Та "Internet explorer"-ийн сүүлийн хувилбар болох "Microsoft edge"-г ашиглана уу

Хэрэв "Microsoft edge"-г татах бол энд дарж татаж авна уу

ᠮᠣᠩᠭᠣᠯ ᠤᠯᠤᠰ ᠤᠨ ᠶᠡᠷᠦᠩᠬᠡᠶᠢᠯᠡᠭᠴᠢ ᠬ ∙ ᠪᠠᠲᠤᠲᠤᠯᠭ᠎ᠠ᠄ ᠮᠣᠷᠢᠨ ᠬᠤᠭᠤᠷ ᠤᠨ ᠠᠶᠠᠯᠭᠤ᠂ ᠡᠬᠡ ᠣᠷᠣᠨᠴᠢ ᠦᠢᠯᠡᠰ ᠣᠷᠣᠨ ᠳᠠᠶᠠᠭᠠᠷ ᠲᠦᠭᠡᠨ ᠳᠡᠯᠭᠡᠷᠡᠬᠦ ᠪᠣᠯᠲᠤᠭᠠᠢ

ᠮᠣᠩᠭ᠋ᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠥᠨᠥᠳᠥᠷ ᠵᠠᠪᠬᠠᠨ ᠠᠢᠢᠮᠠᠭ ᠤᠨ ᠤᠯᠢᠶᠠᠰᠤᠲᠠᠢ ᠰᠤᠮᠤ ᠢᠢᠨ ᠲᠥᠪ ᠴᠡᠩᠭᠡᠯᠳᠦᠬᠦ ᠬᠦᠷᠢᠶᠡᠯᠡᠩ ᠳᠥ 《ᠪᠢᠳᠡ ᠴᠢᠩᠭᠢᠰ ᠦᠨ ᠦᠷ᠎ᠡ ᠰᠠᠳᠤ-ᠵᠥᠪ ᠲᠡᠮᠡᠦᠯᠡᠯ᠂ ᠡᠬᠡ ᠣᠷᠣᠨᠴᠢ ᠮᠠᠩᠯᠠᠢᠢᠯᠠᠯ》 ᠰᠤᠷᠭᠠᠯᠲᠠ ᠢᠢᠨ ᠬᠠᠭᠠᠯᠲᠠ ᠪᠣᠯᠤᠭᠠᠳ 3030 ᠮᠣᠷᠢᠨ ᠬᠤᠭᠤᠷᠴᠢᠳ ᠤᠨ ᠬᠠᠮᠲᠤᠷᠠᠭᠰᠠᠨ ᠲᠣᠭᠯᠠᠯᠲᠠ ᠢᠢ ᠦᠵᠡᠵᠦ ᠰᠣᠨᠢᠷᠬᠠᠯ᠎ᠠ᠃

 

《ᠪᠢᠳᠡ ᠴᠢᠩᠭᠢᠰ ᠦᠨ ᠦᠷ᠎ᠡ ᠰᠠᠳᠤ-ᠵᠥᠪ ᠲᠡᠮᠡᠦᠯᠡᠯ᠂ ᠡᠬᠡ ᠣᠷᠣᠨᠴᠢ ᠮᠠᠩᠯᠠᠢᠢᠯᠠᠯ》 ᠰᠤᠷᠭᠠᠯᠲᠠ ᠳᠤ ᠵᠠᠪᠬᠠᠨ ᠠᠢᠢᠮᠠᠭ ᠤᠨ ᠶᠡᠷᠦᠩᠬᠡᠢ ᠪᠣᠯᠪᠠᠰᠤᠷᠠᠯ ᠤᠨ ᠰᠤᠷᠭᠠᠭᠤᠯᠢ ᠢᠢᠨ 11᠂ 12 ᠳ᠋ᠤᠭᠠᠷ ᠠᠩᠬᠢ ᠢᠢᠨ 2000 ᠭᠠᠷᠤᠢ ᠰᠤᠷᠤᠭᠴᠢ ᠬᠠᠮᠤᠷᠤᠭᠳᠠᠵᠤ᠂ ᠰᠤᠷᠭᠠᠯᠲᠠ ᠢᠢᠨ ᠶᠠᠪᠤᠴᠠ ᠳᠤ ᠴᠡᠷᠢᠭ ᠦᠨ ᠠᠩᠬᠠᠨ ᠱᠠᠲᠤᠨ ᠤ ᠮᠡᠳᠡᠯᠭᠡ᠂ ᠴᠢᠳᠠᠪᠤᠷᠢ᠂ ᠳᠠᠳᠤᠯ ᠣᠯᠭᠣᠬᠤ ᠲᠠᠩᠬᠢᠮ ᠤᠨ ᠰᠤᠷᠭᠠᠯᠲᠠ᠂ ᠴᠡᠷᠢᠭ ᠦᠨ ᠠᠩᠬᠠᠨ ᠱᠠᠲᠤᠨ ᠤ ᠫᠷᠠᠺᠲ᠋ᠢᠭ ᠰᠤᠷᠭᠠᠯᠲᠠ᠂ ᠮᠠᠷᠱ ᠲᠠᠺᠲ᠋ᠢᠺ ᠤᠨ ᠰᠤᠷᠭᠠᠯᠲᠠ ᠳᠤ ᠬᠠᠮᠤᠷᠤᠭᠳᠠᠭᠰᠠᠨ ᠶᠤᠮ᠃

 

ᠰᠤᠷᠭᠠᠯᠲᠠ ᠢᠢᠨ ᠬᠠᠭᠠᠯᠲᠠ ᠢᠢᠨ ᠡᠨᠡ ᠡᠳᠦᠷ ᠰᠤᠷᠤᠭᠴᠢᠳ ᠴᠡᠷᠢᠭ ᠦᠨ ᠮᠠᠷᠱ ᠲᠤ ᠠᠯᠬᠤᠵᠤ᠂ ᠲᠤᠯᠤᠭᠠᠨ ᠤ ᠦᠵᠡᠭᠦᠯᠪᠦᠷᠢ᠂ ᠵᠢᠭ᠌ᠰᠠᠭᠠᠯ ᠤᠨ ᠬᠥᠳᠡᠯᠭᠡᠭᠡᠨ᠂ ᠵᠢᠭ᠌ᠰᠠᠭᠠᠯ ᠤᠨ ᠦᠵᠡᠯᠭᠡ ᠵᠡᠷᠭᠡ 14 ᠬᠣᠨᠣᠭ ᠤᠨ ᠬᠤᠭᠤᠴᠠᠭᠠᠨ ᠳᠤ ᠰᠤᠷᠤᠭᠰᠠᠨ ᠵᠦᠢᠯᠡᠰ ᠢᠶᠡᠨ ᠡᠴᠢᠭᠡ᠂ ᠡᠬᠡ᠂ ᠵᠠᠪᠬᠠᠨ ᠨᠤᠲᠤᠭ ᠤᠨ ᠣᠯᠠᠨ ᠳᠤ ᠪᠠᠨ ᠦᠵᠡᠭᠦᠯᠵᠦ᠂ ᠰᠤᠷᠭᠠᠯᠲᠠ ᠪᠠᠨ ᠠᠮᠵᠢᠯᠲᠠᠲᠠᠢ ᠳᠠᠭᠤᠰᠬᠠᠯ᠎ᠠ᠃

 

ᠮᠥᠨ 2011 ᠣᠨ ᠳᠤ 999 ᠬᠤᠭᠤᠷᠴᠢ ᠨᠡᠢᠢᠰᠯᠡᠯ ᠦᠨ ᠲᠥᠪ ᠲᠠᠯᠠᠪᠠᠢ ᠳᠤ ᠮᠣᠷᠢᠨ ᠬᠤᠭᠤᠷ ᠡᠭᠡᠰᠢᠭᠯᠡᠭᠦᠯᠵᠦ ᠪᠠᠢᠢᠭᠰᠠᠨ ᠪᠣᠯ ᠳᠠᠷᠠᠭ᠎ᠠ ᠨᠢ 2222 ᠬᠤᠭᠤᠷᠴᠢ ᠪᠣᠯᠵᠤ᠂ ᠥᠨᠥᠳᠥᠷ ᠵᠠᠪᠬᠠᠨ ᠨᠤᠲᠤᠭ ᠲᠤ ᠠᠢᠢᠮᠠᠭ᠂ ᠨᠡᠢᠢᠰᠯᠡᠯ᠂ ᠰᠤᠮᠤ ᠳᠡᠭᠦᠷᠭᠡ ᠪᠦᠷᠢ ᠡᠴᠡ ᠴᠤᠭᠯᠠᠭᠰᠠᠨ 3030 ᠬᠤᠭᠤᠷᠴᠢ ᠬᠤᠭᠤᠷ ᠤᠨ ᠠᠶᠠᠯᠭᠤ ᠡᠭᠡᠰᠢᠭᠯᠡᠭᠦᠯᠦᠯ᠎ᠡ᠃

 

ᠬᠤᠭᠤᠷᠴᠢᠳ ᠮᠣᠩᠭ᠋ᠣᠯ ᠤᠯᠤᠰ ᠤᠨ ᠤᠷᠠᠯᠢᠭ ᠤᠨ ᠭᠠᠪᠢᠶᠠᠲᠤ ᠵᠢᠳᠬᠦᠯᠲᠡᠨ ᠲ ∙ ᠴᠡᠸᠡᠩᠷᠠᠪᠠᠪᠳᠠᠨ ᠤ ᠳᠠᠭᠤᠲᠤ ᠨᠠᠭᠤᠷ᠂ ᠬᠥᠭᠵᠢᠮ ᠦᠨ ᠵᠣᠬᠢᠶᠠᠯᠴᠢ ᠴ ∙ ᠰᠦᠬᠡᠪᠠᠭᠠᠲᠤᠷ ᠤᠨ ᠡᠭᠦᠯᠡᠨ ᠪᠣᠷᠣ᠂ ᠨ ∙ ᠵᠠᠩᠴᠠᠨᠨᠣᠷᠪᠤ ᠢᠢᠨ ᠮᠣᠩᠭ᠋ᠣᠯ ᠠᠶᠠᠯᠭᠤ ᠢᠢ ᠡᠭᠡᠰᠢᠭᠯᠡᠭᠦᠯᠦᠭᠰᠡᠨ ᠶᠤᠮ᠃