Та "Internet explorer"-ийн сүүлийн хувилбар болох "Microsoft edge"-г ашиглана уу

Хэрэв "Microsoft edge"-г татах бол энд дарж татаж авна уу

ᠮᠣᠩᠭᠣᠯ ᠤᠯᠤᠰ ᠤᠨ ᠶᠡᠷᠦᠩᠬᠡᠶᠢᠯᠡᠭᠴᠢ ᠶᠢᠨ ᠢᠪᠡᠭᠡᠯ ᠳᠣᠣᠷ᠎ᠠ ᠪᠣᠯᠬᠤ 《ᠲᠠᠷᠢᠬᠢ ᠰᠤᠳᠤᠯᠤᠯ-XXI ᠵᠠᠭᠤᠨ》 ᠡᠷᠳᠡᠮ ᠰᠢᠨᠵᠢᠯᠡᠭᠡᠨ ᠦ ᠬᠤᠷᠠᠯ ᠳᠤ ᠨᠣᠪᠧᠯ ᠤᠨ ᠱᠠᠩᠨᠠᠯᠲᠤ ᠡᠷᠳᠡᠮᠲᠡᠨ ᠣᠷᠣᠯᠴᠠᠨ᠎ᠠ

ᠰᠢᠨᠵᠢᠯᠡᠬᠦ ᠤᠬᠠᠭᠠᠨ ᠤ ᠬᠥᠭ᠍ᠵᠢᠯ ᠢ ᠳᠡᠮᠵᠢᠬᠦ ᠵᠣᠷᠢᠯᠭ᠎ᠠ ᠪᠠᠷ ᠮᠣᠩᠭ᠋ᠣᠯ ᠤᠯᠤᠰ ᠤᠨ ᠶᠡᠷᠦᠩᠬᠡᠢᠢᠯᠡᠭᠴᠢ ᠢᠢᠨ ᠲᠠᠮᠠᠭ᠎ᠠ ᠢᠢᠨ ᠭᠠᠵᠠᠷ ᠠᠴᠠ ᠵᠢᠯ ᠪᠦᠷᠢ ᠨᠣᠪᠧᠯ ᠤᠨ ᠱᠠᠩᠨᠠᠯᠲᠠᠨ ᠨᠤᠭᠤᠳ ᠢ ᠤᠷᠢᠵᠤ ᠣᠷᠤᠯᠴᠠᠭᠤᠯᠬᠤ ᠴᠤᠪᠤᠷᠠᠯ ᠴᠢᠭᠤᠯᠭᠠᠨ ᠢ ᠮᠣᠩᠭ᠋ᠣᠯ ᠤᠯᠤᠰ ᠤᠨ ᠶᠡᠷᠦᠩᠬᠡᠢᠢᠯᠡᠭᠴᠢ ᠢᠢᠨ ᠢᠪᠡᠭᠡᠯ ᠳᠦᠷ ᠵᠣᠬᠢᠶᠠᠨ ᠪᠠᠢᠢᠭᠤᠯᠬᠤ ᠪᠠᠷ ᠲᠥᠯᠦᠪᠯᠡᠵᠦ ᠪᠠᠢᠢᠭ᠎ᠠ ᠶᠤᠮ᠃

 

ᠡᠨᠡ ᠳᠠᠭᠠᠭᠤ 2018 ᠣᠨ ᠤ ᠨᠣᠪᠧᠯ ᠤᠨ ᠱᠠᠩᠨᠠᠯᠲᠠᠨ ᠤ ᠠᠩᠬᠠᠳᠤᠭᠠᠷ ᠴᠢᠭᠤᠯᠭᠠᠨ ᠢᠢᠰᠦᠳᠦᠭᠡᠷ ᠰᠠᠷ᠎ᠠ ᠢᠢᠨ 23᠂ 24 ᠍ ᠦ ᠡᠳᠦᠷ ᠦᠳ ᠲᠥ 《ᠲᠠᠷᠢᠬᠢ ᠰᠤᠳᠤᠯᠤᠯ-XXI ᠵᠠᠭᠤᠨ》 ᠰᠡᠳᠦᠪ ᠢᠶᠡᠷ ᠵᠣᠬᠢᠶᠠᠨ ᠪᠠᠢᠢᠭᠤᠯᠤᠭᠳᠠᠬᠤ ᠪᠠᠷ ᠪᠣᠯᠤᠯ᠎ᠠ᠃ ᠲᠤᠰ ᠴᠢᠭᠤᠯᠭᠠᠨ ᠳᠤ ᠶᠡᠷᠦᠩᠬᠡᠢ ᠢᠯᠡᠳᠬᠡᠭ᠍ᠴᠢ ᠪᠡᠷ ᠨᠣᠪᠧᠯ ᠤᠨ ᠱᠠᠩᠨᠠᠯᠲᠤ ᠡᠷᠳᠡᠮᠲᠡᠨ᠂ ᠲᠠᠷᠢᠬᠢ ᠰᠤᠳᠤᠯᠤᠭᠠᠴᠢ᠂ ᠳ᠋ᠣᠺᠲ᠋ᠣᠷ᠂ ᠫᠷᠣᠹᠧᠰᠰᠣᠷ ᠡᠧᠳ᠋ᠤᠢᠠᠷᠳ᠋ ᠮᠣᠽᠧᠷ᠂ ᠳᠡᠯᠡᠬᠡᠢ ᠢᠢᠨ ᠲᠠᠷᠢᠬᠢ ᠰᠤᠳᠤᠯᠤᠯ ᠤᠨ ᠪᠠᠢᠢᠭᠤᠯᠤᠯᠭ᠎ᠠ ᠢᠢᠨ ᠶᠡᠷᠦᠩᠬᠡᠢᠢᠯᠡᠭᠴᠢ ᠫᠢᠶᠧᠷ ᠮᠠᠭᠢᠰᠲ᠋ᠷᠧᠲ᠋ᠲ᠋ᠢ᠂ ᠪᠣᠯᠤᠨ 《ᠨᠧᠢᠷᠣᠰᠠᠢᠢᠨ᠋ᠰ》 ᠣᠯᠠᠨ ᠤᠯᠤᠰ ᠤᠨ ᠡᠷᠳᠡᠮ ᠰᠢᠨᠵᠢᠯᠡᠭᠡᠨ ᠦ ᠰᠡᠳᠬᠦᠯ ᠦᠨ ᠶᠡᠷᠦᠩᠬᠡᠢ ᠷᠧᠳᠠᠺᠲᠣᠷ ᠬᠤᠢᠸᠠᠨ ᠯᠧᠷᠮᠠ ᠨᠠᠷ ᠤᠷᠤᠯᠴᠠᠬᠤ ᠶᠤᠮ᠃ ᠮᠥᠨ ᠨᠣᠷᠸᠧᠭᠢ᠂ ᠱᠸᠢᠼᠠᠷ᠂ ᠢᠰᠫᠠᠨᠢ᠂ ᠶᠠᠫᠣᠨ᠂ ᠰᠣᠯᠣᠩᠭ᠋ᠣᠰ᠂ ᠲᠠᠢᠢᠸᠠᠨ᠂ ᠮᠠᠯᠠᠢᠢᠽ᠂ ᠣᠷᠣᠰ ᠤᠨ ᠬᠣᠯᠪᠣᠭᠠᠨ ᠤ ᠤᠯᠤᠰ᠂ ᠪᠦᠭᠦᠳᠡ ᠨᠠᠢᠢᠷᠠᠮᠳᠠᠬᠤ ᠬᠢᠲᠠᠳ ᠠᠷᠠᠳ ᠤᠯᠤᠰ ᠠᠴᠠ ᠲᠠᠷᠢᠬᠢ ᠰᠤᠳᠤᠯᠤᠯ ᠤᠨ ᠴᠢᠭᠯᠡᠯ ᠢᠶᠡᠷ ᠮᠡᠷᠭᠡᠰᠢᠭᠰᠡᠨ ᠡᠷᠳᠡᠮᠲᠡᠨ᠂ ᠳ᠋ᠣᠺᠲ᠋ᠣᠷ ᠤᠳ 《ᠲᠠᠷᠢᠬᠢ ᠰᠤᠳᠤᠯᠤᠯ-XXI ᠵᠠᠭᠤᠨ》 ᠡᠷᠳᠡᠮ ᠰᠢᠨᠵᠢᠯᠡᠭᠡᠨ ᠦ ᠬᠤᠷᠠᠯ ᠳᠤ ᠣᠷᠣᠯᠴᠠᠵᠤ ᠯᠧᠺᠼᠢ ᠤᠩᠰᠢᠬᠤ ᠶᠤᠮ᠃

 

ᠬᠠᠷᠢᠨ᠂ ᠡᠨᠡ ᠰᠠᠷ᠎ᠠ ᠢᠢᠨ 24 ᠍ ᠦ ᠡᠳᠦᠷ ᠲᠥᠷᠥ ᠢᠢᠨ ᠣᠷᠳᠣᠨ ᠤ ᠶᠡᠬᠡ ᠲᠠᠩᠬᠢᠮ ᠳᠤ ᠦᠨ᠎ᠡ ᠲᠥᠯᠦᠪᠦᠷᠢ ᠦᠭᠡᠢ ᠪᠣᠯᠬᠤ ᠬᠦᠨᠳᠦᠳᠬᠡᠯ ᠦᠨ ᠯᠧᠺᠼᠢ ᠳᠥ᠄

  • ᠨᠣᠪᠧᠯ ᠤᠨ ᠱᠠᠩᠨᠠᠯᠲᠤ ᠲᠠᠷᠢᠬᠢ ᠰᠤᠳᠤᠯᠤᠭᠠᠴᠢ ᠡᠧᠳ᠋ᠤᠢᠠᠷᠳ᠋ ᠮᠣᠽᠧᠷ ᠬᠦᠮᠦᠨ ᠦ ᠣᠶᠤᠨ ᠤᠬᠠᠭᠠᠨ ᠪᠠ ᠰᠢᠨᠵᠢᠯᠡᠬᠦ ᠤᠬᠠᠭᠠᠨ ᠤ ᠭᠠᠢᠢᠬᠠᠮᠰᠢᠭᠲᠤ ᠨᠡᠭᠡᠭᠡᠯᠲᠡ ᠨᠦᠭᠦᠳ ᠰᠡᠳᠦᠪ ᠢᠶᠡᠷ᠂
  • 《ᠨᠧᠢᠷᠣᠰᠠᠢᠢᠨ᠋ᠰ》 ᠰᠢᠨᠵᠢᠯᠡᠬᠦ ᠤᠬᠠᠭᠠᠨ ᠤ ᠰᠡᠳᠬᠦᠯ ᠦᠨ ᠶᠡᠷᠦᠩᠬᠡᠢ ᠷᠧᠳᠠᠺᠲᠣᠷ ᠬᠤᠢᠸᠠᠨ ᠯᠧᠷᠮᠠ ᠬᠦᠮᠦᠨ ᠦ ᠣᠶᠤᠨ ᠤᠬᠠᠭᠠᠨ ᠪᠠ ᠬᠦᠮᠦᠨ ᠦ ᠲᠠᠷᠢᠬᠢᠨ ᠤ ᠬᠤᠪᠢᠰᠤᠯ ᠰᠡᠳᠦᠪ ᠢᠶᠡᠷ᠂
  • ᠳᠡᠯᠡᠬᠡᠢ ᠢᠢᠨ ᠲᠠᠷᠢᠬᠢ ᠰᠤᠳᠤᠯᠤᠯ ᠤᠨ ᠪᠠᠢᠢᠭᠤᠯᠤᠯᠭ᠎ᠠ ᠢᠢᠨ ᠶᠡᠷᠦᠩᠬᠡᠢᠢᠯᠡᠭᠴᠢ ᠫᠢᠶᠧᠷ ᠮᠠᠭᠢᠰᠲ᠋ᠷᠧᠲ᠋ᠲ᠋ᠢ ᠲᠠᠷᠢᠬᠢ ᠰᠤᠳᠤᠯᠤᠯ-XXI ᠵᠠᠭᠤᠨ ᠤ ᠲᠡᠷᠢᠭᠦᠯᠡᠬᠦ ᠰᠢᠨᠵᠢᠯᠡᠬᠦ ᠤᠬᠠᠭᠠᠨ ᠰᠡᠳᠦᠪ ᠢᠶᠡᠷ ᠯᠧᠺᠼᠢ ᠤᠩᠰᠢᠬᠤ ᠶᠤᠮ᠃