Та "Internet explorer"-ийн сүүлийн хувилбар болох "Microsoft edge"-г ашиглана уу

Хэрэв "Microsoft edge"-г татах бол энд дарж татаж авна уу

ᠮᠣᠩᠭᠣᠯ ᠤᠯᠤᠰ ᠤᠨ ᠶᠡᠷᠦᠩᠬᠡᠶᠢᠯᠡᠭᠴᠢ ᠶᠢᠨ ᠲᠠᠮᠠᠭ᠎ᠠ ᠶᠢᠨ ᠭᠠᠵᠠᠷ ᠤᠨ ᠳᠠᠷᠤᠭ᠎ᠠ ᠵ ∙ ᠡᠩᠬᠡᠪᠣᠯᠤᠳ ᠡᠩᠬᠡ ᠶᠢ ᠰᠠᠬᠢᠭᠤᠯᠤᠭᠴᠢᠳ ᠲᠤ ᠲᠥᠷᠥ ᠶᠢᠨ ᠣᠳᠣᠨ᠂ ᠮᠧᠳᠠᠯ ᠭᠠᠷᠳᠠᠭᠤᠯᠪᠠ

ᠮᠣᠩᠭ᠋ᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠪᠦᠭᠦᠳᠡ ᠨᠠᠢᠢᠷᠠᠮᠳᠠᠬᠤ ᠡᠮᠦᠨᠡᠲᠦ ᠰᠤᠢᠳᠠᠨ ᠤᠯᠤᠰ ᠲᠤ ᠶᠠᠪᠤᠭᠳᠠᠵᠤ ᠪᠤᠢ ᠨᠢᠭᠡᠳᠦᠭᠰᠡᠨ ᠦᠨᠳᠦᠰᠦᠲᠡᠨ ᠦ ᠪᠠᠢᠢᠭᠤᠯᠤᠯᠭ᠎ᠠ ᠢᠢᠨ ᠮᠠᠨᠳᠠᠲ ᠲᠠᠢ 《UNMISS》 ᠡᠩᠬᠡ ᠢᠢ ᠳᠡᠮᠵᠢᠬᠦ ᠠᠵᠢᠯᠯᠠᠭᠠᠨ ᠳᠤ ᠠᠮᠵᠢᠯᠲᠠᠲᠠᠢ ᠡᠭᠦᠷᠭᠡ ᠭᠦᠢᠴᠡᠳᠭᠡᠭ᠍ᠰᠡᠨ ᠮᠣᠲ᠋ᠣᠪᠤᠤᠳᠠᠯᠭ᠎ᠠ ᠢᠢᠨ ᠪᠠᠲ᠋ᠯᠢᠶᠣᠨ ᠤ ᠳᠣᠯᠣᠭᠠᠳᠤᠭᠠᠷ ᠡᠭᠡᠯᠵᠢ ᠢᠢᠨ ᠴᠡᠷᠢᠭ ᠦᠨ ᠪᠠᠭ ᠤᠨ ᠠᠯᠪᠠ ᠬᠠᠭᠠᠭᠴᠢᠳ ᠢ ᠲᠥᠷᠦ ᠢᠢᠨ ᠳᠡᠭᠡᠳᠦ ᠣᠳᠤᠨ᠂ ᠮᠧᠳᠠᠯ ᠢᠶᠠᠷ ᠱᠠᠩᠨᠠᠬᠤ ᠲᠤᠬᠠᠢ ᠵᠠᠷᠯᠢᠭ ᠭᠠᠷᠭᠠᠭᠰᠠᠨ ᠤ ᠳᠠᠭᠠᠭᠤ ᠱᠠᠩᠨᠠᠯ ᠭᠠᠷᠳᠠᠭᠤᠯᠬᠤ ᠶᠣᠰᠣᠯᠠᠯ ᠤᠨ ᠠᠵᠢᠯᠯᠠᠭ᠎ᠠ ᠥᠨᠥᠳᠥᠷ ᠵᠡᠪᠰᠡᠭᠲᠦ ᠬᠦᠴᠦᠨ ᠦ ᠵᠠᠩᠵᠤᠨ ᠱᠲ᠋ᠠᠪ ᠲᠤ ᠪᠣᠯᠪᠠ᠃ ᠮᠣᠩᠭ᠋ᠣᠯ ᠤᠯᠤᠰ ᠤᠨ ᠶᠡᠷᠦᠩᠬᠡᠢᠢᠯᠡᠭᠴᠢ ᠢᠢᠨ ᠲᠠᠮᠠᠭ᠎ᠠ ᠢᠢᠨ ᠭᠠᠵᠠᠷ ᠤᠨ ᠳᠠᠷᠤᠭ᠎ᠠ ᠵ ∙ ᠡᠩᠬᠡᠪᠣᠯᠤᠳ ᠡᠩᠬᠡ ᠢᠢ ᠰᠠᠬᠢᠭᠤᠯᠤᠭᠴᠢᠳ ᠲᠤ ᠱᠠᠩᠨᠠᠯ ᠭᠠᠷᠳᠠᠭᠤᠯᠬᠤ ᠶᠣᠰᠣᠯᠠᠯ ᠳᠤ ᠣᠷᠣᠯᠴᠠᠯ᠎ᠠ᠃

 

ᠮᠣᠩᠭ᠋ᠣᠯ ᠤᠯᠤᠰ ᠤᠨ ᠶᠡᠷᠦᠩᠬᠡᠢᠢᠯᠡᠭᠴᠢ ᠢᠢᠨ ᠵᠠᠷᠯᠢᠭ ᠢᠶᠠᠷ ᠵᠡᠪᠰᠡᠭᠲᠦ ᠬᠦᠴᠦᠨ ᠦ ᠵᠠᠩᠵᠤᠨ ᠱᠲ᠋ᠠᠪ ᠤᠨ ᠬᠠᠭᠤᠷᠠᠢ ᠵᠠᠮ ᠤᠨ ᠴᠡᠷᠢᠭ ᠦᠨ ᠺᠣᠮᠠᠨ᠋ᠳ᠋ᠯᠠᠯ ᠤᠨ ᠠᠵᠢᠯᠯᠠᠭᠠᠨ ᠤ ᠬᠡᠯᠲᠡᠰ ᠦᠨ ᠬᠢᠮᠢ ᠢᠢᠨ ᠳᠠᠷᠤᠭ᠎ᠠ᠂ ᠬᠤᠷᠠᠩᠳᠠ ᠳᠣᠷᠵᠢᠭᠣᠲᠤᠪ ᠤᠨ ᠡᠩᠬᠡᠪᠠᠭᠠᠲᠤᠷ ᠢ ᠴᠡᠷᠢᠭ ᠦᠨ ᠭᠠᠪᠢᠶᠠᠨ ᠤ ᠤᠯᠠᠭᠠᠨ ᠲᠤᠭ ᠤᠨ ᠣᠳᠣᠨ ᠢᠶᠠᠷ᠂ ᠵᠡᠪᠰᠡᠭᠲᠦ ᠬᠦᠴᠦᠨ ᠦ ᠵᠠᠩᠵᠤᠨ ᠱᠲ᠋ᠠᠪ ᠤᠨ ᠲᠠᠰᠤᠭ ᠤᠨ ᠳᠠᠷᠤᠭ᠎ᠠ᠂ ᠳᠡᠳ᠋ ᠬᠤᠷᠠᠩᠳᠠ ᠵᠠᠮᠰᠠᠷᠠᠩ ᠤᠨ ᠬᠣᠷᠯᠣᠰᠦ᠋ᠷᠦᠩ᠂ ᠵᠡᠪᠰᠡᠭᠲᠦ ᠬᠦᠴᠦᠨ ᠦ 326 ᠳ᠋ᠤᠭᠠᠷ ᠠᠩᠬᠢ ᠢᠢᠨ ᠣᠷᠣᠯᠠᠭᠴᠢ᠂ ᠳᠡᠳ᠋ ᠬᠤᠷᠠᠩᠳᠠ ᠲᠡᠮᠦᠷᠪᠠᠭᠠᠨ᠎ᠠ ᠢᠢᠨ ᠨᠢᠮ᠎ᠠ-ᠡᠷᠳᠡᠨᠢ᠂ ᠵᠡᠪᠰᠡᠭᠲᠦ ᠬᠦᠴᠦᠨ ᠦ 326 ᠳ᠋ᠤᠭᠠᠷ ᠠᠩᠬᠢ ᠢᠢᠨ ᠬᠣᠷᠢᠶᠠᠨ ᠤ ᠠᠬᠠᠯᠠᠭᠴᠢ᠂ ᠠᠬᠠᠯᠠᠬᠤ ᠠᠬᠠᠯᠠᠭᠴᠢ ᠪᠢᠮᠪᠠ ᠠ᠋ ᠢᠢᠨ ᠨᠢᠮᠠᠪᠠᠶᠠᠷ ᠨᠠᠷ ᠤᠨ 9 ᠬᠦᠮᠦᠨ ᠢ ᠴᠡᠷᠢᠭ ᠦᠨ ᠭᠠᠪᠢᠶᠠᠨ ᠤ ᠣᠳᠣᠨ ᠢᠶᠠᠷ᠂ ᠵᠡᠪᠰᠡᠭᠲᠦ ᠬᠦᠴᠦᠨ ᠦ 310 ᠳ᠋ᠤᠭᠠᠷ ᠠᠩᠬᠢ ᠢᠢᠨ ᠪᠠᠭᠠᠵᠠ ᠢᠢᠨ ᠠᠬᠠᠯᠠᠭᠴᠢ᠂ ᠠᠬᠠᠯᠠᠬᠤ ᠠᠬᠠᠯᠠᠭᠴᠢ ᠪᠠᠲᠤᠴᠢᠯᠠᠭᠤᠨ ᠤ ᡀᠠᠭᠪᠠᠪᠠᠭᠠᠲᠤᠷ᠂ ᠵᠡᠪᠰᠡᠭᠲᠦ ᠬᠦᠴᠦᠨ ᠦ 353 ᠳ᠋ᠤᠭᠠᠷ ᠠᠩᠬᠢ ᠢᠢᠨ ᠬᠤᠪᠴᠠᠰᠤᠨ ᠤ ᠣᠹᠢᠼᠧᠷ᠂ ᠬᠣᠰᠢᠭᠤᠴᠢ ᠪᠠᠲᠤᠵᠢᠷᠭᠠᠯ ᠤᠨ ᠵᠡᠰ ᠡ᠂ ᠵᠡᠪᠰᠡᠭᠲᠦ ᠬᠦᠴᠦᠨ ᠦ 345 ᠳ᠋ᠤᠭᠠᠷ ᠠᠩᠬᠢ ᠢᠢᠨ ᠵᠡᠪᠰᠡᠭ ᠦᠨ ᠣᠹᠢᠼᠧᠷ᠂ ᠠᠬᠠᠮᠠᠳ ᠨᠡᠷᠡᠭᠦᠢ ᠢᠢᠨ ᠨᠢᠮᠪᠠᠶᠠᠷ ᠨᠠᠷ ᠤᠨ 30 ᠬᠦᠮᠦᠨ ᠢ ᠴᠡᠷᠢᠭ ᠦᠨ ᠬᠦᠨᠳᠦᠲᠦ ᠮᠧᠳᠠᠯ ᠢᠶᠠᠷ᠂ ᠲᠠᠩᠨᠠᠭᠤᠯ ᠤᠨ ᠶᠡᠷᠦᠩᠬᠡᠢ ᠭᠠᠵᠠᠷ ᠤᠨ ᠠᠵᠢᠯᠲᠠᠨ᠂ ᠳᠡᠰᠯᠡᠭᠴᠢ ᠲᠦᠮᠡᠨᠪᠠᠶᠠᠷ ᠤᠨ ᠪᠠᠲᠤ-ᠡᠷᠳᠡᠨᠢ᠂ ᠵᠡᠪᠰᠡᠭᠲᠦ ᠬᠦᠴᠦᠨ ᠦ 314 ᠳᠦᠭᠡᠷ ᠠᠩᠬᠢ ᠢᠢᠨ ᠰᠢᠲᠠᠬᠤᠨ ᠤ ᠳᠠᠷᠤᠭ᠎ᠠ᠂ ᠠᠬᠠᠯᠠᠬᠤ ᠳᠡᠰᠯᠡᠭᠴᠢ ᠭᠡᠷᠡᠯᠲᠦ-ᠣᠳᠣ ᠢᠢᠨ ᠠᠯᠧᠺᠰᠠᠨ᠋ᠳ᠋ᠷ᠂ ᠵᠡᠪᠰᠡᠭᠲᠦ ᠬᠦᠴᠦᠨ ᠦ 345 ᠳ᠋ᠤᠭᠠᠷ ᠠᠩᠬᠢ ᠢᠢᠨ ᠵᠠᠬᠢᠷᠤᠭᠴᠢ ᠢᠢᠨ ᠣᠷᠣᠯᠠᠭᠴᠢ᠂ ᠳᠡᠳ᠋ ᠬᠤᠷᠠᠩᠳᠠ ᠥᠯᠵᠡᠢᠢᠲᠣᠭᠲᠠᠬᠤ ᠢᠢᠨ ᠭᠠᠭᠴᠤᠭᠤᠵᠢ ᠨᠠᠷ ᠤᠨ 487 ᠬᠦᠮᠦᠨ ᠢ ᠡᠩᠬᠡ ᠢᠢᠨ ᠲᠥᠯᠥᠭᠡ ᠮᠧᠳᠠᠯ ᠢᠶᠠᠷ ᠲᠤᠰ ᠲᠤᠰ ᠱᠠᠩᠨᠠᠪᠠ᠃