Та "Internet explorer"-ийн сүүлийн хувилбар болох "Microsoft edge"-г ашиглана уу

Хэрэв "Microsoft edge"-г татах бол энд дарж татаж авна уу

ᠮᠣᠩᠭᠣᠯ ᠤᠯᠤᠰ ᠤᠨ ᠶᠡᠷᠦᠩᠬᠡᠶᠢᠯᠡᠭᠴᠢ ᠬ ∙ ᠪᠠᠲᠤᠲᠤᠯᠭ᠎ᠠ 《ᠡᠬᠡ ᠣᠷᠣᠨᠴᠢ ᠬᠡᠦᠬᠡᠳ ᠦᠳ》 ᠬᠥᠲᠦᠯᠪᠦᠷᠢ ᠲᠡᠢ ᠲᠠᠨᠢᠯᠴᠠᠵᠤ᠂ ᠣᠶᠤᠲᠠᠨ ᠰᠤᠷᠤᠭᠴᠢᠳ ᠲᠤ ᠪᠠᠲᠤᠯᠠᠮᠵᠢ ᠭᠠᠷᠳᠠᠭᠤᠯᠤᠯ᠎ᠠ

ᠮᠣᠩᠭ᠋ᠣᠯ ᠤᠯᠤᠰ ᠤᠨ ᠶᠡᠷᠦᠩᠬᠡᠶᠢᠯᠡᠭᠴᠢ ᠬ ∙ ᠪᠠᠲᠤᠲᠤᠯᠭ᠎ᠠ ᠵᠠᠪᠬᠠᠨ ᠠᠶᠢᠮᠠᠭ ᠲᠤ ᠠᠵᠢᠯᠯᠠᠵᠤ ᠪᠠᠶᠢᠨ᠎ᠠ᠃ ᠲᠥᠷᠥ ᠶᠢᠨ ᠲᠡᠷᠢᠭᠦᠨ ᠥᠴᠥᠭᠡᠳᠦᠷ ᠤᠯᠤᠰ ᠤᠨ ᠶᠡᠬᠡ ᠬᠤᠷᠠᠯ ᠤᠨ ᠳᠡᠳ᠋ ᠳᠠᠷᠤᠭ᠎ᠠ ᠶᠠ᠊ ∙ ᠰᠠᠨᠵᠢᠮᠢᠲᠠᠪ ᠤᠨ ᠰᠠᠨᠠᠭᠠᠴᠢᠯᠠᠭ᠎ᠠ᠂ ᠵᠠᠪᠬᠠᠨ ᠠᠶᠢᠮᠠᠭ ᠤᠨ ᠵᠠᠰᠠᠭ ᠳᠠᠷᠤᠭ᠎ᠠ ᠲ ∙ ᠪᠠᠲᠤᠰᠠᠶᠢᠬᠠᠨ ᠤ ᠵᠠᠬᠢᠷᠤᠮᠵᠢ ᠶᠢᠨ ᠳᠠᠭᠠᠭᠤ ᠬᠡᠷᠡᠭᠵᠢᠵᠦ ᠪᠠᠶᠢᠭ᠎ᠠ 《ᠡᠬᠡ ᠣᠷᠣᠨᠴᠢ ᠬᠡᠦᠬᠡᠳ》 ᠬᠥᠲᠥᠯᠪᠦᠷᠢ ᠶᠢᠨ ᠶᠠᠪᠤᠴᠠ ᠲᠠᠢ ᠲᠠᠨᠢᠯᠴᠠᠯ᠎ᠠ᠃

 

ᠬᠥᠲᠥᠯᠪᠦᠷᠢ ᠳᠥ ᠬᠠᠮᠤᠷᠤᠭᠳᠠᠵᠤ ᠪᠤᠢ ᠬᠡᠦᠬᠡᠳ ᠦᠳ ᠵᠠᠪᠬᠠᠨ ᠠᠶᠢᠮᠠᠭ ᠤᠨ ᠶᠡᠬᠡ-ᠠᠭᠤᠯᠠ ᠰᠤᠮᠤ ᠶᠢᠨ ᠴᠡᠴᠡᠭ ᠪᠠᠭ ᠤᠨ ᠨᠤᠲᠤᠭ ᠲᠤ ᠪᠠᠶᠢᠷᠢᠯᠠᠵᠤ᠂ ᠰᠡᠳᠬᠢᠯᠡ ᠵᠦᠢ ᠶᠢᠨ ᠪᠡᠯᠡᠳᠬᠡᠯ᠂ ᠭᠠᠯ ᠤᠨ ᠪᠡᠯᠡᠳᠬᠡᠯ᠂ ᠴᠡᠷᠢᠭ ᠦᠨ ᠳᠦᠷᠢᠮ᠂ ᠵᠢᠭ᠌ᠰᠠᠭᠠᠯ ᠤᠨ ᠪᠡᠯᠡᠳᠬᠡᠯ᠂ ᠠᠮᠢᠳᠤ ᠭᠠᠷᠬᠤ ᠤᠬᠠᠭᠠᠨ᠂ ᠪᠡᠶ᠎ᠡ ᠶᠢᠨ ᠲᠠᠮᠢᠷ ᠭᠠᠷᠳᠠᠨ ᠲᠤᠯᠤᠭᠠᠨ᠂ ᠴᠡᠷᠢᠭ ᠡᠬᠡ ᠣᠷᠣᠨᠴᠢ ᠬᠦᠮᠦᠵᠢᠯ ᠵᠡᠷᠭᠡ ᠰᠡᠳᠦᠪ ᠢᠶᠡᠷ ᠬᠢᠴᠢᠶᠡᠯ ᠵᠢᠭᠠᠯᠭᠠᠨ᠂ ᠮᠡᠷᠭᠡᠵᠢᠯ ᠦᠨ ᠪᠠᠭ ᠢᠢᠠᠷ ᠠᠬᠠᠯᠠᠭᠤᠯᠤᠨ ᠣᠢ ᠶᠢᠨ ᠴᠡᠪᠡᠷᠯᠡᠭᠡ ᠬᠢᠭ᠍ᠰᠡᠨ ᠶᠤᠮ᠃

 

ᠬᠥᠲᠥᠯᠪᠦᠷᠢ ᠳᠥ᠂ ᠵᠠᠪᠬᠠᠨ ᠠᠶᠢᠮᠠᠭ ᠲᠤ ᠦᠢᠯᠡ ᠠᠵᠢᠯᠯᠠᠭ᠎ᠠ ᠶᠠᠪᠤᠭᠤᠯᠵᠤ ᠪᠤᠢ 12 ᠵᠢᠯ ᠦᠨ ᠰᠤᠷᠭᠠᠯᠲᠠ ᠲᠠᠢ ᠶᠡᠷᠦᠩᠬᠡᠢ ᠪᠣᠯᠪᠠᠰᠤᠷᠠᠯ ᠤᠨ ᠰᠤᠷᠭᠠᠭᠤᠯᠢ ᠶᠢᠨ 11᠂ 12 ᠳ᠋ᠤᠭᠠᠷ ᠠᠩᠬᠢ ᠶᠢᠨ ᠰᠤᠷᠤᠭᠴᠢᠳ ᠬᠠᠮᠤᠷᠤᠭᠳᠠᠵᠤ ᠪᠠᠶᠢᠭ᠎ᠠ ᠶᠤᠮ᠃

 

2018 ᠣᠨ ᠤ 9 ᠍ ᠳᠦᠭᠡᠷ ᠰᠠᠷ᠎ᠠ ᠶᠢᠨ 18 ᠍ ᠤ ᠡᠳᠦᠷ ᠮᠣᠩᠭ᠋ᠣᠯ ᠤᠯᠤᠰ ᠤᠨ ᠶᠡᠷᠦᠩᠬᠡᠶᠢᠯᠡᠭᠴᠢ ᠬ ∙ ᠪᠠᠲᠤᠲᠤᠯᠭ᠎ᠠ ᠰᠤᠷᠤᠭᠴᠢ᠂ ᠣᠶᠤᠲᠠᠨ ᠨᠤᠭᠤᠳ ᠤᠨ ᠪᠡᠯᠡᠳᠬᠡᠯ᠂ ᠣᠢ ᠶᠢᠨ ᠴᠡᠪᠡᠷᠯᠡᠭᠡ ᠵᠡᠷᠭᠡ ᠬᠥᠲᠦᠯᠪᠦᠷᠢ ᠲᠡᠢ ᠲᠠᠨᠢᠯᠴᠠᠬᠤ ᠪᠠᠷ ᠵᠠᠪᠬᠠᠨ ᠠᠶᠢᠮᠠᠭ ᠤᠨ ᠶᠡᠬᠡ-ᠠᠭᠤᠯᠠ ᠰᠤᠮᠤ ᠶᠢᠨ ᠠᠷᠤ ᠭᠠᠩᠭ᠋᠎ᠠ ᠭᠡᠬᠦ ᠭᠠᠵᠠᠷ ᠠᠵᠢᠯᠯᠠᠭᠰᠠᠨ ᠪᠣᠯ ᠥᠴᠦᠭᠡᠳᠦᠷ /2018 ᠣᠨ ᠤ 9 ᠍ ᠳᠤᠭᠡᠷ ᠰᠠᠷ᠎ᠠ ᠶᠢᠨ 19 ᠍ ᠳᠤ/ ᠡᠬᠡ ᠣᠷᠣᠨᠴᠢ ᠬᠡᠦᠬᠡᠳ ᠦᠳ ᠲᠡᠢ ᠬᠠᠮᠲᠤ ᠪᠠᠶᠢᠷᠢᠯᠠᠨ᠂ ᠲᠡᠳᠡᠨ ᠦ ᠬᠥᠲᠦᠯᠪᠦᠷᠢ ᠲᠡᠢ ᠲᠠᠨᠢᠯᠴᠠᠵᠤ᠂ ᠥᠷᠯᠥᠭᠡᠨ ᠦ ᠳᠠᠰᠬᠠᠯ ᠬᠢᠨ᠂ 2000 ᠭᠠᠷᠤᠢ ᠬᠡᠦᠬᠡᠳ ᠲᠥ ᠪᠡᠶᠡᠴᠢᠯᠡᠨ ᠪᠠᠲᠤᠯᠠᠮᠵᠢ ᠭᠠᠷᠳᠠᠭᠤᠯᠤᠯ᠎ᠠ᠃