Та "Internet explorer"-ийн сүүлийн хувилбар болох "Microsoft edge"-г ашиглана уу

Хэрэв "Microsoft edge"-г татах бол энд дарж татаж авна уу

ᠮᠣᠩᠭᠣᠯ ᠤᠯᠤᠰ ᠤᠨ ᠶᠡᠷᠦᠩᠬᠡᠶᠢᠯᠡᠭᠴᠢ ᠬ ∙ ᠪᠠᠲᠤᠲᠤᠯᠭ᠎ᠠ᠄ ᠵᠡᠭᠦᠨ ᠬᠣᠶᠢᠳᠤ ᠠᠽᠢᠶ᠎ᠠ ᠶᠢᠨ ᠡᠷᠴᠢᠮ ᠬᠦᠴᠦᠨ ᠦ ᠰᠤᠢᠫᠧᠷ ᠰᠦᠯᠵᠢᠶ᠎ᠡ ᠪᠠᠶᠢᠭᠤᠯᠬᠤ ᠬᠠᠮᠲᠤᠷᠠᠭᠰᠠᠨ ᠠᠵᠢᠯ ᠤᠨ ᠬᠡᠰᠡᠭ᠂ ᠪᠠᠶᠢᠭᠤᠯᠤᠯᠭ᠎ᠠ ᠪᠠᠶᠢᠭᠤᠯᠬᠤ ᠰᠠᠨᠠᠯ ᠭᠠᠷᠭᠠᠵᠤ ᠪᠠᠶᠢᠨ᠎ᠠ

ᠣᠷᠣᠰ ᠤᠨ ᠬᠣᠯᠪᠣᠭᠠᠨ ᠤ ᠤᠯᠤᠰ ᠤᠨ ᠸᠯᠠᠳᠢᠸᠤᠰᠲ᠋ᠣᠺ ᠬᠣᠲᠠ ᠳᠤ ᠪᠣᠯᠵᠤ ᠪᠤᠢ ᠳᠣᠷᠣᠨ᠎ᠠ ᠢᠢᠨ ᠡᠳ᠋ ᠍ ᠦᠨ ᠵᠠᠰᠠᠭ ᠤᠨ IV ᠴᠢᠭᠤᠯᠭᠠᠨ ᠳᠤ ᠣᠷᠣᠯᠴᠠᠵᠤ ᠪᠠᠢᠢᠭ᠎ᠠ ᠮᠣᠩᠭ᠋ᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠥᠨᠥᠳᠥᠷ ᠦᠳᠡ ᠡᠴᠡ ᠬᠣᠢᠢᠰᠢ ᠲᠥᠷᠥ ᠢᠢᠨ ᠲᠡᠷᠢᠭᠦᠨ᠂ ᠶᠡᠷᠦᠩᠬᠡᠢ ᠰᠠᠢᠢᠳ ᠨᠠᠷ ᠤᠨ ᠪᠦᠷᠢᠯᠳᠦᠬᠦᠨ ᠲᠡᠢ ᠥᠷᠭᠡᠳᠬᠡᠭ᠍ᠰᠡᠨ ᠬᠤᠷᠠᠯᠳᠤᠭᠠᠨ ᠳᠤ ᠣᠷᠣᠯᠴᠠᠵᠤ᠂ ᠦᠭᠡ ᠬᠡᠯᠡᠯ᠎ᠡ᠃

 

ᠮᠣᠩᠭ᠋ᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ᠄

《ᠣᠷᠣᠰ ᠤᠨ ᠬᠣᠯᠪᠣᠭᠠᠨ ᠤ ᠤᠯᠤᠰ ᠤᠨ ᠶᠡᠷᠦᠩᠬᠡᠢᠢᠯᠡᠭᠴᠢ᠂ ᠡᠷᠬᠢᠮᠰᠦᠭ ᠨᠣᠶᠠᠨ ᠸᠯᠠᠳᠢᠮᠢᠷ ᠸᠯᠠᠳᠢᠮᠢᠷᠣᠸᠢᠴ ᠫᠦᠲ᠋ᠢᠨ᠂

ᠪᠦᠭᠦᠳᠡ ᠨᠠᠢᠢᠷᠠᠮᠳᠠᠬᠤ ᠬᠢᠲᠠᠳ ᠠᠷᠠᠳ ᠤᠯᠤᠰ ᠤᠨ ᠳᠠᠷᠤᠭ᠎ᠠ ᠡᠷᠬᠢᠮᠰᠦᠭ ᠨᠣᠶᠠᠨ ᠰᠢ ᠵᠢᠨᠫᠢᠩ᠂

ᠶᠠᠫᠣᠨ ᠤᠯᠤᠰ ᠤᠨ ᠶᠡᠷᠦᠩᠬᠡᠢ ᠰᠠᠢᠢᠳ ᠱᠢᠨᠵᠣ‍ ᠠᠪᠧ᠂

ᠪᠦᠭᠦᠳᠡ ᠨᠠᠢᠢᠷᠠᠮᠳᠠᠬᠤ ᠰᠣᠯᠣᠩᠭ᠋ᠣᠰ ᠤᠯᠤᠰ ᠤᠨ ᠶᠡᠷᠦᠩᠬᠡᠢ ᠰᠠᠢᠢᠳ ᠨᠣᠶᠠᠨ ᠯᠢ ᠨᠠᠭ ᠶᠣᠨ᠂

ᠬᠠᠲᠤᠭᠲᠠᠢ᠂ ᠨᠣᠶᠠᠳ ᠠ᠋᠂

 

ᠳᠣᠷᠣᠨ᠎ᠠ ᠢᠢᠨ ᠡᠳ᠋ ᠍ ᠦᠨ ᠵᠠᠰᠠᠭ ᠤᠨ ᠴᠢᠭᠤᠯᠭ᠎ᠠ ᠠᠭᠤᠯᠵᠠᠯᠲᠠ ᠳᠤ ᠳᠠᠬᠢᠨ ᠤᠷᠢᠭᠰᠠᠨ ᠣᠷᠣᠰ ᠤᠨ ᠬᠣᠯᠪᠣᠭᠠᠨ ᠤ ᠤᠯᠤᠰ ᠤᠨ ᠶᠡᠷᠦᠩᠬᠡᠢᠢᠯᠡᠭᠴᠢ ᠳᠥ ᠲᠠᠯᠠᠷᠬᠠᠯ ᠢᠯᠡᠷᠬᠡᠢᠢᠯᠡᠶ᠎ᠡ᠃

 

ᠵᠢᠯ ᠪᠦᠷᠢ ᠵᠣᠬᠢᠶᠠᠨ ᠪᠠᠢᠢᠭᠤᠯᠤᠭᠳᠠᠳᠠᠭ ᠳᠣᠷᠣᠨ᠎ᠠ ᠢᠢᠨ ᠡᠳ᠋ ᠍ ᠦᠨ ᠵᠠᠰᠠᠭ ᠤᠨ ᠴᠢᠭᠤᠯᠭ᠎ᠠ ᠠᠭᠤᠯᠵᠠᠯᠲᠠ ᠨᠢ ᠠᠽᠢᠶ᠎ᠠ᠂ ᠨᠣᠮᠣᠬᠠᠨ ᠳᠠᠯᠠᠢ ᠢᠢᠨ ᠪᠥᠰᠡ ᠨᠤᠲᠤᠭ ᠤᠨ ᠣᠷᠣᠨ ᠨᠤᠭᠤᠳ ᠤᠨ ᠬᠠᠮᠲᠤ ᠢᠢᠨ ᠠᠵᠢᠯᠯᠠᠭᠠᠨ ᠤ ᠴᠢᠨᠠᠭᠰᠢᠳᠠ ᠢᠢᠨ ᠴᠢᠭᠯᠡᠯ ᠢ ᠲᠣᠳᠣᠷᠬᠠᠢᠢᠯᠠᠬᠤ ᠳᠤ ᠴᠢᠬᠤᠯᠠ ᠠᠴᠢ ᠬᠣᠯᠪᠣᠭᠳᠠᠯ ᠲᠠᠢ ᠶᠠᠷᠢᠶ᠎ᠠ ᠬᠡᠯᠡᠯᠴᠡᠭᠡᠨ ᠦ ᠲᠠᠯᠠᠪᠤᠷ ᠪᠣᠯᠵᠤ ᠪᠠᠢᠢᠨ᠎ᠠ᠃ ᠴᠢᠭᠤᠯᠭ᠎ᠠ ᠠᠭᠤᠯᠵᠠᠯᠲᠠ ᠢᠢᠨ ᠬᠦᠷᠢᠶ᠎ᠡ᠂ ᠣᠷᠣᠯᠴᠠᠭᠴᠢᠳ ᠤᠨ ᠲᠦᠪᠰᠢᠨ ᠵᠢᠯ ᠢᠷᠡᠬᠦ ᠲᠤᠲᠤᠮ ᠥᠷᠭᠡᠵᠢᠵᠦ ᠪᠠᠢᠢᠨ᠎ᠠ᠃ ᠬᠥᠷᠰᠢ ᠣᠷᠣᠨ ᠨᠤᠭᠤᠳ ᠪᠣᠯᠬᠤ ᠣᠷᠣᠰ ᠤᠨ ᠬᠣᠯᠪᠣᠭᠠᠨ ᠤ ᠤᠯᠤᠰ᠂ ᠪᠦᠭᠦᠳᠡ ᠨᠠᠢᠢᠷᠠᠮᠳᠠᠬᠤ ᠬᠢᠲᠠᠳ ᠠᠷᠠᠳ ᠤᠯᠤᠰ ᠲᠠᠢ ᠰᠠᠢᠢᠨ ᠬᠥᠷᠰᠢ ᠢᠢᠨ ᠨᠠᠢᠢᠷᠰᠠᠭ ᠬᠠᠷᠢᠯᠴᠠᠭ᠎ᠠ᠂ ᠪᠦᠬᠦ ᠲᠠᠯ᠎ᠠ ᠢᠢᠨ ᠬᠠᠮᠲᠤ ᠢᠢᠨ ᠠᠵᠢᠯᠯᠠᠭ᠎ᠠ ᠢᠢ ᠲᠣᠭᠲᠠᠪᠤᠷᠢᠲᠠᠢ ᠬᠥᠭ᠍ᠵᠢᠭᠦᠯᠬᠦ᠂ ᠪᠥᠰᠡ ᠨᠤᠲᠤᠭ ᠤᠨ ᠤᠯᠤᠰ ᠲᠥᠷᠥ᠂ ᠡᠳ᠋ ᠍ ᠦᠨ ᠵᠠᠰᠠᠭ ᠤᠨ ᠢᠨ᠋ᠲ᠋ᠧᠭᠷᠠᠼᠢ ᠳᠤ ᠬᠠᠮᠤᠷᠤᠭᠳᠠᠬᠤ ᠨᠢ ᠮᠣᠩᠭ᠋ᠣᠯ ᠤᠯᠤᠰ ᠤᠨ ᠭᠠᠳᠠᠭᠠᠳᠤ ᠪᠣᠳᠣᠯᠭ᠎ᠠ ᠢᠢᠨ ᠲᠡᠷᠢᠭᠦᠯᠡᠬᠦ ᠴᠢᠭᠯᠡᠯ ᠦᠳ ᠶᠤᠮ᠃ ᠡᠨᠡ ᠣᠨ ᠤ 6 ᠳ᠋ᠤᠭᠠᠷ ᠰᠠᠷ᠎ᠠ ᠳᠤ ᠬᠢᠲᠠᠳ ᠤᠨ ᠴᠢᠨ᠋ᠳᠠᠣ‍ ᠬᠣᠲᠠᠨ᠎ᠠ ᠣᠷᠣᠰ ᠤᠨ ᠬᠣᠯᠪᠣᠭᠠᠨ ᠤ ᠤᠯᠤᠰ᠂ ᠪᠦᠭᠦᠳᠡ ᠨᠠᠢᠢᠷᠠᠮᠳᠠᠬᠤ ᠬᠢᠲᠠᠳ ᠠᠷᠠᠳ ᠤᠯᠤᠰ ᠤᠨ ᠲᠥᠷᠥ ᠢᠢᠨ ᠲᠡᠷᠢᠭᠦᠨ ᠨᠠᠷ ᠲᠠᠢ ᠬᠣᠶᠠᠷ ᠪᠣᠯᠤᠨ ᠭᠤᠷᠪᠠᠨ ᠲᠠᠯ᠎ᠠ ᠢᠢᠨ ᠠᠭᠤᠯᠵᠠᠯᠲᠠ ᠬᠢᠵᠦ᠂ ᠬᠠᠮᠲᠤ ᠢᠢᠨ ᠠᠵᠢᠯᠯᠠᠭ᠎ᠠ ᠢᠢ ᠤᠯᠠᠮ ᠪᠦᠷ ᠭᠦᠨᠵᠡᠭᠡᠢᠢᠷᠡᠭᠦᠯᠬᠦ ᠡᠷᠡᠮᠡᠯᠵᠡᠯ ᠢᠶᠡᠨ ᠨᠣᠲᠠᠯᠠᠭᠰᠠᠨ᠃

 

ᠬᠠᠲᠤᠭᠲᠠᠢ᠂ ᠨᠣᠶᠠᠳ ᠠ᠋᠂

 

ᠡᠨᠡ ᠤᠳᠠᠭ᠎ᠠ ᠢᠢᠨ ᠴᠢᠭᠤᠯᠭ᠎ᠠ ᠠᠭᠤᠯᠵᠠᠯᠲᠠ 《ᠠᠯᠤᠰ ᠳᠣᠷᠣᠨᠠᠲᠤ᠄ ᠪᠣᠯᠤᠮᠵᠢ ᠢᠢᠨ ᠬᠢᠵᠠᠭᠠᠷ ᠢ ᠲᠡᠯᠡᠬᠦ ᠨᠢ》 ᠰᠡᠳᠦᠪ ᠦᠨ ᠳᠣᠣᠷ᠎ᠠ ᠵᠣᠬᠢᠶᠠᠭᠳᠠᠵᠤ ᠪᠠᠢᠢᠨ᠎ᠠ᠃ ᠴᠢᠭᠤᠯᠭ᠎ᠠ ᠠᠭᠤᠯᠵᠠᠯᠲᠠ ᠳᠤ ᠣᠷᠣᠯᠴᠠᠭᠴᠢ ᠣᠷᠣᠨ ᠨᠤᠭᠤᠳ ᠬᠣᠶᠠᠷ ᠪᠣᠯᠤᠨ ᠣᠯᠠᠨ ᠲᠠᠯ᠎ᠠ ᠢᠢᠨ ᠬᠠᠮᠲᠤ ᠢᠢᠨ ᠠᠵᠢᠯᠯᠠᠭ᠎ᠠ ᠢᠢ ᠬᠥᠭ᠍ᠵᠢᠭᠦᠯᠬᠦ ᠰᠢᠨ᠎ᠡ ᠪᠣᠯᠤᠮᠵᠢ ᠢᠢ ᠡᠷᠢᠯᠬᠢᠯᠡᠬᠦ ᠵᠣᠷᠢᠯᠭ᠎ᠠ ᠲᠠᠢ ᠭᠡᠵᠦ ᠮᠢᠨᠦ ᠪᠡᠶ᠎ᠡ ᠬᠠᠷᠠᠵᠤ ᠪᠠᠢᠢᠨ᠎ᠠ᠃ ᠣᠷᠣᠰ ᠤᠨ ᠬᠣᠯᠪᠣᠭᠠᠨ ᠤ ᠤᠯᠤᠰ ᠤᠨ ᠠᠯᠤᠰ ᠳᠣᠷᠣᠨᠠᠲᠤ ᠢᠢᠨ ᠪᠥᠰᠡ ᠨᠤᠲᠤᠭ ᠨᠢ ᠮᠣᠩᠭ᠋ᠣᠯ ᠤᠯᠤᠰ ᠤᠨ ᠬᠤᠪᠢ ᠳᠤ ᠪᠥᠰᠡ ᠨᠤᠲᠤᠭ ᠤᠨ ᠣᠷᠣᠨ ᠨᠤᠭᠤᠳ ᠲᠠᠢ ᠬᠠᠮᠲᠤ ᠢᠢᠨ ᠠᠵᠢᠯᠯᠠᠭ᠎ᠠ ᠢᠢ ᠪᠠᠨ ᠭᠦᠨᠵᠡᠭᠡᠢᠢᠷᠡᠭᠦᠯᠬᠦ᠂ ᠡᠳ᠋ ᠍ ᠦᠨ ᠵᠠᠰᠠᠭ ᠤᠨ ᠢᠨ᠋ᠲ᠋ᠧᠭᠷᠠᠼᠢ ᠳᠤ ᠬᠠᠮᠤᠷᠤᠭᠳᠠᠬᠤ ᠨᠢᠭᠡ ᠴᠢᠬᠤᠯᠠ ᠭᠠᠷᠴᠠ᠂ ᠪᠣᠯᠤᠮᠵᠢ ᠶᠤᠮ᠃

 

ᠮᠣᠩᠭ᠋ᠣᠯ ᠤᠯᠤᠰ ᠬᠣᠶᠠᠷ ᠬᠥᠷᠰᠢ ᠣᠷᠣᠨ ᠤ ᠨᠤᠲᠤᠭ ᠳᠡᠪᠢᠰᠬᠡᠷ ᠢᠶᠡᠷ ᠲᠡᠮᠦᠷ ᠵᠠᠮ ᠢᠶᠠᠷ ᠳᠠᠮᠵᠢᠨ ᠲᠡᠭᠡᠭᠡᠪᠦᠷᠢᠯᠡᠯᠲᠡ ᠬᠢᠵᠦ᠂ ᠮᠥᠨ ᠬᠥᠷᠰᠢ ᠣᠷᠣᠨ ᠨᠤᠭᠤᠳ ᠤᠨ ᠢᠶᠠᠨ ᠳᠠᠯᠠᠢ ᠢᠢᠨ ᠪᠣᠭᠣᠮᠲᠠ ᠢᠢ ᠠᠰᠢᠭᠯᠠᠨ ᠳᠡᠯᠡᠬᠡᠢ ᠢᠢᠨ ᠵᠠᠬ᠎ᠠ ᠵᠡᠭᠡᠯᠢ ᠳᠥ ᠪᠦᠲᠦᠭᠡᠭ᠍ᠳᠡᠬᠦᠨ ᠢᠶᠡᠨ ᠭᠠᠷᠭᠠᠬᠤ ᠪᠠᠷ ᠲᠥᠯᠥᠪᠯᠡᠭᠰᠡᠨ᠃ ᠡᠨᠡ ᠵᠣᠷᠢᠯᠭ᠎ᠠ ᠪᠠᠷ ᠮᠣᠩᠭ᠋ᠣᠯ ᠤᠯᠤᠰ ᠤᠨ ᠶᠡᠬᠡ ᠬᠤᠷᠠᠯ 2010 ᠣᠨ ᠳᠤ ᠲᠡᠮᠦᠷ ᠵᠠᠮ ᠤᠨ ᠲᠡᠭᠡᠭᠡᠪᠦᠷᠢ ᠢᠢᠨ ᠲᠠᠯ᠎ᠠ ᠪᠠᠷ ᠪᠠᠷᠢᠮᠲᠠᠯᠠᠬᠤ ᠪᠣᠳᠣᠯᠭ᠎ᠠ ᠢᠢ ᠪᠠᠲᠤᠯᠠᠭᠰᠠᠨ᠃ ᠡᠨᠡ ᠪᠣᠳᠣᠯᠭ᠎ᠠ ᠠᠮᠵᠢᠯᠲᠠᠲᠠᠢ ᠬᠡᠷᠡᠭᠵᠢᠵᠦ ᠪᠠᠢᠢᠨ᠎ᠠ᠃ ᠡᠨᠡ ᠣᠨ ᠤ ᠵᠢᠷᠭᠤᠳᠤᠭᠠᠷ ᠰᠠᠷ᠎ᠠ ᠳᠤ ᠣᠷᠣᠰ ᠤᠨ ᠬᠣᠯᠪᠣᠭᠠᠨ ᠤ ᠤᠯᠤᠰ ᠲᠠᠢ 《ᠲᠡᠮᠦᠷ ᠵᠠᠮ ᠢᠶᠠᠷ ᠳᠠᠮᠵᠢᠨ ᠥᠩᠭᠡᠷᠡᠬᠦ ᠠᠴᠢᠶ᠎ᠠ ᠲᠡᠭᠡᠭᠡᠪᠦᠷᠢᠯᠡᠬᠦ ᠨᠥᠬᠥᠴᠡᠯ ᠦᠨ ᠲᠤᠬᠠᠢ ᠮᠣᠩᠭ᠋ᠣᠯ ᠤᠯᠤᠰ ᠤᠨ ᠵᠠᠰᠠᠭ ᠤᠨ ᠭᠠᠵᠠᠷ᠂ ᠣᠷᠣᠰ ᠤᠨ ᠬᠣᠯᠪᠣᠭᠠᠨ ᠤ ᠤᠯᠤᠰ ᠤᠨ ᠵᠠᠰᠠᠭ ᠤᠨ ᠭᠠᠵᠠᠷ ᠬᠣᠭᠣᠷᠣᠨᠳᠣ ᠢᠢᠨ ᠬᠡᠯᠡᠯᠴᠡᠭᠡᠷ》 ᠪᠠᠢᠢᠭᠤᠯᠤᠭᠰᠠᠨ ᠨᠢ ᠲᠣᠮᠣ ᠠᠯᠬᠤᠮ ᠪᠣᠯᠤᠯ᠎ᠠ᠃ ᠡᠭᠦᠨ ᠡᠴᠡ ᠭᠠᠳᠠᠨ᠎ᠠ ᠮᠠᠨ ᠤ ᠤᠯᠤᠰ 《ᠮᠣᠩᠭ᠋ᠣᠯ ᠤᠯᠤᠰ᠂ ᠪᠦᠭᠦᠳᠡ ᠨᠠᠢᠢᠷᠠᠮᠳᠠᠬᠤ ᠬᠢᠲᠠᠳ ᠠᠷᠠᠳ ᠤᠯᠤᠰ ᠢᠢᠨ ᠨᠤᠲᠤᠭ ᠳᠡᠪᠢᠰᠬᠡᠷ ᠢᠶᠡᠷ ᠳᠠᠮᠵᠢᠨ ᠳᠠᠯᠠᠢ ᠳᠤ ᠭᠠᠷᠬᠤ᠂ ᠪᠤᠴᠠᠬᠤ ᠪᠣᠯᠤᠨ ᠳᠠᠮᠵᠢᠨ ᠥᠩᠭᠡᠷᠡᠬᠦ ᠲᠡᠭᠡᠭᠡᠪᠦᠷᠢ ᠬᠢᠬᠦ ᠲᠤᠬᠠᠢ ᠬᠡᠯᠡᠯᠴᠡᠭᠡᠷ》᠂ 《ᠲᠡᠮᠦᠷ ᠵᠠᠮ ᠤᠨ ᠳᠠᠮᠵᠢᠨ ᠥᠩᠭᠡᠷᠡᠬᠦ ᠲᠡᠭᠡᠭᠡᠪᠦᠷᠢ ᠢᠢᠨ ᠬᠠᠮᠲᠤ ᠢᠢᠨ ᠠᠵᠢᠯᠯᠠᠭᠠᠨ ᠤ ᠲᠤᠬᠠᠢ ᠮᠣᠩᠭ᠋ᠣᠯ᠂ ᠬᠢᠲᠠᠳ ᠤᠨ ᠵᠠᠰᠠᠭ ᠤᠨ ᠭᠠᠵᠠᠷ ᠬᠣᠭᠣᠷᠣᠨᠳᠣ ᠢᠢᠨ ᠬᠡᠯᠡᠯᠴᠡᠭᠡᠷ》 ᠵᠡᠷᠭᠡ ᠴᠢᠬᠤᠯᠠ ᠪᠠᠷᠢᠮᠲᠠ ᠪᠢᠴᠢᠭ᠌ ᠢ ᠪᠦᠭᠦᠳᠡ ᠨᠠᠢᠢᠷᠠᠮᠳᠠᠬᠤ ᠬᠢᠲᠠᠳ ᠠᠷᠠᠳ ᠤᠯᠤᠰ ᠲᠠᠢ ᠪᠠᠢᠢᠭᠤᠯᠤᠭᠠᠳ ᠪᠠᠢᠢᠨ᠎ᠠ᠃

 

ᠡᠳᠡᠭᠡᠷ ᠬᠡᠯᠡᠯᠴᠡᠭᠡᠷ ᠢ ᠪᠠᠢᠢᠭᠤᠯᠤᠭᠰᠠᠨ ᠢᠶᠠᠷ ᠬᠥᠷᠰᠢ ᠣᠷᠣᠨ ᠨᠤᠭᠤᠳ ᠤᠨ ᠨᠤᠲᠤᠭ ᠢᠶᠠᠷ ᠳᠠᠮᠵᠢᠨ ᠥᠩᠭᠡᠷᠡᠵᠦ᠂ ᠳᠠᠯᠠᠢ ᠢᠢᠨ ᠪᠣᠭᠣᠮᠲᠠ ᠨᠤᠭᠤᠳ ᠢᠶᠠᠷ ᠳᠠᠮᠵᠢᠭᠤᠯᠤᠨ ᠵᠡᠭᠦᠨ ᠬᠣᠢᠢᠳᠤ ᠠᠽᠢᠶ᠎ᠠ ᠢᠢᠨ ᠪᠣᠯᠤᠨ ᠪᠤᠰᠤᠳ ᠤᠯᠤᠰ ᠤᠳ ᠲᠠᠢ ᠬᠤᠳᠠᠯᠳᠤᠭ᠎ᠠ ᠬᠢᠬᠦ ᠪᠣᠯᠤᠮᠵᠢ ᠨᠡᠭᠡᠭᠡᠭ᠍ᠳᠡᠯ᠎ᠡ᠃ ᠮᠣᠩᠭ᠋ᠣᠯ ᠤᠯᠤᠰ ᠢ ᠳᠠᠯᠠᠢ ᠳᠤ ᠭᠠᠷᠬᠤ ᠭᠠᠷᠴᠠ ᠢᠢ ᠨᠡᠭᠡᠭᠡᠭ᠍ᠰᠡᠨ᠂ ᠣᠯᠠᠨ ᠤᠯᠤᠰ ᠤᠨ ᠬᠤᠳᠠᠯᠳᠤᠭ᠎ᠠ ᠡᠳ᠋ ᠍ ᠦᠨ ᠵᠠᠰᠠᠭ ᠤᠨ ᠢᠨ᠋ᠲ᠋ᠧᠭᠷᠠᠼᠢ ᠳᠤ ᠨᠢᠭᠡᠳᠬᠦ ᠪᠣᠯᠤᠮᠵᠢ ᠢᠢ ᠣᠯᠭᠤᠭᠰᠠᠨ ᠴᠢᠬᠤᠯᠠ ᠭᠡᠷ᠎ᠡ ᠬᠡᠯᠡᠯᠴᠡᠭᠡᠷ ᠢ ᠪᠠᠢᠢᠭᠤᠯᠵᠤ ᠳᠡᠮᠵᠢᠯᠭᠡ ᠦᠵᠡᠭᠦᠯᠦᠭᠰᠡᠨ ᠣᠷᠣᠰ ᠤᠨ ᠬᠣᠯᠪᠣᠭᠠᠨ ᠤ ᠤᠯᠤᠰ ᠤᠨ ᠶᠡᠷᠦᠩᠬᠡᠢᠢᠯᠡᠭᠴᠢ ᠨᠣᠶᠠᠨ ᠸ᠂ ᠸ᠂ ᠫᠦᠲ᠋ᠢᠨ᠂ ᠪᠦᠭᠦᠳᠡ ᠨᠠᠢᠢᠷᠠᠮᠳᠠᠬᠤ ᠬᠢᠲᠠᠳ ᠠᠷᠠᠳ ᠤᠯᠤᠰ ᠤᠨ ᠳᠠᠷᠤᠭ᠎ᠠ ᠰᠢ ᠵᠢᠨᠫᠢᠩ ᠨᠠᠷ ᠲᠤ ᠲᠠᠯᠠᠷᠬᠠᠯ ᠢᠯᠡᠷᠬᠡᠢᠢᠯᠡᠶ᠎ᠡ᠃

 

ᠮᠣᠩᠭ᠋ᠣᠯ ᠤᠯᠤᠰ ᠨᠢ ᠬᠥᠷᠰᠢ ᠣᠷᠣᠨ ᠨᠤᠭᠤᠳ᠂ ᠪᠥᠰᠡ ᠨᠤᠲᠤᠭ ᠤᠨ ᠣᠷᠣᠨ ᠨᠤᠭᠤᠳ ᠲᠠᠢ ᠤᠯᠤᠰ ᠲᠥᠷᠥ ᠢᠢᠨ ᠬᠠᠷᠢᠯᠴᠠᠭᠠᠨ ᠤ ᠥᠨᠳᠥᠷ ᠲᠦᠪᠰᠢᠨ ᠳᠥ ᠬᠦᠷᠦᠭᠰᠡᠨ᠂ ᠠᠯᠢᠪᠠ ᠬᠤᠷᠴᠠᠳᠠᠮᠠᠯ᠂ ᠮᠠᠷᠭᠤᠭᠠᠨ ᠲᠠᠢ ᠠᠰᠠᠭᠤᠳᠠᠯ ᠦᠭᠡᠢ ᠣᠷᠣᠨ ᠪᠢᠯᠡ᠃ ᠡᠨᠡ ᠴᠤ ᠡᠭᠦᠳᠡᠨ ᠡᠴᠡ 《ᠤᠯᠠᠭᠠᠨᠪᠠᠭᠠᠲᠤᠷ ᠤᠨ ᠶᠠᠷᠢᠶ᠎ᠠ ᠬᠡᠯᠡᠯᠴᠡᠭᠡ》 ᠵᠡᠷᠭᠡ ᠪᠥᠰᠡ ᠨᠤᠲᠤᠭ ᠤᠨ ᠣᠷᠣᠨ ᠨᠤᠭᠤᠳ ᠤᠨ ᠬᠠᠷᠢᠯᠴᠠᠨ ᠣᠢᠢᠯᠠᠭᠠᠯᠴᠠᠯ ᠢ ᠪᠡᠬᠢᠵᠢᠭᠦᠯᠬᠦ᠂ ᠶᠠᠷᠢᠶ᠎ᠠ ᠬᠡᠯᠡᠯᠴᠡᠭᠡ ᠢᠢ ᠭᠦᠨᠵᠡᠭᠡᠢᠢᠷᠡᠭᠦᠯᠬᠦ ᠳᠥ ᠴᠢᠭᠯᠡᠭᠰᠡᠨ ᠰᠠᠨᠠᠭᠠᠴᠢᠯᠠᠭ᠎ᠠ ᠳᠡᠪᠰᠢᠭᠦᠯᠦᠨ ᠠᠵᠢᠯᠯᠠᠵᠤ ᠪᠠᠢᠢᠨ᠎ᠠ᠃ ᠤᠯᠤᠰ ᠲᠥᠷᠥ ᠢᠢᠨ ᠬᠠᠷᠢᠯᠴᠠᠭᠠᠨ ᠤ ᠥᠨᠳᠥᠷ ᠲᠦᠪᠰᠢᠨ ᠢ ᠪᠠᠲᠤᠳᠬᠠᠬᠤ ᠢᠢᠨ ᠵᠡᠷᠭᠡᠴᠡᠭᠡ ᠪᠥᠰᠡ ᠨᠤᠲᠤᠭ ᠤᠨ ᠣᠷᠣᠨ ᠨᠤᠭᠤᠳ ᠲᠠᠢ ᠬᠥᠭ᠍ᠵᠢᠯ ᠦᠨ ᠪᠣᠳᠣᠯᠭ᠎ᠠ ᠪᠠᠨ ᠤᠶᠠᠯᠳᠤᠭᠤᠯᠵᠤ᠂ ᠲᠣᠮᠣᠬᠠᠨ ᠲᠥᠰᠥᠯ ᠬᠥᠲᠥᠯᠪᠦᠷᠢ ᠢᠢ ᠬᠠᠮᠲᠤᠷᠠᠨ ᠬᠡᠷᠡᠭᠵᠢᠭᠦᠯᠬᠦ ᠢᠢ ᠵᠣᠷᠢᠵᠤ ᠪᠠᠢᠢᠨ᠎ᠠ᠃ ᠲᠤᠬᠠᠢᠢᠯᠠᠪᠠᠯ᠂ 《ᠮᠣᠩᠭ᠋ᠣᠯ-ᠣᠷᠣᠰ-ᠬᠢᠲᠠᠳ ᠤᠨ ᠡᠳ᠋ ᠍ ᠦᠨ ᠵᠠᠰᠠᠭ ᠤᠨ ᠺᠣᠷᠢᠳᠣᠷ》 ᠪᠠᠢᠢᠭᠤᠯᠬᠤ ᠪᠠᠷ ᠠᠵᠢᠯᠯᠠᠵᠤ ᠪᠠᠢᠢᠭ᠎ᠠ᠃ ᠬᠥᠲᠥᠯᠪᠦᠷᠢ ᠢᠢᠨ ᠬᠦᠷᠢᠶᠡᠨ ᠳᠥ ᠲᠣᠳᠣᠷᠬᠠᠢ ᠲᠥᠰᠥᠯ ᠦᠳ ᠦᠨ ᠬᠡᠷᠡᠭᠵᠢᠯᠲᠡ ᠢᠢ ᠡᠬᠢᠯᠡᠭᠦᠯᠬᠦ ᠲᠠᠯ᠎ᠠ ᠪᠠᠷ ᠴᠢᠨ᠋ᠳᠠᠣ‍ ᠬᠣᠲᠠᠨ᠎ᠠ ᠪᠣᠯᠤᠭᠰᠠᠨ ᠠᠭᠤᠯᠵᠠᠯᠲᠠ ᠪᠠᠷ ᠫᠦᠲ᠋ᠢᠨ ᠶᠡᠷᠦᠩᠬᠡᠢᠢᠯᠡᠭᠴᠢ᠂ ᠰᠢ ᠵᠢᠨᠫᠢᠩ ᠳᠠᠷᠤᠭ᠎ᠠ ᠨᠠᠷ ᠲᠠᠢ ᠶᠠᠷᠢᠯᠴᠠᠭᠰᠠᠨ᠃

 

ᠣᠷᠣᠰ ᠤᠨ ᠬᠣᠯᠪᠣᠭᠠᠨ ᠤ ᠤᠯᠤᠰ ᠠᠴᠠ ᠪᠦᠭᠦᠳᠡ ᠨᠠᠢᠢᠷᠠᠮᠳᠠᠬᠤ ᠬᠢᠲᠠᠳ ᠠᠷᠠᠳ ᠤᠯᠤᠰ ᠤᠷᠤᠭᠤ ᠪᠠᠷᠢᠬᠤ ᠪᠠᠷ ᠲᠥᠯᠥᠪᠯᠡᠵᠦ ᠪᠠᠢᠢᠭ᠎ᠠ ᠪᠠᠢᠢᠭᠠᠯᠢ ᠢᠢᠨ ᠬᠡᠢ ᠢᠢᠨ ᠬᠣᠭᠣᠯᠠᠢ ᠢᠢ ᠮᠣᠩᠭ᠋ᠣᠯ ᠤᠯᠤᠰ ᠢᠶᠠᠷ ᠳᠠᠮᠵᠢᠭᠤᠯᠤᠨ ᠥᠩᠭᠡᠷᠡᠭᠦᠯᠬᠦ ᠠᠰᠠᠭᠤᠳᠠᠯ ᠢᠶᠠᠷ ᠪᠢᠳᠡ ᠬᠠᠮᠲᠤᠷᠠᠨ ᠠᠵᠢᠯᠯᠠᠬᠤ ᠳᠤ ᠪᠡᠯᠡᠨ ᠪᠠᠢᠢᠨ᠎ᠠ᠃ ᠮᠣᠩᠭ᠋ᠣᠯ ᠤᠯᠤᠰ ᠤᠨ ᠡᠨᠡ ᠬᠦᠰᠡᠯᠲᠡ ᠢᠢ ᠳᠡᠮᠵᠢᠭᠰᠡᠨ ᠣᠷᠣᠰ ᠤᠨ ᠬᠣᠯᠪᠣᠭᠠᠨ ᠤ ᠤᠯᠤᠰ ᠤᠨ ᠶᠡᠷᠦᠩᠬᠡᠢᠢᠯᠡᠭᠴᠢ ᠨᠣᠶᠠᠨ ᠸᠯᠠᠳᠢᠮᠢᠷ ᠸᠯᠠᠳᠢᠮᠢᠷᠣᠸᠢᠴ ᠫᠦᠲ᠋ᠢᠨ ᠲᠠᠨ ᠳᠤ ᠲᠠᠯᠠᠷᠬᠠᠵᠤ ᠪᠠᠢᠢᠨ᠎ᠠ᠃ ᠪᠦᠭᠦᠳᠡ ᠨᠠᠢᠢᠷᠠᠮᠳᠠᠬᠤ ᠬᠢᠲᠠᠳ ᠠᠷᠠᠳ ᠤᠯᠤᠰ ᠤᠨ ᠳᠠᠷᠤᠭ᠎ᠠ ᠰᠢ ᠵᠢᠨᠫᠢᠩ ᠳᠡᠮᠵᠢᠨ᠎ᠡ ᠭᠡᠳᠡᠭ ᠲᠥ ᠨᠠᠢᠢᠳᠠᠵᠤ ᠪᠠᠢᠢᠨ᠎ᠠ᠃ ᠪᠢᠳᠡ ᠡᠨᠡ ᠠᠰᠠᠭᠤᠳᠠᠯ ᠢᠶᠠᠷ ᠪᠠᠲᠤᠯᠠᠭ᠎ᠠ ᠲᠠᠢ ᠡᠷᠬᠡ ᠵᠦᠢ ᠢᠢᠨ ᠣᠷᠴᠢᠨ ᠪᠤᠢ ᠪᠣᠯᠭᠠᠬᠤ ᠳᠤ ᠪᠡᠯᠡᠨ ᠪᠠᠢᠢᠨ᠎ᠠ᠃ ᠮᠠᠨ ᠤ ᠤᠯᠤᠰ ᠲᠡᠭᠦᠨᠴᠢᠯᠡᠨ ᠬᠤᠳᠠᠯᠳᠤᠭ᠎ᠠ᠂ ᠬᠥᠷᠥᠩᠭᠡ ᠣᠷᠣᠭᠤᠯᠤᠯᠲᠠ ᠢᠢᠨ ᠭᠣᠣᠯ ᠲᠦᠩᠰᠢ ᠣᠷᠣᠨ ᠨᠤᠭᠤᠳ ᠲᠠᠢ ᠪᠠᠨ ᠬᠠᠮᠲᠤ ᠢᠢᠨ ᠠᠵᠢᠯᠯᠠᠭ᠎ᠠ ᠢᠢ ᠤᠯᠠᠮ ᠥᠷᠭᠡᠵᠢᠭᠦᠯᠬᠦ᠂ ᠬᠥᠷᠥᠩᠭᠡ ᠣᠷᠣᠭᠤᠯᠤᠯᠲᠠ ᠢᠢᠨ ᠢᠯᠡᠭᠦᠦ ᠲᠠᠭᠠᠲᠠᠢ ᠨᠥᠬᠥᠴᠡᠯ ᠪᠦᠷᠢᠳᠦᠭᠦᠯᠬᠦ ᠡᠭᠦᠳᠡᠨ ᠡᠴᠡ ᠶᠠᠫᠣᠨ ᠤᠯᠤᠰ ᠲᠠᠢ 《ᠡᠳ᠋ ᠍ ᠦᠨ ᠵᠠᠰᠠᠭ ᠤᠨ ᠲᠦᠩᠰᠢᠯᠡᠯ ᠦᠨ ᠬᠡᠯᠡᠯᠴᠡᠭᠡᠷ》 ᠍ ᠢ 2015 ᠣᠨ ᠳᠤ ᠪᠠᠢᠢᠭᠤᠯᠤᠭᠰᠠᠨ ᠪᠣᠯ ᠪᠦᠭᠦᠳᠡ ᠨᠠᠢᠢᠷᠠᠮᠳᠠᠬᠤ ᠰᠣᠯᠣᠩᠭ᠋ᠣᠰ ᠤᠯᠤᠰ ᠲᠠᠢ ᠮᠥᠨ ᠡᠢᠢᠮᠦ ᠬᠡᠯᠡᠯᠴᠡᠭᠡᠷ ᠪᠠᠢᠢᠭᠤᠯᠬᠤ ᠬᠠᠮᠲᠤᠷᠠᠭᠰᠠᠨ ᠰᠤᠳᠤᠯᠭᠠᠨ ᠤ ᠠᠵᠢᠯ ᠢ ᠳᠠᠭᠤᠰᠬᠠᠭᠠᠳ ᠪᠠᠢᠢᠨ᠎ᠠ᠃

 

ᠮᠥᠨ ᠧᠦ᠋ᠷᠠᠽᠢ ᠢᠢᠨ ᠡᠳ᠋ ᠍ ᠦᠨ ᠵᠠᠰᠠᠭ ᠤᠨ ᠬᠣᠯᠪᠣᠭ᠎ᠠ ᠲᠠᠢ ᠴᠢᠯᠦᠭᠡᠲᠦ ᠬᠤᠳᠠᠯᠳᠤᠭᠠᠨ ᠤ ᠬᠡᠯᠡᠯᠴᠡᠭᠡᠷ ᠪᠠᠢᠢᠭᠤᠯᠬᠤ ᠦᠨᠳᠦᠰᠦᠯᠡᠯ ᠢ ᠬᠠᠮᠲᠤᠷᠠᠨ ᠰᠤᠳᠤᠯᠬᠤ ᠪᠠᠷ ᠶᠠᠷᠢᠯᠴᠠᠵᠤ ᠪᠠᠢᠢᠨ᠎ᠠ᠃

 

ᠬᠠᠲᠤᠭᠲᠠᠢ᠂ ᠨᠣᠶᠠᠳ ᠠ᠋᠂

 

ᠮᠣᠩᠭ᠋ᠣᠯ ᠤᠯᠤᠰ ᠤᠨ ᠡᠳ᠋ ᠍ ᠦᠨ ᠵᠠᠰᠠᠭ ᠤᠨ ᠤᠨᠠᠯᠲᠠ ᠵᠣᠭᠰᠣᠵᠤ᠂ ᠥᠰᠦᠯᠲᠡ ᠲᠣᠭᠲᠠᠪᠤᠷᠢᠵᠢᠵᠤ ᠪᠠᠢᠢᠨ᠎ᠠ᠃ ᠳᠣᠲᠣᠭᠠᠳᠤ ᠢᠢᠨ ᠨᠡᠢᠢᠲᠡ ᠪᠦᠲᠦᠭᠡᠭ᠍ᠳᠡᠬᠦᠨ ᠦ ᠥᠰᠦᠯᠲᠡ 2017 ᠣᠨ ᠳᠤ 5.3᠂ 2018 ᠣᠨ ᠤ ᠡᠬᠢᠨ ᠦ ᠬᠠᠭᠠᠰ ᠲᠤ 6.3 ᠬᠤᠪᠢ ᠳᠤ ᠬᠦᠷᠦᠭᠰᠡᠨ᠃ ᠪᠢᠳᠡ ᠮᠠᠨ ᠤ ᠡᠳ᠋ ᠍ ᠦᠨ ᠵᠠᠰᠠᠭ ᠤᠨ ᠠᠭᠤᠯᠠ ᠠᠭᠤᠷᠬᠠᠢ ᠢᠢᠨ ᠰᠠᠯᠪᠤᠷᠢ ᠠᠴᠠ ᠬᠠᠮᠢᠶᠠᠷᠤᠯ ᠲᠠᠢ ᠡᠮᠵᠡᠭ ᠪᠠᠢᠢᠳᠠᠯ ᠢ ᠪᠠᠭᠤᠷᠠᠭᠤᠯᠬᠤ ᠪᠠᠷ ᠵᠣᠷᠢᠵᠤ ᠪᠠᠢᠢᠨ᠎ᠠ᠃ ᠭᠣᠣᠯ ᠲᠦᠩᠰᠢ ᠣᠷᠣᠨ ᠨᠤᠭᠤᠳ ᠲᠠᠢ ᠬᠤᠳᠠᠯᠳᠤᠭᠠᠨ ᠤ ᠡᠷᠭᠢᠯᠲᠡ ᠢᠢ ᠨᠡᠮᠡᠭᠳᠡᠭᠦᠯᠬᠦ᠂ ᠲᠡᠭᠦᠨ ᠦ ᠳᠣᠲᠣᠷ᠎ᠠ ᠮᠣᠩᠭ᠋ᠣᠯ ᠠᠴᠠ ᠭᠠᠷᠭᠠᠬᠤ ᠠᠭᠤᠯᠠ ᠠᠭᠤᠷᠬᠠᠢ ᠢᠢᠨ ᠪᠤᠰᠤ᠂ ᠨᠡᠮᠡᠭᠦᠦ ᠥᠷᠲᠡᠭ ᠰᠢᠩᠭᠡᠭᠡᠭ᠍ᠰᠡᠨ ᠪᠦᠲᠦᠭᠡᠭ᠍ᠳᠡᠬᠦᠨ ᠦ ᠡᠺᠰᠫᠣᠷᠲ ᠢ ᠨᠡᠮᠡᠭᠳᠡᠭᠦᠯᠬᠦ ᠪᠣᠳᠣᠯᠭ᠎ᠠ ᠪᠠᠷᠢᠮᠲᠠᠯᠠᠵᠤ ᠪᠠᠢᠢᠨ᠎ᠠ᠃

 

ᠮᠣᠩᠭ᠋ᠣᠯ ᠤᠯᠤᠰ ᠪᠥᠰᠡ ᠨᠤᠲᠤᠭ ᠤᠨ ᠣᠷᠣᠨ ᠨᠤᠭᠤᠳ ᠲᠠᠢ ᠣᠯᠠᠨ ᠲᠠᠯ᠎ᠠ ᠢᠢᠨ ᠪᠣᠯᠤᠨ ᠬᠣᠶᠠᠷ ᠲᠠᠯ᠎ᠠ ᠢᠢᠨ ᠬᠤᠳᠠᠯᠳᠤᠭ᠎ᠠ᠂ ᠡᠳ᠋ ᠍ ᠦᠨ ᠵᠠᠰᠠᠭ ᠤᠨ ᠬᠠᠮᠲᠤ ᠢᠢᠨ ᠠᠵᠢᠯᠯᠠᠭ᠎ᠠ ᠢᠢ ᠢᠳᠡᠪᠬᠢᠲᠡᠢ ᠬᠥᠭ᠍ᠵᠢᠭᠦᠯᠬᠦ ᠪᠣᠳᠣᠯᠭ᠎ᠠ ᠪᠠᠷᠢᠮᠲᠠᠯᠠᠬᠤ ᠢᠢ ᠡᠨᠡ ᠶᠡᠨᠳᠡᠷ ᠡᠴᠡ ᠨᠣᠲᠠᠯᠠᠬᠤ ᠢᠢ ᠬᠦᠰᠡᠵᠦ ᠪᠠᠢᠢᠨ᠎ᠠ᠃ ᠡᠳ᠋ ᠍ ᠦᠨ ᠵᠠᠰᠠᠭ ᠤᠨ ᠦᠷ᠎ᠡ ᠠᠰᠢᠭᠲᠠᠢ ᠬᠠᠮᠲᠤ ᠢᠢᠨ ᠠᠵᠢᠯᠯᠠᠭ᠎ᠠ ᠪᠠᠨ ᠬᠥᠭ᠍ᠵᠢᠭᠦᠯᠬᠦ ᠢᠢᠨ ᠲᠤᠯᠠᠳᠠ ᠲᠣᠳᠣᠷᠬᠠᠢ ᠰᠠᠨᠠᠯ ᠳᠡᠪᠰᠢᠭᠦᠯᠦᠶ᠎ᠡ᠃ ᠵᠡᠭᠦᠨ ᠬᠣᠢᠢᠳᠤ ᠠᠽᠢᠶ᠎ᠠ ᠢᠢᠨ ᠣᠷᠣᠨ ᠨᠤᠭᠤᠳ ᠢ ᠴᠠᠬᠢᠯᠭᠠᠨ ᠡᠷᠴᠢᠮ ᠬᠦᠴᠦ ᠪᠡᠷ ᠬᠠᠩᠭ᠋ᠠᠬᠤ᠂ ᠣᠷᠭᠢᠯ ᠴᠠᠭ ᠤᠨ ᠠᠴᠢᠶᠠᠯᠠᠯ ᠬᠤᠪᠢᠶᠠᠯᠴᠠᠭᠰᠠᠨ᠂ ᠨᠥᠭᠡᠴᠡ ᠠᠰᠢᠭᠯᠠᠯᠲᠠ ᠢᠢᠨ ᠣᠨᠣᠪᠴᠢᠲᠠᠢ ᠰᠢᠢᠳᠦᠯ ᠪᠣᠯᠬᠤ 《ᠵᠡᠭᠦᠨ ᠬᠣᠢᠢᠳᠤ ᠠᠽᠢᠶ᠎ᠠ ᠢᠢᠨ ᠡᠷᠴᠢᠮ ᠬᠦᠴᠦᠨ ᠦ ᠰᠤᠢᠫᠧᠷ ᠰᠦᠯᠵᠢᠶ᠎ᠡ》 ᠲᠥᠰᠥᠯ ᠦᠨ ᠠᠵᠢᠯ ᠢ ᠬᠠᠮᠲᠤᠷᠠᠨ᠂ ᠴᠠᠭ ᠠᠯᠠᠳᠠᠯ ᠦᠭᠡᠢ᠂ ᠰᠢᠭᠤᠷᠬᠠᠢ ᠡᠬᠢᠯᠡᠭᠦᠯᠬᠦ ᠢᠢ ᠤᠷᠢᠶᠠᠯᠠᠵᠤ ᠪᠠᠢᠢᠨ᠎ᠠ᠃

 

ᠪᠢᠳᠡ ᠡᠨᠡᠬᠦ ᠰᠤᠢᠫᠧᠷ ᠰᠦᠯᠵᠢᠶᠡᠨ ᠦ ᠪᠣᠳᠠᠲᠤ ᠡᠬᠢᠯᠡᠯ ᠪᠣᠯᠭᠠᠵᠤ᠂ ᠮᠣᠩᠭ᠋ᠣᠯ ᠤᠯᠤᠰ- ᠬᠢᠲᠠᠳ ᠤᠯᠤᠰ ᠬᠠᠮᠲᠤᠷᠠᠭᠰᠠᠨ ᠡᠷᠴᠢᠮ ᠬᠦᠴᠦᠨ ᠦ ᠴᠣᠭᠴᠠᠯᠠᠪᠤᠷᠢ ᠪᠣᠯᠤᠨ ᠦᠯᠡᠮᠵᠢ ᠥᠨᠳᠥᠷ ᠬᠦᠴᠦᠳᠡᠯ ᠦᠨ ᠱᠤᠭᠤᠮ ᠤᠨ ᠲᠥᠰᠥᠯ ᠡᠬᠢᠯᠡᠭᠦᠯᠵᠦ ᠪᠠᠢᠢᠭ᠎ᠠ ᠢᠢ ᠮᠡᠳᠡᠭᠳᠡᠬᠦ ᠳᠥ ᠲᠠᠭᠠᠲᠠᠢ ᠪᠠᠢᠢᠨ᠎ᠠ᠃ ᠡᠨᠡᠬᠦ ᠴᠣᠭᠴᠠᠯᠠᠪᠤᠷᠢ ᠨᠢ ᠨᠠᠷᠠ᠂ ᠰᠠᠯᠬᠢ᠂ ᠨᠡᠭᠦᠷᠡᠰᠦᠨ ᠦ ᠡᠬᠢ ᠡᠭᠦᠰᠪᠦᠷᠢ ᠡᠴᠡ ᠨᠡᠢᠢᠲᠡ ᠲᠠᠪᠤᠨ ᠮᠢᠩᠭ᠋᠎ᠠ ᠭᠤᠷᠪᠠᠨ ᠵᠠᠭᠤᠨ ᠲᠠᠪᠢᠨ (5350) ᠮ᠂ᠸᠲ ᠍ ᠤᠨ ᠰᠠᠭᠤᠷᠢᠯᠠᠭᠳᠠᠭᠰᠠᠨ ᠬᠦᠴᠦᠨ ᠴᠢᠳᠠᠯ ᠲᠠᠢ ᠰᠲ᠋ᠠᠨ᠋ᠼᠢ ᠨᠤᠭᠤᠳ ᠠᠴᠠ ᠪᠥᠷᠢᠳᠬᠦ ᠶᠤᠮ᠃ ᠮᠥᠨ ᠮᠣᠩᠭ᠋ᠣᠯ ᠤᠯᠤᠰ ᠠᠴᠠ ᠬᠢᠲᠠᠳ ᠤᠯᠤᠰ ᠤᠷᠤᠭᠤ 1500 ᠺᠢᠯᠣᠮᠧᠲ᠋ᠷ ᠦᠯᠡᠮᠵᠢ ᠥᠨᠳᠥᠷ ᠬᠦᠴᠦᠳᠡᠯ ᠪᠦᠬᠦᠢ ᠴᠠᠬᠢᠯᠭᠠᠨ ᠳᠠᠮᠵᠢᠭᠤᠯᠬᠤ ᠲᠣᠭᠲᠠᠮᠠᠯ ᠭᠦᠶᠦᠳᠡᠯ ᠦᠨ ᠱᠤᠭᠤᠮ ᠲᠠᠲᠠᠨ᠎ᠠ᠃ ᠴᠣᠭᠴᠠᠯᠠᠪᠤᠷᠢ ᠢᠢᠨ ᠰᠤᠳᠤᠯᠭᠠᠨ ᠤ ᠠᠵᠢᠯ᠂ ᠲᠧᠭᠨᠢᠭ ᠪᠡᠯᠡᠳᠬᠡᠭ᠍ᠳᠡᠵᠦ ᠳᠠᠭᠤᠰᠤᠭᠰᠠᠨ ᠪᠥᠭᠡᠳ ᠤᠳᠠᠬᠤ ᠦᠭᠡᠢ ᠪᠦᠲᠦᠭᠡᠨ ᠪᠠᠢᠢᠭᠤᠯᠤᠯᠲᠠ ᠢᠢᠨ ᠠᠵᠢᠯ ᠡᠬᠢᠯᠡᠬᠦ ᠪᠣᠯᠤᠨ᠎ᠠ᠃

 

ᠶᠡᠷᠦ ᠨᠢ ᠮᠣᠩᠭ᠋ᠣᠯ ᠤᠯᠤᠰ ᠠᠭᠤᠳᠠᠮ ᠨᠤᠲᠤᠭ ᠲᠠᠢ ᠤᠴᠢᠷ ᠨᠠᠷᠠ᠂ ᠰᠠᠯᠬᠢᠨ ᠤ ᠡᠬᠢ ᠡᠭᠦᠰᠪᠦᠷᠢ ᠢᠢᠨ ᠴᠠᠬᠢᠯᠭᠠᠨ ᠦᠢᠯᠡᠳᠪᠦᠷᠢᠯᠡᠯ ᠨᠢ ᠤᠯᠠᠷᠢᠯ ᠤᠨ ᠪᠣᠯᠤᠨ ᠴᠠᠭ ᠤᠨ ᠪᠥᠰᠡ ᠢᠢᠨ ᠵᠥᠷᠢᠭᠦᠨ ᠡᠴᠡ ᠡᠭᠦᠳᠡᠨ ᠶᠠᠫᠣᠨ᠂ ᠰᠣᠯᠣᠩᠭ᠋ᠣᠰ ᠤᠯᠤᠰ ᠤᠳ ᠤᠨ ᠣᠷᠭᠢᠯ ᠴᠠᠭ ᠤᠨ ᠠᠴᠢᠶᠠᠯᠠᠯ ᠢ ᠬᠥᠩᠭᠡᠪᠴᠢᠯᠡᠬᠦ᠂ ᠲᠡᠭᠦᠨ ᠡᠴᠡ ᠭᠠᠳᠠᠨ᠎ᠠ ᠬᠤᠷᠢᠶᠠᠭᠤᠷ ᠤᠨ ᠡᠭᠦᠷᠭᠡ ᠭᠦᠢᠴᠡᠳᠭᠡᠬᠦ ᠪᠣᠯᠤᠮᠵᠢ ᠲᠠᠢ᠃ ᠰᠡᠷᠭᠦᠭᠡᠭ᠍ᠳᠡᠬᠦ ᠡᠷᠴᠢᠮ ᠬᠦᠴᠦ ᠬᠡᠷᠡᠭᠯᠡᠬᠦ ᠨᠢ ᠠᠯᠢ ᠴᠤ ᠤᠯᠤᠰ ᠤᠨ ᠬᠡᠷᠡᠭᠯᠡᠭᠴᠢᠳ ᠲᠥ ᠲᠠᠭᠠᠯᠠᠭᠳᠠᠬᠤ ᠪᠢᠵᠡ ᠡ᠃ ᠡᠨᠡᠬᠦ ᠰᠦᠯᠵᠢᠶ᠎ᠡ ᠨᠢ ᠵᠡᠭᠦᠨ ᠬᠣᠢᠢᠳᠤ ᠠᠽᠢᠶ᠎ᠠ ᠢᠢᠨ ᠪᠥᠰᠡ ᠨᠤᠲᠤᠭ ᠢ ᠬᠠᠮᠤᠷᠤᠭᠰᠠᠨ ᠡᠷᠴᠢᠮ ᠬᠦᠴᠦᠨ ᠦ ᠢᠨ᠋ᠲ᠋ᠧᠭᠷᠠᠼᠢ ᠪᠣᠯᠬᠤ ᠪᠥᠭᠡᠳ ᠠᠽᠢᠶ᠎ᠠ ᠢᠢᠨ ᠰᠤᠢᠫᠧᠷ ᠰᠦᠯᠵᠢᠶᠡᠨ ᠦ ᠡᠬᠢᠨ ᠦ ᠱᠠᠲᠤ ᠭᠡᠵᠦ ᠬᠠᠷᠠᠵᠤ ᠪᠠᠢᠢᠨ᠎ᠠ᠃

 

ᠵᠡᠭᠦᠨ ᠬᠣᠢᠢᠳᠤ ᠠᠽᠢᠶ᠎ᠠ ᠢᠢᠨ ᠰᠤᠢᠫᠧᠷ ᠰᠦᠯᠵᠢᠶ᠎ᠡ ᠨᠢ ᠪᠥᠰᠡ ᠨᠤᠲᠤᠭ ᠤᠨ ᠤᠯᠤᠰ ᠣᠷᠣᠨ ᠨᠤᠭᠤᠳ ᠤᠨ ᠬᠠᠮᠲᠤ ᠢᠢᠨ ᠠᠵᠢᠯᠯᠠᠭ᠎ᠠ ᠪᠠᠨ᠂ ᠬᠥᠭ᠍ᠵᠢᠯ ᠦᠨ ᠰᠢᠨ᠎ᠡ ᠪᠣᠯᠤᠮᠵᠢ ᠢᠢ ᠨᠡᠭᠡᠭᠡᠬᠦ ᠢᠢᠨ ᠵᠡᠷᠭᠡᠴᠡᠭᠡ ᠪᠥᠰᠡ ᠨᠤᠲᠤᠭ ᠤᠨ ᠪᠦᠬᠦ ᠣᠷᠣᠨ ᠨᠤᠭᠤᠳ ᠤᠨ ᠢᠲᠡᠭᠡᠯᠴᠡᠯ ᠢ ᠪᠡᠬᠢᠵᠢᠭᠦᠯᠬᠦ ᠴᠢᠬᠤᠯᠠ ᠬᠦᠴᠦᠨ ᠵᠦᠢᠯ ᠪᠣᠯᠤᠨ᠎ᠠ ᠭᠡᠵᠦ ᠦᠵᠡᠵᠦ ᠪᠠᠢᠢᠨ᠎ᠠ᠃

 

ᠴᠢᠭᠤᠯᠭ᠎ᠠ ᠠᠭᠤᠯᠵᠠᠯᠲᠠ ᠢᠢᠨ ᠦᠢᠯᠡ ᠠᠵᠢᠯᠯᠠᠭᠠᠨ ᠳᠤ ᠥᠨᠳᠥᠷ ᠠᠮᠵᠢᠯᠲᠠ ᠬᠦᠰᠡᠶ᠎ᠡ᠃

 

ᠠᠩᠬᠠᠷᠤᠯ ᠲᠠᠯᠪᠢᠭᠰᠠᠨ ᠳᠤ ᠪᠠᠶᠠᠷᠯᠠᠯ᠎ᠠ》 ᠭᠡᠪᠡ᠃