠᠢ ᠬᠤᠪᠢᠶᠠᠯᠴᠠᠶ᠎ᠠ᠃
ᠨᠢᠭᠡ᠂ ᠺᠣᠳ᠋ ᠭᠡᠵᠦ ᠶᠠᠭᠤ ᠪᠤᠢ︖ UNICODE ︵ᠶᠦᠨᠢᠺᠥᠳ᠋︶ ᠭᠡᠵᠦ ᠶᠠᠭᠤ ᠪᠤᠢ︖

ᠪᠢᠳᠡᠨ ᠦ ᠭᠡᠷ ᠲᠡᠭᠡᠨ ᠭᠡᠷᠡᠯ︵ᠳ᠋ᠧᠩ︶ ᠠᠰᠠᠭᠠᠳᠠᠭ᠃ ᠰᠡᠯᠭᠦᠭᠦᠷ ᠢᠶᠡᠷ ᠳᠡᠮᠵᠢᠵᠦ ᠪᠢᠳᠡᠨ ᠲᠡᠭᠦᠨ ᠢ ᠠᠰᠠᠭᠠᠬᠤ ᠪᠤᠶᠤ ᠤᠨᠲᠠᠷᠠᠭᠠᠵᠤ ᠪᠣᠯᠳᠠᠭ᠃ ᠡᠨᠳᠡ ᠴᠢᠬᠤᠯᠠ ᠵᠦᠢᠯ ᠪᠣᠯ ᠳ᠋ᠧᠩ ᠡᠩ ᠦᠨ ᠪᠠᠢᠳᠠᠯ ᠳᠤ ᠵᠥᠪᠭᠡᠨ ᠬᠤᠶᠠᠷ ᠵᠦᠢᠯ ᠦᠨ ᠪᠠᠢᠳᠠᠯ ᠲᠠᠢ᠂ ᠠᠰᠠᠭᠠᠯᠲᠠ ᠲᠠᠢ ᠪᠤᠶᠤ ᠤᠨᠲᠠᠷᠠᠭᠠᠯᠲᠠ ᠲᠠᠢ᠃ ᠲᠣᠮᠳᠠ ᠶᠢᠨ ᠪᠠᠢᠳᠠᠯ ᠦᠭᠡᠢ᠃ ᠡᠩ ᠦᠨ ᠺᠣᠮᠫᠢᠦ᠋ᠲᠧᠷ ᠳᠣᠲᠣᠷ᠎ᠠ ᠬᠡᠳᠦᠨ ᠰᠠᠶ᠎ᠠ ︵ᠵᠠᠭᠤᠨ ᠲᠦᠮᠡ︶ ~  ᠬᠡᠳᠦᠨ ᠲᠡᠷᠪᠤᠮ ︵ᠵᠠᠭᠤᠨ ᠰᠠᠶ᠎ᠠ᠂ ᠠᠷᠪᠠᠨ ᠳ᠋ᠣᠩᠰᠢᠭᠤᠷ︶ ᠰᠡᠯᠭᠦᠭᠦᠷ ᠲᠠᠢ ᠪᠠᠢᠵᠤ᠂ ᠡᠳᠡᠭᠡᠷ ᠰᠡᠯᠭᠦᠭᠦᠷ ᠢᠶᠡᠷ ᠳᠡᠮᠵᠢᠵᠦ ᠪᠣᠳᠤᠯᠭ᠎ᠠ ᠬᠢᠳᠡᠭ᠃ ᠡᠢᠮᠦ ᠨᠢᠭᠡ ᠰᠡᠯᠭᠦᠭᠦᠷ ᠢ ᠺᠣᠮᠫᠢᠦ᠋ᠲᠧᠷ ᠦᠨ ᠶᠢᠷᠲᠢᠨᠴᠦ ᠳᠦ 1Bit ᠭᠢᠨ᠎ᠡ᠂ Bit ᠪᠦᠷᠢ ᠨᠢ ᠵᠥᠪᠬᠡᠨ 0 ᠪᠤᠶᠤ1 ᠭᠡᠬᠦ ᠬᠣᠶᠠᠷ ᠲᠣᠭ᠎ᠠ ᠶᠢ ᠯᠡ ᠲᠡᠮᠳᠡᠭᠯᠡᠵᠦ ᠴᠢᠳᠠᠨ᠎ᠠ᠃ ᠬᠡᠳᠦᠢᠪᠡᠷ ᠺᠣᠮᠫᠢᠦ᠋ᠲᠧᠷ ᠦᠨ ᠮᠠᠷᠭᠡᠵᠢᠯ ᠨᠢᠰᠬᠦ ᠮᠡᠲᠦ ᠬᠥᠭᠵᠢᠵᠦ ᠪᠠᠢᠭ᠎ᠠ ᠪᠣᠯᠪᠠᠴᠤ᠂ ᠨᠡᠨ ᠵᠣᠬᠢᠶᠡᠯ ᠢ ᠪᠢᠴᠢᠬᠦ ᠦᠶᠡᠰ ᠦᠨ ᠥᠨᠥᠳᠦᠷ ᠪᠣᠯᠲᠠᠯ᠎ᠠ ᠺᠣᠮᠫᠢᠦ᠋ᠲᠧᠷ ᠦᠨ ᠳᠣᠲᠣᠭᠠᠳᠤ ᠳᠤ ᠵᠥᠪᠬᠡᠨ 0,1 ᠯᠡ ᠪᠠᠢᠳᠠᠭ᠃digital ᠭᠡᠪᠡᠴᠦ ᠪᠢᠳᠡ ᠬᠣᠶᠠᠷ ᠰᠡᠯᠭᠦᠭᠦᠷ ᠢ ᠵᠡᠷᠭᠡᠴᠡᠭᠦᠯᠬᠦ ᠦᠶᠡᠰ 0, 1, 2, 3 ᠭᠡᠰᠡᠨ ᠲᠥᠷᠪᠡᠨ ᠪᠠᠢᠳᠠᠯ ᠢ ᠢᠯᠡᠳᠭᠡᠵᠦ ᠪᠣᠯᠣᠨ᠎ᠠ᠂ ᠭᠣᠷᠪᠠᠨ ᠰᠡᠯᠭᠦᠭᠦᠷ ᠢᠶᠡᠷ 0, 1, 2, 3, 4, 5, 6, 7 ᠭᠡᠬᠦ ᠨᠠᠢᠮᠠᠨ ᠵᠦᠢᠯ ᠪᠠᠢᠳᠠᠯ ᠲᠠᠢ᠃ ᠶᠠᠭ ᠡᠢᠮᠦᠷᠬᠦᠦ ᠠᠷᠭ᠎ᠠ ᠪᠠᠷ 2n ᠲᠣᠭ᠎ᠠ ᠶᠢ ᠺᠣᠮᠫᠢᠦ᠋ᠲᠧᠷ ᠢᠶᠡᠷ ᠪᠣᠳᠣᠭᠤᠯᠵᠤ ᠪᠠᠢᠨ᠎ᠠ᠃

ᠠᠰᠠᠭᠤᠳᠠᠯ ᠪᠣᠯ ᠦᠰᠦᠭ ᠪᠢᠴᠢᠭ ᠨᠢ ᠲᠣᠭ᠎ᠠ ᠪᠢᠰᠢ᠂ ᠺᠣᠮᠫᠢᠦ᠋ᠲᠧᠷ ᠵᠥᠪᠬᠡᠨ ᠲᠣᠭ᠎ᠠ ᠶᠢ ᠯᠡ ᠪᠣᠳᠣᠵᠤ ᠴᠢᠳᠠᠳᠠᠭ᠃ ᠬᠥᠮᠦᠰ ᠡᠨᠡ ᠠᠰᠠᠭᠤᠳᠠᠯ ᠢ ᠰᠢᠢᠳᠪᠦᠷᠢᠯᠡᠬᠦ ᠶᠢᠨ ᠲᠥᠯᠦᠭᠡ ᠦᠰᠦᠭ ᠨᠢᠭᠡ ᠪᠦᠷᠢ ᠳᠦ ᠨᠢᠭᠡᠨ ᠳ᠋ᠤᠭᠠᠷ ᠦᠭᠭᠦᠭᠰᠡᠨ ᠪᠠᠢᠨ᠎ᠠ᠃ ᠵᠢᠱᠢᠶᠡᠯᠡᠪᠡᠯ᠂ ᠯᠠᠲ᠋ᠢᠨ ᠦᠰᠦᠭ ᠦᠨ a -> 97᠂ b -> 98 ᠁ ᠭᠡᠬᠦ ᠮᠡᠳᠦ᠃ ᠺᠣᠮᠫᠢᠦ᠋ᠲᠧᠷ ᠲᠣᠭ᠎ᠠ 97 ᠪᠠᠷ ᠳᠡᠮᠵᠢᠵᠦ a-in ᠰᠢᠪᠡᠬᠦ᠂ ᠪᠢᠴᠢᠭᠦ᠂ ᠬᠠᠷᠠᠭᠤᠯᠬᠤ᠂ ᠳᠠᠮᠵᠢᠭᠤᠯᠬᠤ᠂ ᠬᠠᠳᠠᠭᠠᠯᠠᠬᠤ ᠭᠡᠬᠦ ᠮᠡᠳᠦ ᠶᠢᠨ ᠠᠵᠢᠯ ᠢ ᠪᠡᠶᠡᠯᠡᠭᠦᠯᠬᠦ ᠪᠠᠢᠨ᠎ᠠ᠃ ᠡᠳᠡᠭᠡᠷ ᠦᠰᠦᠭ ᠲᠠᠢ ᠬᠠᠷᠠᠭᠠᠯᠵᠠᠭᠰᠠᠨ ᠳ᠋ᠤᠭᠠᠷ ᠢ ᠺᠣᠳ᠋ ᠭᠡᠨ᠎ᠡ᠃