Та "Internet explorer"-ийн сүүлийн хувилбар болох "Microsoft edge"-г ашиглана уу

Хэрэв "Microsoft edge"-г татах бол энд дарж татаж авна уу

ᠤᠯᠤᠰ ᠤᠨ ᠶᠡᠬᠡ ᠬᠤᠷᠠᠯ ᠤᠨ ᠨᠠᠮᠤᠷ ᠤᠨ ᠴᠢᠭᠤᠯᠭᠠᠨ ᠤ ᠨᠡᠭᠡᠭᠡᠯᠲᠡ ᠶᠢᠨ ᠦᠶ᠎ᠡ ᠪᠡᠷ ᠮᠣᠩᠭᠣᠯ ᠤᠯᠤᠰ ᠤᠨ ᠶᠡᠷᠦᠩᠬᠡᠶᠢᠯᠡᠭᠴᠢ ᠬ ∙ ᠪᠠᠲᠤᠲᠤᠯᠭ᠎ᠠ ᠶᠢᠨ ᠬᠡᠯᠡᠭᠰᠡᠨ ᠦᠭᠡ ᠶᠢ ᠪᠦᠷᠢᠨ ᠡᠬᠢ ᠪᠡᠷ ᠨᠢ ᠬᠦᠷᠭᠡᠵᠦ ᠪᠠᠶᠢᠨ᠎ᠠ

ᠮᠣᠩᠭ᠋ᠣᠯ ᠤᠯᠤᠰ ᠤᠨ ᠶᠡᠬᠡ ᠬᠤᠷᠠᠯ ᠤᠨ 2018 ᠣᠨ ᠤ ᠨᠠᠮᠤᠷ ᠤᠨ ᠡᠭᠡᠯᠵᠢᠲᠦ ᠴᠢᠭᠤᠯᠭᠠᠨ ᠥᠨᠥᠳᠥᠷ ᠡᠬᠢᠯᠡᠯ᠎ᠡ᠃ ᠴᠢᠭᠤᠯᠭᠠᠨ ᠤ ᠨᠡᠭᠡᠭᠡᠯᠲᠡ ᠳᠥ ᠮᠣᠩᠭ᠋ᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠣᠷᠣᠯᠴᠠᠵᠤ᠂ ᠦᠭᠡ ᠬᠡᠯᠡᠪᠡ᠃ ᠲᠥᠷᠥ ᠢᠢᠨ ᠲᠡᠷᠢᠭᠦᠨ ᠦ ᠬᠡᠯᠡᠭᠰᠡᠨ ᠦᠭᠡ ᠢᠢ ᠪᠦᠷᠢᠨ ᠡᠬᠢ ᠪᠡᠷ ᠨᠢ ᠬᠦᠷᠭᠡᠵᠦ ᠪᠠᠢᠢᠨ᠎ᠠ᠃

 

ᠮᠣᠩᠭ᠋ᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠄

《ᠡᠷᠬᠢᠮ ᠤᠯᠤᠰ ᠤᠨ ᠶᠡᠬᠡ ᠬᠤᠷᠠᠯ ᠤᠨ ᠭᠡᠰᠢᠭᠦᠳ ᠡ᠂

ᠤᠯᠤᠰ ᠤᠨ ᠶᠡᠬᠡ ᠬᠤᠷᠠᠯ ᠤᠨ ᠳᠠᠷᠤᠭ᠎ᠠ ᠠ᠋᠂

ᠶᠡᠷᠦᠩᠬᠡᠢ ᠰᠠᠢᠢᠳ ᠠ᠋᠂

ᠬᠦᠨᠳᠦᠳᠦ ᠵᠣᠴᠢᠳ ᠠ᠋᠂

ᠮᠣᠩᠭ᠋ᠣᠯᠴᠤᠳ ᠠ᠋᠂ ᠨᠡᠢᠢᠲᠡ ᠠᠷᠠᠳ ᠢᠷᠭᠡᠳ ᠡ᠃

 

ᠤᠯᠤᠰ ᠤᠨ ᠶᠡᠬᠡ ᠬᠤᠷᠠᠯ ᠤᠨ ᠰᠣᠩᠭᠣᠭᠤᠯᠢ ᠢᠢᠨ ᠮᠥᠴᠡᠯᠭᠡ ᠶᠠᠭ ᠲᠠᠯ᠎ᠠ ᠳᠤ ᠪᠠᠨ ᠣᠷᠣᠵᠤ᠂ ᠲᠠ ᠪᠦᠬᠦᠨ ᠦ ᠢᠷᠭᠡᠳ᠂ ᠰᠣᠩᠭ᠋ᠣᠭᠴᠢᠳ ᠲᠤ ᠠᠮᠠᠯᠠᠭᠰᠠᠨ ᠠᠮᠠᠯᠠᠯᠲᠠ᠂ ᠮᠥᠷ ᠦᠨ ᠬᠥᠲᠥᠯᠪᠦᠷᠢ ᠳᠥ ᠪᠡᠨ ᠲᠤᠰᠬᠠᠭᠰᠠᠨ ᠠᠵᠢᠯ ᠤᠳ ᠤᠨ ᠲᠠᠯ᠎ᠠ ᠨᠢ ᠴᠤ ᠪᠣᠯᠲᠤᠭᠠᠢ ᠪᠡᠶᠡᠯᠡᠭᠰᠡᠨ ᠪᠠᠢᠢᠬᠤ ᠤᠴᠢᠷᠲᠠᠢ ᠴᠠᠭ ᠦᠶ᠎ᠡ ᠳᠥ ᠤᠯᠤᠰ ᠤᠨ ᠶᠡᠬᠡ ᠬᠤᠷᠠᠯ ᠤᠨ ᠨᠠᠮᠤᠷ ᠤᠨ ᠡᠭᠡᠯᠵᠢᠲᠦ ᠴᠢᠭᠤᠯᠭᠠᠨ ᠡᠬᠢᠯᠡᠵᠦ ᠪᠠᠢᠢᠨ᠎ᠠ᠃

 

ᠤᠯᠤᠰ ᠤᠨ ᠶᠡᠬᠡ ᠬᠤᠷᠠᠯ ᠤᠨ ᠲᠠᠩᠬᠢᠮ ᠪᠣᠯ ᠬᠣᠭᠣᠰᠣᠨ ᠶᠠᠷᠢᠵᠤ᠂ ᠰᠡᠴᠡ ᠪᠤᠯᠢᠶᠠᠯᠳᠤᠬᠤ ᠪᠤᠰᠤ ᠪᠣᠳᠠᠲᠤ ᠠᠵᠢᠯ ᠥᠷᠨᠢᠵᠦ᠂ ᠰᠢᠢᠳᠦᠯ ᠦᠳ ᠭᠠᠷᠭᠠᠳᠠᠭ᠂ ᠲᠡᠷᠡ ᠨᠢ ᠨᠡᠢᠢᠲᠡ ᠤᠯᠤᠰ ᠣᠷᠣᠨ ᠤ ᠠᠵᠢᠯ᠂ ᠠᠮᠢᠳᠤᠷᠠᠯ ᠳᠤ ᠨᠥᠯᠥᠭᠡ ᠪᠡᠨ ᠦᠵᠡᠭᠦᠯᠳᠡᠭ ᠶᠡᠨᠳᠡᠷ ᠪᠠᠢᠢᠬᠤ ᠤᠴᠢᠷᠲᠠᠢ᠃ ᠬᠠᠷᠠᠮᠰᠠᠯᠲᠠᠢ ᠨᠢ᠂ ᠡᠨᠡ ᠲᠠᠩᠬᠢᠮ ᠳᠤ ᠬᠡᠯᠡᠭᠰᠡᠨ ᠦᠭᠡ᠂ ᠡᠨᠳᠡ ᠡᠴᠡ ᠭᠠᠷᠤᠭᠰᠠᠨ ᠰᠢᠢᠳᠪᠦᠷᠢ ᠨᠦᠭᠦᠳ ᠠᠮᠢᠳᠤᠷᠠᠯ ᠳᠡᠭᠡᠷ᠎ᠡ ᠬᠡᠷᠡᠭᠵᠢᠳᠡᠭ ᠦᠭᠡᠢ᠂ ᠲᠥᠷᠥ ᠢᠢᠨ ᠪᠠᠢᠢᠭᠤᠯᠤᠯᠭ᠎ᠠ ᠨᠤᠭᠤᠳ ᠤᠨ ᠦᠢᠯᠡ ᠠᠵᠢᠯᠯᠠᠭᠠᠨ ᠳᠤ ᠬᠠᠷᠢᠭᠤᠴᠠᠯᠭ᠎ᠠ ᠦᠭᠡᠢ᠂ ᠢᠳᠡᠪᠬᠢ ᠰᠠᠨᠠᠭᠠᠴᠢᠯᠭ᠎ᠠ ᠦᠭᠡᠢ ᠪᠠᠢᠢᠳᠠᠯ ᠨᠣᠶᠠᠯᠠᠭᠰᠠᠨ ᠠᠴᠠ ᠠᠷᠠᠳ ᠢᠷᠭᠡᠳ ᠦᠨ ᠢᠲᠡᠭᠡᠯ ᠠᠯᠳᠠᠷᠠᠭᠰᠠᠨ ᠪᠠᠢᠢᠳᠠᠯ ᠲᠠᠢ 28 ᠵᠢᠯ ᠶᠠᠪᠤᠵᠤ ᠢᠷᠡᠯ᠎ᠡ᠃ ᠮᠠᠰᠢ ᠶᠡᠬᠡ ᠰᠢᠭᠦᠮᠵᠢᠯᠡᠯ᠂ ᠠᠰᠤᠷᠤ ᠣᠯᠠᠨ ᠰᠠᠨᠠᠯ ᠰᠠᠨᠠᠭᠠᠴᠢᠯᠭ᠎ᠠ ᠭᠠᠷᠴᠤ ᠪᠠᠢᠢᠭ᠎ᠠ ᠴᠤ ᠬᠡᠷᠡᠭᠵᠢᠳᠡᠭ ᠦᠭᠡᠢ ᠪᠤᠶᠤ ᠬᠡᠷᠡᠭᠵᠢᠬᠦ ᠦᠨᠳᠦᠰᠦ ᠦᠭᠡᠢ ᠪᠠᠢᠢᠭ᠎ᠠ᠂ ᠲᠥᠷᠥ ᠢᠢᠨ ᠠᠯᠪᠠᠨ ᠤ ᠪᠣᠯᠤᠨ ᠬᠠᠤᠯᠢ ᠢᠢᠨ ᠪᠠᠢᠢᠭᠤᠯᠤᠯᠭ᠎ᠠ ᠢᠢᠨ ᠵᠠᠪᠬᠠᠷᠠᠯ᠂ ᠠᠯᠪᠠᠨ ᠲᠤᠰᠢᠶᠠᠯᠲᠠᠨ ᠤ ᠬᠡᠷᠡᠭ ᠢᠯᠡᠷᠡᠭᠰᠡᠨ ᠴᠤ ᠬᠠᠤᠯᠢ ᠢᠢᠨ ᠬᠠᠷᠢᠭᠤᠴᠠᠯᠭ᠎ᠠ ᠠᠴᠠ ᠮᠤᠯᠲᠤᠷᠠᠵᠤ ᠪᠠᠢᠢᠭ᠎ᠠ᠂ ᠪᠠᠶᠠᠯᠢᠭ ᠲᠠᠢ ᠣᠷᠣᠨ ᠮᠥᠷᠲᠡᠯ᠎ᠡ ᠪᠠᠶᠠᠯᠢᠭ ᠤᠨ ᠡᠵᠡᠳ ᠶᠠᠳᠠᠭᠤ ᠪᠠᠢᠢᠭ᠎ᠠ ᠵᠡᠷᠭᠡ ᠢᠢᠨ ᠰᠢᠯᠲᠠᠭᠠᠨ᠂ ᠤᠭ ᠦᠨᠳᠦᠰᠦ ᠨᠢ ᠶᠠᠪᠤᠵᠤ ᠶᠠᠪᠤᠵᠤ ᠨᠢᠭᠡ ᠵᠦᠢᠯ ᠳᠡᠭᠡᠷ᠎ᠡ ᠲᠤᠯᠵᠤ ᠢᠷᠡᠵᠡᠢ᠃ ᠮᠣᠩᠭ᠋ᠣᠯ ᠤᠯᠤᠰ ᠰᠢᠰᠲ᠋ᠧᠮ ᠦᠨ ᠬᠢᠮᠤᠷᠠᠯ ᠳᠤ ᠨᠡᠷᠪᠡᠭ᠍ᠳᠡᠭᠰᠡᠨ ᠨᠢ ᠲᠣᠳᠣᠷᠬᠠᠢ ᠪᠣᠯᠵᠤ ᠪᠠᠢᠢᠨ᠎ᠠ᠃ 1992 ᠣᠨ ᠠᠴᠠ ᠬᠣᠢᠢᠰᠢ ᠪᠦᠷᠢᠯᠳᠦᠭᠰᠡᠨ ᠤᠯᠤᠰ ᠲᠥᠷᠥ᠂ ᠵᠠᠰᠠᠭᠯᠠᠯ ᠤᠨ ᠲᠣᠭᠲᠠᠯᠴᠠᠭ᠎ᠠ ᠮᠠᠨᠢ ᠮᠣᠩᠭ᠋ᠣᠯ ᠤᠨ ᠨᠡᠢᠢᠭᠡᠮ ᠤᠨ ᠠᠰᠠᠭᠤᠳᠠᠯ ᠤᠳ ᠢ ᠰᠢᠢᠳᠬᠦ᠂ ᠵᠣᠬᠢᠴᠠᠭᠤᠯᠬᠤ ᠴᠢᠳᠠᠪᠤᠷᠢ ᠪᠠᠨ ᠦᠨᠳᠦᠰᠦᠨ ᠳᠥ ᠪᠡᠨ ᠪᠦᠷᠢᠮᠦᠰᠦᠨ ᠠᠯᠠᠳᠠᠵᠠᠢ᠃

 

ᠬᠦᠮᠦᠰ ᠲᠥ ᠪᠡᠨ ᠪᠢᠰᠢ᠂ ᠨᠠᠮ ᠳᠤ ᠪᠠᠨ ᠪᠢᠰᠢ ᠲᠣᠭᠲᠠᠯᠴᠠᠭᠠᠨ ᠳᠤ ᠪᠦᠬᠦ ᠠᠰᠠᠭᠤᠳᠠᠯ ᠪᠠᠢᠢᠨ᠎ᠠ᠃ ᠶᠠᠮᠠᠷ ᠴᠤ ᠰᠠᠢᠢᠨ ᠬᠦᠮᠦᠨ᠂ ᠨᠠᠮ ᠪᠠᠢᠢᠯ᠎ᠠ ᠭᠡᠳ ᠬᠠᠷᠢᠭᠤᠴᠠᠯᠭ᠎ᠠ ᠦᠭᠡᠢ᠂ ᠤᠶᠠᠯᠳᠤᠭ᠎ᠠ ᠦᠭᠡᠢ᠂ ᠡᠵᠡᠨ ᠦᠭᠡᠢ ᠲᠣᠭᠲᠠᠯᠴᠠᠭᠠᠨ ᠤ ᠵᠣᠯᠢᠶᠠᠰᠤ ᠪᠣᠯᠵᠤ᠂ ᠠᠰᠠᠭᠤᠳᠠᠯ ᠤᠳ ᠬᠤᠷᠢᠮᠲᠤᠯᠠᠭᠳᠠᠭᠰᠠᠭᠠᠷ᠂ ᠨᠡᠢᠢᠭᠡᠮ ᠪᠤᠬᠢᠨᠢᠲᠤᠭᠰᠠᠭᠠᠷ ᠪᠠᠢᠢᠬᠤ ᠲᠡᠢᠢᠮᠦ ᠨᠥᠬᠥᠴᠡᠯ ᠪᠠᠲᠤ ᠲᠣᠭᠲᠠᠵᠠᠢ᠃ ᠡᠭᠦᠨ ᠢ ᠨᠤᠲᠠᠯᠠᠬᠤ ᠭᠡᠬᠦ ᠳᠥ ᠪᠡᠨ ᠣᠯᠠᠨ ᠲᠣᠭ᠎ᠠ᠂ ᠪᠠᠷᠢᠮᠲᠠ ᠳᠤᠷᠠᠳᠴᠤ ᠪᠣᠯᠬᠤ ᠴᠤ ᠢᠯᠡᠭᠦᠴᠡ ᠭᠡᠵᠦ ᠦᠵᠡᠯ᠎ᠡ᠃ ᠭᠠᠭᠴᠠᠬᠠᠨ ᠵᠢᠱᠢᠶ᠎ᠡ ᠳᠤᠷᠠᠳᠬᠤ ᠳᠤ᠂ ᠬᠣᠶᠠᠷ ᠵᠢᠯ ᠦᠨ ᠡᠮᠦᠨ᠎ᠡ ᠡᠴᠡ ᠢᠯᠡᠴᠢᠯᠡᠭᠳᠡᠵᠦ᠂ ᠶᠠᠷᠢᠭᠳᠠᠵᠤ ᠡᠬᠢᠯᠡᠭᠰᠡᠨ 《60 ᠲᠡᠷᠪᠤᠮ ᠤᠨ》 ᠭᠡᠬᠦ ᠲᠣᠳᠣᠳᠬᠠᠯ ᠲᠠᠢ ᠬᠡᠷᠡᠭ ᠢ ᠡᠴᠦᠰᠯᠡᠬᠦ ᠲᠠᠯ᠎ᠠ ᠪᠠᠷ ᠤᠯᠤᠰ ᠤᠨ ᠶᠡᠬᠡ ᠬᠤᠷᠠᠯ ᠤᠨ ᠴᠢᠭᠤᠯᠭᠠᠨ ᠢ ᠵᠠᠪᠰᠠᠷᠯᠠᠭᠤᠯᠬᠤ ᠦᠭᠡᠢ ᠪᠡᠷ ᠬᠡᠯᠡᠯᠴᠡᠬᠦ ᠬᠡᠷᠡᠭᠲᠡᠢ ᠭᠡᠰᠡᠨ ᠰᠠᠨᠠᠯ ᠢ ᠪᠢ ᠭᠠᠷᠭᠠᠭᠰᠠᠨ᠃ ᠳᠠᠷᠠᠭ᠎ᠠ ᠨᠢ ᠡᠭᠡᠯᠵᠢᠲᠦ ᠪᠤᠰᠤ ᠴᠢᠭᠤᠯᠭᠠᠨ ᠢᠶᠠᠷ ᠬᠡᠯᠡᠯᠴᠡᠬᠦ ᠨᠥᠬᠥᠴᠡᠯ ᠪᠠᠢᠢᠳᠠᠯ ᠡᠭᠦᠰᠦᠭᠰᠡᠨ ᠢ ᠰᠠᠨᠠᠭᠤᠯᠵᠤ᠂ ᠡᠭᠡᠯᠵᠢᠲᠦ ᠪᠤᠰᠤ ᠴᠢᠭᠤᠯᠭᠠᠨ ᠢ ᠵᠠᠷᠯᠠᠨ ᠬᠤᠷᠠᠯᠳᠤᠭᠤᠯᠬᠤ ᠰᠠᠨᠠᠯ ᠬᠦᠷᠭᠡᠭᠦᠯᠦᠭᠰᠡᠨ᠃ ᠤᠯᠤᠰ ᠤᠨ ᠶᠡᠬᠡ ᠬᠤᠷᠠᠯ ᠤᠨ ᠭᠡᠰᠢᠭᠦᠳ ᠦᠨ ᠭᠤᠷᠪᠠᠨ ᠤ ᠨᠢᠭᠡ ᠡᠴᠡ ᠳᠡᠭᠡᠭ᠍ᠰᠢᠬᠢ ᠨᠢ ᠪᠠᠰᠠ ᠱᠠᠭᠠᠷᠳᠠᠭᠰᠠᠨ᠂ ᠶᠡᠷᠦᠩᠬᠡᠢᠢᠯᠡᠭᠴᠢ ᠰᠠᠨᠠᠯ ᠭᠠᠷᠭᠠᠭᠰᠠᠨ ᠵᠡᠷᠭᠡ ᠡᠭᠡᠯᠵᠢᠲᠦ ᠪᠤᠰᠤ ᠴᠢᠭᠤᠯᠭᠠᠨ ᠢ ᠵᠠᠷᠯᠠᠨ ᠬᠤᠷᠠᠯᠳᠤᠭᠤᠯᠬᠤ ᠬᠠᠤᠯᠢ ᠳᠤ ᠵᠢᠭᠠᠭᠰᠠᠨ ᠬᠣᠶᠠᠷ ᠦᠨᠳᠦᠰᠦᠯᠡᠯ ᠨᠢᠭᠡᠨ ᠵᠡᠷᠭᠡ ᠪᠤᠢ ᠪᠣᠯᠤᠭᠰᠠᠨ ᠲᠣᠬᠢᠶᠠᠯᠳᠤᠯ ᠳᠤ ᠤᠯᠤᠰ ᠤᠨ ᠶᠡᠬᠡ ᠬᠤᠷᠠᠯ ᠤᠨ ᠳᠠᠷᠤᠭ᠎ᠠ ᠦᠨᠳᠦᠰᠦᠨ ᠬᠠᠤᠯᠢ ᠪᠣᠯᠤᠨ ᠬᠣᠯᠪᠣᠭᠳᠠᠬᠤ ᠪᠤᠰᠤᠳ ᠬᠠᠤᠯᠢ ᠪᠠᠷ ᠬᠦᠯᠢᠶᠡᠭᠰᠡᠨ ᠡᠭᠦᠷᠭᠡ ᠪᠡᠨ ᠴᠢᠩᠳᠠ ᠰᠠᠬᠢᠨ ᠪᠡᠶᠡᠯᠡᠭᠦᠯᠬᠦ ᠶᠣᠰᠣᠲᠠᠢ᠃ ᠭᠡᠲᠡᠯ᠎ᠡ ᠡᠭᠦᠷᠭᠡ ᠪᠡᠨ ᠪᠡᠶᠡᠯᠡᠭᠦᠯᠦᠭᠰᠡᠨ ᠦᠭᠡᠢ᠃ ᠬᠠᠤᠯᠢ ᠲᠣᠭᠲᠠᠭᠠᠬᠤ ᠳᠡᠭᠡᠳᠦ ᠪᠠᠢᠢᠭᠤᠯᠤᠯᠭ᠎ᠠ ᠨᠢ ᠪᠠᠲᠤᠯᠠᠭᠰᠠᠨ ᠬᠠᠤᠯᠢ ᠪᠠᠨ ᠦᠯᠦ ᠲᠣᠭᠣᠮᠰᠠᠷᠯᠠᠬᠤ ᠪᠣᠯᠤᠭᠰᠠᠨ ᠨᠢ ᠡᠷᠬᠡ ᠵᠦᠢ ᠢᠢᠨ ᠬᠢᠮᠤᠷᠠᠯ ᠤᠨ ᠨᠢᠭᠡᠨ ᠲᠣᠳᠣ᠂ ᠪᠣᠳᠠᠲᠤ ᠵᠢᠱᠢᠶ᠎ᠡ᠃

 

ᠪᠢᠳᠡ ᠨᠡᠢᠢᠲᠡ ᠪᠡᠷ ᠢᠶᠡᠨ ᠵᠠᠰᠠᠭᠯᠠᠯ ᠤᠨ ᠲᠣᠭᠲᠠᠯᠴᠠᠭᠠᠨ ᠤ ᠮᠤᠬᠤᠷᠳᠠᠯ᠂ ᠬᠢᠮᠤᠷᠠᠯ ᠢ ᠭᠡᠲᠦᠯᠦᠨ ᠳᠠᠪᠠᠬᠤ ᠰᠢᠢᠳᠦᠯ ᠢ ᠣᠯᠵᠤ᠂ ᠨᠡᠢᠢᠭᠡᠮ ᠢᠶᠡᠷ ᠢᠶᠡᠨ ᠵᠣᠷᠢᠯᠭ᠎ᠠ ᠪᠠᠨ ᠰᠢᠨ᠎ᠡ ᠪᠡᠷ ᠲᠣᠳᠣᠷᠬᠠᠢᠢᠯᠠᠬᠤ ᠦᠭᠡᠢ ᠶᠤᠮ ᠪᠣᠯ ᠴᠠᠰᠢᠳᠠᠭ᠎ᠠ ᠶᠠᠮᠠᠷ ᠴᠤ ᠠᠰᠠᠭᠤᠳᠠᠯ ᠢ ᠰᠢᠢᠳᠴᠦ ᠴᠢᠳᠠᠬᠤ ᠦᠭᠡᠢ᠃ ᠮᠠᠨ ᠤ ᠣᠳᠣ ᠢᠢᠨ ᠲᠣᠭᠲᠠᠯᠴᠠᠭᠠᠨ ᠤ ᠴᠢᠳᠠᠪᠤᠷᠢ᠂ ᠪᠣᠯᠤᠮᠵᠢ ᠨᠢᠭᠡᠨᠲᠡ ᠪᠦᠷᠢᠮᠦᠰᠦᠨ ᠰᠢᠪᠬᠠᠭᠳᠠᠵᠠᠢ᠃

 

ᠪᠢ ᠶᠡᠷᠦᠩᠬᠡᠢᠢᠯᠡᠭᠴᠢ ᠪᠣᠯᠤᠭᠰᠠᠨ ᠠᠴᠠ ᠪᠠᠨ ᠬᠣᠢᠢᠰᠢ ᠮᠠᠰᠢ ᠣᠯᠠᠨ ᠤᠯᠤᠰ ᠲᠥᠷᠤᠴᠢ᠂ ᠤᠯᠤᠰ ᠲᠥᠷᠥ ᠰᠤᠳᠤᠯᠤᠯ ᠤᠨ ᠡᠷᠳᠡᠮᠲᠡᠳ ᠲᠡᠢ ᠠᠭᠤᠯᠵᠠᠵᠤ᠂ ᠡᠨᠡ ᠠᠰᠠᠭᠤᠳᠠᠯ ᠢ ᠨᠤᠬᠤᠴᠠᠲᠠᠢ ᠠᠪᠴᠤ ᠦᠵᠡᠭᠰᠡᠨ ᠦ ᠳ᠋ᠦᠩ ᠳᠥ ᠲᠣᠭᠲᠠᠯᠴᠠᠭᠠᠨ ᠤ ᠬᠢᠮᠤᠷᠠᠯ ᠢ ᠭᠡᠲᠦᠯᠬᠦ ᠰᠠᠨᠠᠯ᠂ ᠰᠢᠢᠳᠦᠯ ᠦᠳ ᠢ ᠡᠷᠬᠢᠮ ᠭᠡᠰᠢᠭᠦᠳ ᠲᠠ ᠪᠦᠬᠦᠨ ᠳᠥ ᠪᠣᠯᠤᠨ ᠮᠣᠩᠭ᠋ᠣᠯ ᠤᠨ ᠰᠣᠩᠭ᠋ᠣᠭᠴᠢᠳ᠂ ᠨᠡᠢᠢᠲᠡ ᠠᠷᠠᠳ ᠲᠦᠮᠡᠨ ᠳᠥ ᠲᠣᠯᠢᠯᠠᠭᠤᠯᠬᠤ ᠪᠠᠷ ᠰᠢᠢᠳᠦᠯ᠎ᠡ᠃

 

ᠲᠣᠭᠲᠠᠯᠴᠠᠭ᠎ᠠ ᠢᠢ ᠪᠠᠨ ᠥᠭᠡᠷᠡᠴᠢᠯᠡᠬᠦ ᠦᠭᠡᠢ ᠪᠡᠷ ᠶᠠᠭᠤ ᠴᠤ ᠥᠭᠡᠷᠡᠴᠢᠯᠡᠭᠳᠡᠬᠦ ᠦᠭᠡᠢ ᠶᠤᠮ ᠪᠠᠢᠢᠨ᠎ᠠ᠃ ᠵᠦᠢᠷᠯᠡᠪᠡᠯ᠂ ᠪᠢᠳᠡᠨ ᠦ ᠬᠠᠮᠲᠤᠷᠠᠨ ᠪᠣᠰᠬᠠᠭᠰᠠᠨ ᠡᠷᠦᠬᠡ ᠭᠡᠷ ᠦᠨ ᠮᠢᠨᠢ ᠰᠠᠭᠤᠷᠢ᠂ ᠲᠤᠯᠭᠠᠭᠤᠷᠢ ᠪᠠᠭᠠᠨ᠎ᠠ ᠳᠤ ᠠᠯᠳᠠᠭ᠎ᠠ ᠭᠠᠷᠴᠤ᠂ ᠨᠤᠷᠠᠬᠤ ᠡᠷᠦᠰᠳᠡᠯ ᠡᠭᠦᠰᠴᠢᠬᠡᠭᠡᠳ ᠪᠠᠢᠢᠬᠤ ᠳᠤ ᠪᠢᠳᠡ ᠨᠤᠷᠠᠭᠠᠵᠤ᠂ ᠰᠢᠨ᠎ᠡ ᠪᠡᠷ ᠰᠠᠭᠤᠷᠢ ᠴᠢᠳᠭᠤᠬᠤ᠂ ᠪᠠᠲᠤ ᠪᠥᠬᠡ ᠲᠤᠯᠭᠠᠭᠤᠷᠢ ᠬᠢᠬᠦ ᠢᠢᠨ ᠣᠷᠣᠨ ᠳᠤ ᠭᠠᠭᠴᠠ ᠨᠢᠭᠡ ᠨᠡᠮᠡᠯᠲᠡ ᠪᠡᠬᠢᠯᠡᠭᠡ ᠬᠢᠬᠦ᠂ ᠡᠷᠦᠰᠳᠡᠯ ᠠᠷᠢᠯᠤᠭᠰᠠᠨ ᠮᠡᠲᠦ ᠰᠡᠳᠬᠢᠭ᠍ᠳᠡᠯ ᠲᠥᠷᠥᠭᠦᠯᠬᠦ ᠭᠡᠵᠦ ᠥᠩᠭᠡᠴᠡ ᠵᠠᠰᠠᠪᠤᠷᠢ᠂ ᠪᠤᠳᠤᠭ ᠲᠦᠷᠬᠢᠬᠦ ᠲᠡᠳᠦᠢ ᠪᠠᠢᠢᠳᠠᠯ ᠢᠶᠠᠷ ᠥᠨᠥ ᠢᠢ ᠬᠦᠷᠲᠡᠯ᠎ᠡ ᠠᠷᠭᠠᠯᠠᠵᠤ ᠢᠷᠡᠵᠡᠢ᠃ ᠣᠳᠣ ᠠᠷᠭᠠᠯᠠᠵᠤ᠂ ᠬᠠᠭᠤᠷᠠᠵᠤ ᠬᠦᠴᠦᠷᠡᠬᠦ ᠦᠭᠡᠢ ᠬᠡᠮᠵᠢᠶᠡᠨ ᠳᠥ ᠬᠢᠮᠤᠷᠠᠯ ᠲᠤᠯᠵᠤ ᠢᠷᠡᠵᠡᠢ᠃ ᠡᠷᠦᠬᠡ ᠭᠡᠷ ᠮᠠᠨᠢ ᠬᠡᠳᠦᠢ ᠨᠢ ᠡ ᠬᠠᠵᠠᠢᠢᠵᠤ ᠡᠬᠢᠯᠡᠭᠰᠡᠨ ᠪᠠᠢᠢᠨ᠎ᠠ᠃

 

ᠬᠠᠷᠠᠳᠠᠬᠤ᠂ ᠶᠠᠭᠠᠷᠠᠨ ᠳ᠋ᠦᠩᠨᠡᠬᠦ ᠢᠢᠨ ᠣᠷᠣᠨ ᠳᠤ ᠲᠠ ᠪᠦᠭᠦᠳᠡ ᠢᠢ ᠬᠦᠯᠢᠶᠡᠴᠡᠲᠡᠢ ᠬᠠᠨᠳᠤᠵᠤ᠂ ᠠᠰᠠᠭᠤᠳᠠᠯ ᠢ ᠡᠷᠡᠭᠦᠯ ᠤᠬᠠᠭᠠᠨ ᠢᠶᠠᠷ ᠰᠢᠭᠦᠨ ᠬᠡᠯᠡᠯᠴᠡᠭᠡᠰᠡᠢ ᠬᠡᠮᠡᠨ ᠬᠦᠰᠡᠵᠦ ᠪᠠᠢᠢᠨ᠎ᠠ᠃ ᠠᠰᠠᠭᠤᠳᠠᠯ ᠤᠨ ᠭᠣᠣᠯ ᠨᠢ ᠨᠡᠢᠢᠭᠡᠮ ᠳᠥ ᠬᠤᠷᠠᠮᠲᠤᠯᠠᠭᠳᠠᠭᠰᠠᠨ ᠠᠰᠠᠭᠤᠳᠠᠯ ᠤᠳ ᠢ ᠰᠢᠢᠳᠪᠦᠷᠢᠯᠡᠬᠦ ᠴᠢᠳᠠᠪᠤᠷᠢ ᠲᠠᠢ᠂ ᠨᠡᠢᠢᠭᠡᠮ ᠢ ᠤᠳᠤᠷᠢᠳᠬᠤ᠂ ᠵᠣᠬᠢᠴᠠᠭᠤᠯᠬᠤ ᠡᠭᠦᠷᠭᠡ ᠪᠡᠨ ᠬᠠᠩᠭ᠋ᠠᠯᠲᠠᠲᠠᠢ ᠪᠡᠶᠡᠯᠡᠭᠦᠯᠳᠡᠭ᠂ ᠲᠡᠷᠡ ᠬᠢᠷᠢ ᠪᠡᠷ ᠠᠷᠠᠳ ᠲᠦᠮᠡᠨ ᠨᠢ ᠠᠵᠢᠯ ᠲᠠᠢ ᠣᠷᠣᠯᠭ᠎ᠠ ᠲᠠᠢ᠂ ᠡᠷᠡᠭᠦᠯ᠂ ᠪᠣᠯᠪᠠᠰᠤᠷᠠᠯ ᠲᠠᠢ᠂ ᠠᠮᠢᠳᠤᠷᠠᠯ ᠳᠤ ᠪᠠᠨ ᠰᠡᠳᠬᠢᠯ ᠬᠠᠩᠭ᠋ᠠᠯᠤᠭᠤᠨ᠂ ᠵᠢᠷᠭᠠᠯ ᠲᠠᠢ ᠪᠠᠢᠢᠬᠤ ᠲᠥᠷᠥ ᠢᠢ ᠵᠣᠬᠢᠶᠠᠨ ᠪᠠᠢᠢᠭᠤᠯᠬᠤ᠂ ᠡᠮᠬᠢᠯᠡᠬᠦ᠂ ᠠᠵᠢᠯᠯᠠᠭᠤᠯᠬᠤ ᠲᠣᠭᠲᠠᠪᠤᠷᠢᠲᠠᠢ ᠲᠣᠭᠲᠠᠯᠴᠠᠭ᠎ᠠ ᠲᠠᠢ ᠪᠣᠯᠬᠤ ᠳᠤ ᠯᠠ ᠣᠷᠣᠰᠢᠵᠤ ᠪᠠᠢᠢᠭ᠎ᠠ᠃

 

ᠮᠣᠩᠭ᠋ᠣᠯ ᠤᠨ ᠲᠥᠷᠥ ᠬᠠᠷᠢᠭᠤᠴᠠᠯᠭ᠎ᠠ ᠢᠢᠨ ᠬᠢᠮᠤᠷᠠᠯ ᠳᠤ ᠪᠦᠷᠢᠨ ᠥᠷᠲᠦᠭᠰᠡᠨ ᠪᠠᠢᠢᠨ᠎ᠠ᠃ ᠳᠡᠯᠡᠬᠡᠢ ᠢᠢᠨ ᠪᠠᠩᠬᠢ᠂ ᠪᠤᠰᠤᠳ ᠪᠠᠢᠢᠭᠤᠯᠤᠯᠭ᠎ᠠ ᠨᠤᠭᠤᠳ ᠤᠨ ᠲᠣᠳᠣᠷᠬᠠᠢᠢᠯᠠᠯᠲᠠ ᠪᠠᠷ 《ᠬᠠᠷᠢᠭᠤᠴᠠᠯᠭ᠎ᠠ ᠭᠡᠳᠡᠭ ᠨᠢ ᠰᠢᠢᠳᠪᠦᠷᠢ ᠭᠠᠷᠭᠠᠭᠴᠢᠳ ᠠᠴᠠ ᠠᠰᠠᠭᠤᠳᠠᠯ ᠳᠤ ᠬᠠᠷᠢᠭᠤ ᠥᠭ᠍ᠬᠦ᠂ ᠰᠢᠢᠳᠪᠦᠷᠢ ᠭᠠᠷᠭᠠᠬᠤ ᠴᠢᠳᠠᠪᠤᠷᠢ ᠶᠤᠮ》᠃ ᠢᠷᠭᠡᠳ ᠡᠴᠡ 《ᠡᠨᠡ ᠪᠣᠯᠬᠤ ᠦᠭᠡᠢ ᠪᠠᠢᠢᠨ᠎ᠠ》 ᠭᠡᠳ ᠭᠣᠮᠣᠳᠠᠯ ᠭᠠᠷᠬᠤ ᠳᠤ ᠲᠥᠷᠥ ᠢᠢᠨ ᠵᠦᠭ ᠡᠴᠡ ᠬᠠᠷᠢᠭᠤ ᠥᠭ᠍ᠬᠦ᠂ ᠰᠢᠢᠳᠦᠯ ᠤᠯᠬᠤ ᠴᠢᠳᠠᠪᠤᠷᠢ ᠢᠢ ᠬᠠᠷᠢᠭᠤᠴᠠᠯᠭ᠎ᠠ ᠭᠡᠳᠡᠭ᠃ ᠭᠡᠲᠡᠯ᠎ᠡ ᠬᠠᠷᠢᠭᠤᠴᠠᠯᠭ᠎ᠠ ᠲᠠᠢ ᠪᠠᠢᠢᠵᠤ᠂ ᠨᠡᠢᠢᠭᠡᠮ ᠤᠨ ᠲᠣᠭᠲᠠᠯᠴᠠᠭ᠎ᠠ ᠢᠢ ᠠᠪᠴᠤ ᠶᠠᠪᠤᠬᠤ ᠶᠣᠰᠣᠲᠠᠢ ᠫᠠᠷᠯᠠᠮᠧᠨ᠋ᠲ᠂ ᠵᠠᠰᠠᠭ ᠤᠨ ᠭᠠᠵᠠᠷ ᠵᠡᠷᠭᠡ ᠢᠨ᠋ᠰᠲ᠋ᠢᠲ᠋ᠤᠢᠼᠢ ᠨᠢ ᠥᠪᠡᠷᠰᠡᠳ ᠢᠶᠡᠨ ᠬᠠᠷᠢᠭᠤᠴᠠᠯᠭ᠎ᠠ ᠢᠢᠨ ᠬᠢᠮᠤᠷᠠᠯ ᠳᠤ ᠣᠷᠣᠴᠢᠬᠠᠭᠠᠳ ᠪᠠᠢᠢᠭ᠎ᠠ ᠨᠢ ᠲᠣᠳᠣᠷᠬᠠᠢ ᠪᠣᠯᠤᠯ᠎ᠠ᠃ ᠡᠳ᠋ ᠍ ᠦᠨ ᠵᠠᠰᠠᠭ ᠰᠠᠢᠢᠨ ᠦᠭᠡᠢ ᠶᠠᠳᠠᠭᠤᠷᠠᠯ᠂ ᠣᠷᠣᠯᠭ᠎ᠠ ᠢᠢᠨ ᠲᠡᠭᠰᠢ ᠪᠤᠰᠤ ᠪᠠᠢᠢᠳᠠᠯ ᠭᠠᠵᠠᠷ ᠠᠪᠤᠭᠰᠠᠨ ᠨᠢ ᠵᠠᠰᠠᠭᠯᠠᠯ ᠮᠠᠭᠤ ᠪᠠᠢᠢᠭ᠎ᠠ ᠢᠢᠨ ᠢᠯᠡᠷᠬᠡᠢ ᠰᠢᠨᠵᠢ ᠲᠡᠮᠳᠡᠭ ᠶᠤᠮ᠃

 

2018 ᠣᠨ ᠤ 9 ᠳᠦᠭᠡᠷ ᠰᠠᠷ᠎ᠠ ᠢᠢᠨ 26-29 ᠍ ᠳᠥ ᠬᠢᠭ᠍ᠳᠡᠭᠰᠡᠨ ᠤᠯᠤᠰ ᠲᠥᠷᠥ ᠢᠢᠨ ᠪᠠᠷᠤᠮᠧᠲ᠋ᠷ ᠤᠨ ᠰᠤᠳᠤᠯᠭ᠎ᠠ ᠪᠠᠷ 10 ᠣᠨᠣᠭᠣᠨ ᠤ ᠦᠨᠡᠯᠡᠭᠡᠨ ᠡᠴᠡ ᠢᠷᠭᠡᠳ ᠦᠨ ᠤᠯᠤᠰ ᠤᠨ ᠶᠡᠬᠡ ᠬᠤᠷᠠᠯ ᠳᠥ ᠢᠲᠡᠭᠡᠬᠦ ᠢᠲᠡᠭᠡᠯ 3.3 ᠬᠤᠪᠢ᠂ ᠵᠠᠰᠠᠭ ᠤᠨ ᠭᠠᠵᠠᠷ ᠲᠤ ᠦᠵᠡᠭᠦᠯᠬᠦ ᠢᠲᠡᠭᠡᠯ 4.5 ᠬᠤᠪᠢ (МЕС) ᠪᠠᠢᠢᠨ᠎ᠠ᠃ ᠠᠷᠠᠳ ᠲᠦᠮᠡᠨ ᠦ ᠲᠥᠷᠥ ᠵᠠᠰᠠᠭ ᠲᠤ ᠪᠠᠨ ᠢᠲᠡᠭᠡᠬᠦ ᠢᠲᠡᠭᠡᠯ ᠦᠨᠳᠦᠰᠦᠨ ᠳᠥ ᠪᠡᠨ ᠠᠯᠠᠭ᠎ᠠ ᠪᠣᠯᠵᠠᠢ᠃ ᠲᠥᠷᠥ ᠢᠢᠨ ᠢᠨ᠋ᠰᠲ᠋ᠢᠲ᠋ᠤᠢᠼᠢ ᠨᠤᠭᠦᠳ ᠳᠤᠮᠳᠠᠴᠢ ᠪᠣᠯᠤᠨ ᠳᠤᠮᠳᠠᠴᠢ ᠠᠴᠠ ᠳᠣᠣᠭᠤᠷ ᠦᠨᠡᠯᠡᠭᠡ ᠲᠡᠢ ᠪᠠᠢᠢᠨ᠎ᠠ ᠭᠡᠳᠡᠭ ᠨᠢ ᠢᠲᠡᠭᠡᠯᠴᠡᠯ ᠦᠨ ᠬᠢᠮᠤᠷᠠᠯ ᠡᠷᠦᠰᠳᠡᠯᠳᠥ ᠨᠥᠬᠥᠴᠡᠯ ᠳᠥ ᠪᠠᠢᠢᠭ᠎ᠠ ᠢᠢ ᠵᠢᠭᠠᠵᠤ ᠪᠠᠢᠢᠭ᠎ᠠ ᠦᠵᠡᠭᠦᠯᠦᠯᠲᠡ᠃

 

ᠨᠡᠢᠢᠭᠡᠮ ᠤᠨ ᠪᠦᠬᠦ ᠳᠠᠪᠬᠤᠷᠭ᠎ᠠ᠂ ᠤᠯᠤᠰ ᠲᠥᠷᠥ ᠢᠢᠨ ᠪᠦᠯᠦᠭᠯᠡᠯ᠂ ᠰᠤᠳᠤᠯᠤᠭᠠᠴᠢᠳ ᠤᠨ ᠬᠦᠷᠦᠭᠰᠡᠨ ᠣᠢᠢᠯᠠᠭᠠᠯᠲᠠ᠂ ᠨᠢᠭᠡᠳᠦᠭᠰᠡᠨ ᠴᠡᠭ ᠨᠢ ᠵᠠᠰᠠᠭᠯᠠᠯ ᠤᠨ ᠲᠣᠭᠲᠠᠯᠴᠠᠭ᠎ᠠ ᠢᠢ ᠪᠠᠨ ᠮᠣᠩᠭ᠋ᠣᠯ ᠤᠯᠤᠰ ᠤᠨ ᠬᠥᠭ᠍ᠵᠢᠯ ᠦᠨ ᠱᠠᠭᠠᠷᠳᠠᠯᠭ᠎ᠠ᠂ ᠨᠡᠢᠢᠭᠡᠮ ᠤᠨ ᠬᠡᠷᠡᠭᠴᠡᠭᠡᠨ ᠳᠥ ᠵᠣᠬᠢᠴᠠᠭᠤᠯᠤᠨ ᠬᠢᠬᠦ ᠡᠷᠡᠰ ᠰᠢᠨᠡᠴᠢᠯᠡᠯ ᠪᠣᠯᠤᠭᠠᠳ ᠪᠠᠢᠢᠨ᠎ᠠ᠃ ᠡᠭᠦᠨ ᠢ ᠦᠨᠳᠦᠰᠦᠨ ᠬᠠᠤᠯᠢ ᠪᠠᠷ ᠯᠠ ᠬᠢᠨ᠎ᠡ᠃

 

ᠤᠯᠤᠰ ᠤᠨ ᠶᠡᠬᠡ ᠬᠤᠷᠠᠯ ᠤᠨ ᠲᠠᠮᠠᠭ᠎ᠠ ᠢᠢᠨ ᠭᠠᠵᠠᠷ ᠤᠨ ᠰᠤᠳᠤᠯᠭ᠎ᠠ ᠰᠢᠨᠵᠢᠯᠡᠭᠡᠨ ᠦ ᠬᠡᠯᠲᠡᠰ ᠡᠴᠡ 2015 ᠣᠨ ᠳᠤ ᠡᠷᠬᠢᠯᠡᠨ ᠭᠠᠷᠭᠠᠭᠰᠠᠨ 《 ᠮᠣᠩᠭ᠋ᠤᠯ ᠤᠯᠤᠰ ᠳᠠᠢ ᠢᠵᠢᠯ ᠳᠥᠰᠦᠲᠡᠢ ᠵᠠᠷᠢᠮ ᠣᠷᠤᠨ ᠤ ᠵᠠᠰᠠᠭᠯᠠᠯ ᠤᠨ ᠪᠣᠯᠤᠨ ᠡᠷᠬᠡ ᠵᠦᠢ ᠢᠢᠨ ᠲᠣᠭᠲᠠᠯᠴᠠᠭ᠎ᠠ᠂ ᠰᠣᠩᠭ᠋ᠤᠭᠤᠯᠢ ᠢᠢᠨ ᠬᠡᠯᠪᠡᠷᠢ ᠢᠢᠨ ᠲᠠᠯ᠎ᠠ ᠪᠠᠷ ᠬᠢ ᠮᠡᠳᠡᠭᠡᠯᠡᠯ 》 ᠲᠣᠪᠬᠢᠮᠠᠯ ᠳᠤ ᠳᠤᠷᠠᠳᠤᠭᠰᠠᠨ ᠠᠴᠠ ᠦᠵᠡᠬᠦ ᠳᠥ 1992 ᠣᠨ ᠤ ᠦᠨᠳᠦᠰᠦᠨ ᠬᠠᠤᠯᠢ ᠪᠠᠷ ᠢᠶᠠᠨ ᠮᠣᠩᠭ᠋ᠣᠯᠴᠤᠳ ᠪᠢᠳᠡ ᠲᠦᠭᠡᠮᠡᠯ ᠪᠤᠰᠤ ᠵᠠᠰᠠᠭᠯᠠᠯ ᠤᠨ ᠲᠣᠭᠲᠠᠯᠴᠠᠭ᠎ᠠ ᠪᠤᠶᠤ ᠳᠡᠯᠬᠡᠢ̆ ᠢᠢᠨ 196 ᠣᠷᠣᠨ ᠠᠴᠠ ᠪᠣᠯᠭᠠᠷ᠂ ᠹᠢᠨ᠋ᠯᠠᠨ᠋ᠳ᠋᠂ ᠰᠧᠷᠪᠢ᠂ ᠮᠣᠨᠲ᠋ᠧᠨᠧᠭᠷᠣ‍ ᠵᠡᠷᠭᠡ 4 ᠣᠷᠣᠨ ᠳᠤ ᠯᠠ ᠪᠠᠢᠢᠳᠠᠭ ᠬᠠᠭᠠᠰ ᠫᠠᠷᠯᠠᠮᠧᠨ᠋ᠲ᠂ ᠬᠠᠭᠠᠰ ᠶᠡᠷᠦᠩᠬᠡᠢᠢᠯᠡᠭᠴᠢ ᠢᠢᠨ ᠬᠣᠯᠢᠮᠠᠭ ᠵᠠᠰᠠᠭᠯᠠᠯ ᠢ ᠠᠪᠤᠭᠰᠠᠨ ᠨᠢ ᠬᠥᠭ᠍ᠵᠢᠯ ᠦᠨ ᠮᠤᠬᠤᠷᠳᠠᠯ ᠳᠤ ᠬᠦᠷᠭᠡᠭ᠍ᠰᠡᠨ ᠢ ᠣᠳᠣ ᠬᠠᠷᠠᠵᠤ᠂ ᠮᠡᠳᠡᠵᠦ ᠪᠠᠢᠢᠨ᠎ᠠ᠃ ᠠᠷᠠᠳᠴᠢᠯᠠᠭᠰᠠᠨ ᠰᠢᠨ᠎ᠡ ᠦᠨᠳᠦᠰᠦᠨ ᠬᠠᠤᠯᠢ ᠨᠡᠢᠢᠭᠡᠮ ᠤᠨ ᠨᠢᠭᠡ ᠲᠣᠭᠲᠠᠯᠴᠠᠭᠠᠨ ᠠᠴᠠ ᠨᠥᠭᠥᠭᠡ ᠰᠢᠨ᠎ᠡ ᠲᠣᠭᠲᠠᠯᠴᠠᠭ᠎ᠠ ᠤᠷᠤᠭᠤ ᠬᠢᠬᠦ ᠰᠢᠯᠵᠢᠯᠲᠡ ᠢᠢ ᠵᠣᠬᠢᠴᠠᠭᠤᠯᠬᠤ ᠳᠤ ᠴᠢᠬᠤᠯᠠ ᠮᠧᠬᠠᠨᠢᠰᠮ ᠪᠣᠯᠵᠠᠢ᠃ ᠣᠳᠣ ᠬᠥᠭ᠍ᠵᠢᠯ ᠦᠨ ᠱᠠᠭᠠᠷᠳᠠᠯᠭ᠎ᠠ᠂ ᠨᠡᠢᠢᠭᠡᠮ ᠤᠨ ᠬᠡᠷᠡᠭᠴᠡᠭᠡᠨ ᠳᠥ ᠵᠣᠬᠢᠴᠠᠭᠤᠯᠤᠨ ᠰᠢᠨᠡᠳᠭᠡᠬᠦ ᠶᠣᠰᠣᠲᠠᠢ ᠪᠣᠯᠵᠤ ᠪᠠᠢᠢᠨ᠎ᠠ᠃ ᠰᠢᠨ᠎ᠡ ᠦᠨᠳᠦᠰᠦᠨ ᠬᠠᠤᠯᠢ᠂ ᠲᠡᠭᠦᠨ ᠢ ᠪᠠᠲᠤᠯᠠᠭᠰᠠᠳ ᠲᠤ 《ᠪᠠᠶᠠᠷᠯᠠᠯ᠎ᠠ》 ᠭᠡᠵᠦ ᠬᠡᠯᠡᠭᠡᠳ ᠳᠠᠷᠤᠭ᠎ᠠ ᠢᠢᠨ ᠱᠠᠲᠤᠨ ᠤ ᠦᠨᠳᠦᠰᠦᠨ ᠬᠠᠤᠯᠢ ᠪᠠᠨ ᠬᠡᠯᠡᠯᠴᠡᠬᠦ ᠴᠠᠭ ᠢᠷᠡᠯ᠎ᠡ᠃

 

ᠡᠷᠬᠢᠮ ᠭᠡᠰᠢᠭᠦᠳ ᠡ᠂

 

ᠲᠠ ᠪᠢᠳᠡ ᠬᠠᠮᠲᠤᠷᠠᠨ ᠲᠣᠭᠲᠠᠯᠴᠠᠭ᠎ᠠ ᠢᠢ ᠪᠠᠨ ᠪᠦᠬᠦᠯᠢ ᠳᠥ ᠨᠢ ᠬᠠᠮᠤᠷᠤᠭᠰᠠᠨ ᠷᠧᠹᠤᠷᠮ ᠡᠷᠡᠰ ᠰᠢᠨᠡᠴᠢᠯᠡᠯ ᠬᠢᠬᠦ ᠦᠭᠡᠢ ᠯᠠ ᠪᠣᠯ ᠰᠣᠩᠭ᠋ᠣᠭᠤᠯᠢ ᠪᠠᠷ ᠠᠮᠠᠯᠠᠭᠰᠠᠨ ᠠᠮᠠᠯᠠᠯᠲᠠ ᠴᠢᠨᠢ ᠬᠡᠵᠢᠶ᠎ᠡ ᠴᠤ ᠪᠡᠶᠡᠯᠡᠬᠦ ᠦᠭᠡᠢ᠂ ᠡᠳ᠋ ᠍ ᠦᠨ ᠵᠠᠰᠠᠭ ᠲᠤ ᠶᠠᠮᠠᠷ ᠴᠤ ᠨᠠᠰᠢ ᠲᠠᠢ ᠥᠭᠡᠷᠡᠴᠢᠯᠡᠯᠲᠡ ᠭᠠᠷᠬᠤ ᠦᠭᠡᠢ᠂ ᠮᠣᠩᠭ᠋ᠣᠯ ᠤᠨ ᠲᠥᠷᠥ ᠦᠬᠦᠭᠡᠨᠴᠡ᠂ ᠬᠠᠷᠢᠭᠤᠴᠠᠯᠭ᠎ᠠ ᠦᠭᠡᠢ᠂ ᠨᠦᠰᠡᠷ᠂ ᠦᠷᠡᠯᠭᠡᠨ᠂ ᠲᠥᠷᠥ ᠢᠢᠨ ᠠᠯᠪᠠ ᠨᠢ ᠨᠠᠮ ᠤᠨ ᠬᠠᠪᠰᠤᠷᠭ᠎ᠠ ᠠᠯᠪᠠ ᠬᠡᠪ ᠢᠶᠡᠷ ᠦᠯᠡᠳᠡᠬᠦ ᠪᠣᠯᠤᠨ᠎ᠠ᠃ ᠨᠡᠩ ᠶᠠᠭᠠᠷᠠᠯ ᠲᠠᠢ ᠷᠧᠹᠤᠷᠮ ᠬᠢᠬᠦ ᠦᠭᠡᠢ ᠯᠠ ᠶᠤᠮ ᠪᠣᠯ ᠪᠠᠢᠢᠭᠠᠯᠢ ᠢᠢᠨ ᠪᠠᠶᠠᠯᠢᠭ ᠲᠤ ᠬᠡᠲᠦ ᠴᠥᠭᠡᠩᠬᠢ ᠬᠢᠨᠠᠯᠲᠠ ᠪᠠᠨ ᠲᠣᠭᠲᠠᠭᠠᠭᠰᠠᠭᠠᠷ᠂ ᠪᠠᠶᠠᠯᠢᠭ ᠠᠴᠠ ᠤᠯᠬᠤ ᠣᠷᠣᠯᠭ᠎ᠠ ᠠᠷᠠᠳ ᠲᠦᠮᠡᠨ ᠳᠥ ᠬᠦᠷᠲᠡᠭᠡᠯ ᠦᠭᠡᠢ ᠪᠡᠷ ᠭᠠᠳᠠᠭᠰᠢ ᠤᠷᠤᠰᠤᠭᠰᠠᠭᠠᠷ ᠯᠠ ᠪᠠᠢᠢᠬᠤ ᠪᠣᠯᠤᠨ᠎ᠠ᠃

 

ᠲᠡᠢᠢᠮᠦ ᠤᠴᠢᠷ ᠠᠴᠠ ᠪᠢ ᠤᠯᠤᠰ ᠣᠷᠣᠨ ᠤ ᠪᠠᠨ ᠢᠷᠡᠭᠡᠳᠦᠢ ᠢᠢᠨ ᠲᠥᠯᠥᠭᠡ᠂ ᠬᠥᠭ᠍ᠵᠢᠯ ᠴᠡᠴᠡᠭᠯᠡᠯᠲᠡ ᠳᠥ ᠬᠦᠷᠦᠭᠰᠡᠨ ᠬᠦᠴᠦᠷᠬᠡᠭ᠌ ᠮᠣᠩᠭ᠋ᠣᠯ ᠤᠯᠤᠰ ᠢ ᠪᠤᠢ ᠪᠣᠯᠭᠠᠬᠤ ᠢᠢᠨ ᠲᠥᠯᠥᠭᠡ ᠤᠯᠤᠰ ᠲᠥᠷᠥ ᠢᠢᠨ ᠨᠠᠮ ᠤᠳ᠂ ᠡᠷᠳᠡᠮᠲᠡᠳ ᠰᠤᠳᠤᠯᠤᠭᠠᠴᠢᠳ᠂ ᠢᠷᠭᠡᠳ ᠰᠣᠩᠭ᠋ᠣᠭᠴᠢᠳ ᠲᠠᠢ ᠪᠠᠨ ᠬᠠᠮᠲᠤᠷᠠᠨ ᠪᠦᠬᠦ ᠨᠡᠢᠢᠲᠡ ᠪᠡᠷ ᠢᠶᠡᠨ ᠡᠷᠡᠭᠦᠯ ᠤᠬᠠᠭᠠᠨ ᠢᠶᠠᠷ ᠰᠢᠭᠦᠨ ᠬᠡᠯᠡᠯᠴᠡᠬᠦ ᠵᠠᠮ ᠢᠶᠠᠷ ᠲᠣᠭᠲᠠᠯᠴᠠᠭᠠᠨ ᠤ ᠷᠧᠹᠤᠷᠮ ᠬᠢᠶ᠎ᠡ ᠬᠡᠮᠡᠨ ᠤᠷᠢᠶᠠᠯᠠᠵᠤ ᠪᠠᠢᠢᠨ᠎ᠠ᠃

 

ᠶᠠᠭᠤᠨ ᠤ ᠡᠮᠦᠨ᠎ᠡ ᠨᠡᠢᠢᠭᠡᠮ ᠤᠨ ᠥᠨᠥ ᠢᠢᠨ ᠪᠣᠯᠤᠨ ᠢᠷᠡᠭᠡᠳᠦᠢ ᠢᠢᠨ ᠵᠣᠷᠢᠯᠲᠠ᠂ ᠬᠡᠷᠡᠭᠴᠡᠭᠡ ᠢᠢ ᠪᠦᠷᠢᠨ ᠲᠤᠰᠬᠠᠭᠰᠠᠨ ᠰᠢᠨ᠎ᠡ ᠦᠨᠳᠦᠰᠦᠨ ᠬᠠᠤᠯᠢ ᠢᠢ ᠪᠦᠬᠦ ᠠᠷᠠᠳ ᠲᠦᠮᠡᠨ ᠦ ᠢᠳᠡᠪᠬᠢᠲᠡᠢ ᠬᠡᠯᠡᠯᠴᠡᠭᠦᠯᠭᠡ᠂ ᠣᠷᠣᠯᠴᠠᠭ᠎ᠠ ᠲᠠᠢ ᠪᠠᠷ ᠪᠠᠲᠤᠯᠠᠨ ᠭᠠᠷᠭᠠᠶ᠎ᠠ᠃ ᠲᠠ ᠪᠢᠳᠡᠨ ᠦ ᠰᠢᠢᠳᠪᠦᠷᠢᠯᠡᠬᠦ ᠶᠣᠰᠣᠲᠠᠢ ᠬᠠᠮᠤᠭ ᠤᠨ ᠴᠢᠬᠤᠯᠠ ᠠᠰᠠᠭᠤᠳᠠᠯ ᠡᠨᠡ ᠪᠣᠯᠤᠭᠠᠳ ᠪᠠᠢᠢᠨ᠎ᠠ᠃

 

ᠰᠢᠨ᠎ᠡ ᠦᠨᠳᠦᠰᠦᠨ ᠬᠠᠤᠯᠢ ᠮᠠᠨᠢ᠄

 

  • ᠮᠣᠩᠭ᠋ᠣᠯ ᠤᠨ ᠤᠯᠤᠰ ᠲᠥᠷᠥ᠂ ᠡᠳ᠋ ᠍ ᠦᠨ ᠵᠠᠰᠠᠭ᠂ ᠪᠠᠶᠠᠯᠢᠭ ᠤᠨ ᠬᠤᠪᠢᠶᠠᠷᠢᠯᠠᠯᠲᠠ ᠳᠤ ᠡᠷᠬᠡ ᠮᠡᠳᠡᠯ ᠢᠶᠡᠨ ᠪᠠᠲᠤ ᠲᠣᠭᠲᠠᠭᠠᠭᠰᠠᠨ ᠬᠡᠲᠦ ᠴᠥᠭᠡᠩᠬᠢ ᠢᠢᠨ ᠪᠦᠯᠦᠭᠯᠡᠯ ᠦᠨ ᠮᠣᠨᠣᠫᠣᠯᠢ ᠡᠷᠬᠡ ᠮᠡᠳᠡᠯ ᠢ ᠵᠠᠳᠠᠯᠵᠤ᠂ ᠵᠠᠰᠠᠭᠯᠠᠯ ᠡᠷᠬᠡ ᠮᠡᠳᠡᠯ ᠦᠨ ᠬᠤᠪᠢᠶᠠᠷᠢᠯᠠᠯᠲᠠ ᠢᠢ ᠣᠨᠣᠪᠴᠢᠲᠠᠢ᠂ ᠨᠡᠢᠢᠭᠡᠮ ᠤᠨ ᠱᠠᠭᠠᠷᠳᠠᠯᠭ᠎ᠠ᠂ ᠬᠦᠯᠢᠶᠡᠯᠲᠡ ᠳᠥ ᠨᠡᠢᠢᠴᠡᠭᠰᠡᠨ᠂ ᠠᠷᠠᠳᠴᠢᠯᠠᠭᠰᠠᠨ᠂ ᠢᠯᠡ ᠲᠣᠳᠣ᠂ ᠲᠡᠩᠴᠡᠪᠦᠷᠢᠲᠡᠢ᠂ ᠬᠠᠷᠢᠯᠴᠠᠨ ᠬᠢᠨᠠᠯᠲᠠᠲᠠᠢ ᠰᠢᠳᠤᠷᠭᠤ ᠲᠣᠭᠲᠠᠯᠴᠠᠭ᠎ᠠ ᠪᠣᠯᠭᠠᠨ ᠥᠭᠡᠷᠡᠴᠢᠯᠡᠬᠦ ᠶᠣᠰᠣᠲᠠᠢ᠃
  • ᠪᠠᠢᠢᠭᠠᠯᠢ ᠢᠢᠨ ᠪᠣᠯᠤᠨ ᠨᠡᠢᠢᠭᠡᠮ ᠤᠨ ᠪᠠᠶᠠᠯᠢᠭ ᠤᠨ ᠠᠰᠢᠭᠯᠠᠯᠲᠠ᠂ ᠬᠤᠪᠢᠶᠠᠷᠢᠯᠠᠯᠲᠠ ᠢᠢ ᠢᠯᠡ ᠲᠣᠳᠣ᠂ ᠰᠢᠳᠤᠷᠭᠤ ᠪᠣᠯᠭᠠᠨ᠂ ᠪᠦᠬᠦ ᠨᠡᠢᠢᠲᠡ ᠢᠢᠨ ᠬᠢᠨᠠᠯᠲᠠ ᠳᠤ ᠤᠷᠤᠭᠤᠯᠬᠤ᠂ ᠬᠠᠷᠢᠭᠤᠴᠠᠯᠭ᠎ᠠ ᠲᠠᠢ ᠨᠢ ᠳᠠᠪᠬᠤᠷ ᠤᠶᠠᠬᠤ ᠲᠣᠭᠲᠠᠯᠴᠠᠭ᠎ᠠ ᠢᠢ ᠪᠦᠷᠢᠳᠦᠭᠦᠯᠬᠦ ᠶᠣᠰᠣᠲᠠᠢ᠃
  • ᠦᠨᠳᠦᠰᠦᠨ ᠦ ᠡᠷᠬᠡ ᠠᠰᠢᠭ ᠢ ᠪᠦᠬᠦᠨ ᠡᠴᠡ ᠳᠡᠭᠡᠭᠦᠷ ᠲᠠᠯᠪᠢᠵᠤ᠂ ᠦᠨᠳᠦᠰᠦᠨ ᠦ ᠠᠰᠢᠭ ᠰᠣᠨᠢᠷᠬᠠᠯ ᠳᠤ ᠬᠠᠷᠰᠢ ᠣᠯᠠᠨ ᠤᠯᠤᠰ ᠤᠨ ᠭᠡᠷ᠎ᠡ᠂ ᠬᠡᠯᠡᠯᠴᠡᠭᠡᠷ ᠬᠢᠬᠦ ᠶᠠᠪᠤᠳᠠᠯ ᠢ ᠡᠭᠡᠨᠡᠭᠲᠡ ᠲᠠᠰᠤᠯᠤᠨ ᠵᠣᠭᠰᠣᠭᠠᠵᠤ᠂ ᠬᠠᠷᠢᠭᠤᠴᠠᠯᠭ᠎ᠠ ᠬᠦᠯᠢᠶᠡᠯᠭᠡᠬᠦ ᠵᠢᠭᠠᠯᠲᠠ ᠨᠤᠭᠤᠳ ᠢ ᠣᠷᠣᠭᠤᠯᠵᠤ ᠥᠭ᠍ᠬᠦ ᠶᠣᠰᠣᠲᠠᠢ᠃
  • ᠰᠢᠭᠦᠬᠦ᠂ ᠬᠠᠤᠯᠢ᠂ ᠬᠦᠴᠦᠨ ᠦ ᠪᠠᠢᠢᠭᠤᠯᠤᠯᠭ᠎ᠠ ᠢᠢ ᠥᠭᠡᠷᠡᠴᠢᠯᠡᠨ ᠵᠣᠬᠢᠶᠠᠨ ᠪᠠᠢᠢᠭᠤᠯᠵᠤ᠂ ᠡᠷᠬᠡ ᠮᠡᠳᠡᠯᠲᠡᠨ ᠳᠥ ᠪᠤᠰᠤ ᠢᠷᠭᠡᠳ ᠲᠥ ᠪᠡᠨ ᠦᠢᠯᠡᠴᠢᠯᠡᠳᠡᠭ᠂ ᠬᠠᠤᠯᠢ ᠪᠠᠨ ᠴᠢᠩᠳᠠᠯᠠᠨ ᠪᠡᠶᠡᠯᠡᠭᠦᠯᠳᠡᠭ᠂ ᠬᠠᠷᠢᠭᠤᠴᠠᠯᠭ᠎ᠠ ᠨᠢ ᠲᠣᠳᠣᠷᠬᠠᠢ᠂ ᠰᠢᠭᠦᠬᠦ ᠡᠷᠬᠡ ᠮᠡᠳᠡᠯ ᠢ ᠵᠣᠬᠢᠰᠲᠠᠢ ᠪᠠᠷ ᠡᠳ᠋ᠯᠡᠳᠡᠭ ᠪᠣᠯᠭᠠᠨ ᠥᠭᠡᠷᠡᠴᠢᠯᠡᠬᠦ ᠶᠣᠰᠣᠲᠠᠢ᠃
  • ᠤᠯᠤᠰ ᠲᠥᠷᠥ ᠢᠢᠨ ᠨᠠᠮ ᠤᠳ ᠤᠨ ᠲᠤᠬᠠᠢ ᠬᠠᠤᠯᠢ ᠢᠢ ᠰᠢᠨᠡᠴᠢᠯᠡᠨ ᠭᠠᠷᠭᠠᠵᠤ᠂ ᠡᠳ᠋ ᠍ ᠦᠨ ᠵᠠᠰᠠᠭ ᠨᠡᠢᠢᠭᠡᠮ ᠤᠨ ᠠᠮᠢᠳᠤᠷᠠᠯ ᠳᠠᠬᠢ ᠲᠥᠷᠥ ᠪᠠ ᠨᠠᠮ ᠤᠨ ᠣᠷᠣᠯᠴᠠᠭ᠎ᠠ᠂ ᠠᠵᠢᠯ ᠤᠨ ᠵᠠᠭᠠᠭ ᠢ ᠲᠣᠳᠣᠷᠬᠠᠢ ᠪᠣᠯᠭᠠᠨ᠂ ᠤᠯᠤᠰ ᠲᠥᠷᠦᠵᠢᠯᠲᠡ᠂ ᠤᠯᠤᠰ ᠲᠥᠷᠥ ᠢᠢᠨ ᠨᠠᠮ ᠤᠨ ᠪᠣᠳᠣᠯᠭ᠎ᠠ ᠠᠴᠠ ᠲᠥᠷᠥ ᠢᠢ ᠠᠩᠭᠢᠳᠠ ᠪᠠᠢᠢᠯᠭᠠᠬᠤ ᠨᠥᠬᠥᠴᠡᠯ ᠪᠦᠷᠢᠳᠦᠭᠦᠯᠬᠦ ᠶᠣᠰᠣᠲᠠᠢ᠃
  • ᠮᠣᠩᠭ᠋ᠣᠯ ᠤᠨ ᠨᠡᠢᠢᠭᠡᠮ ᠤᠨ ᠵᠢᠩᠬᠢᠨᠢ ᠡᠵᠡᠳ ᠨᠢ ᠠᠷᠠᠳ ᠲᠦᠮᠡᠨ ᠪᠠᠢᠢᠵᠤ᠂ ᠡᠷᠡᠭᠦᠯ᠂ ᠠᠶᠤᠯ ᠦᠭᠡᠢ ᠠᠮᠢᠳᠤᠷᠠᠬᠤ᠂ ᠰᠤᠷᠴᠤ ᠪᠣᠯᠪᠠᠰᠤᠷᠠᠬᠤ᠂ ᠠᠵᠢᠯ ᠲᠠᠢ ᠣᠷᠣᠯᠭ᠎ᠠ ᠲᠠᠢ ᠪᠠᠢᠢᠬᠤ ᠨᠥᠬᠥᠴᠡᠯ ᠢ ᠨᠢ ᠲᠥᠷᠥ ᠬᠠᠩᠭ᠋ᠠᠨ ᠪᠡᠶᠡᠯᠡᠭᠦᠯᠬᠦ ᠡᠭᠦᠷᠭᠡ ᠢᠢ ᠬᠣᠭᠣᠰᠣᠨ ᠲᠤᠩᠬᠠᠭᠯᠠᠬᠤ ᠪᠤᠰᠤ ᠪᠣᠳᠠᠲᠤ ᠪᠠᠷ ᠬᠡᠷᠡᠭᠵᠢᠭᠦᠯᠬᠦ ᠠᠷᠭ᠎ᠠ ᠵᠠᠮ ᠢ ᠲᠣᠳᠣᠷᠬᠠᠢ ᠵᠢᠭᠠᠭᠰᠠᠨ᠂ ᠬᠠᠷᠢᠭᠤᠴᠠᠯᠭ᠎ᠠ ᠢᠢᠨ ᠮᠧᠬᠠᠨᠢᠰᠮ ᠢ ᠲᠤᠰᠬᠠᠭᠰᠠᠨ ᠪᠠᠢᠢᠬᠤ ᠶᠣᠰᠣᠲᠠᠢ᠃

ᠠᠯᠢᠪᠠ ᠰᠢᠨᠡᠴᠢᠯᠡᠯ ᠷᠧᠹᠤᠷᠮ ᠨᠢ ᠲᠥᠷᠥ ᠵᠠᠰᠠᠭ᠂ ᠢᠷᠭᠡᠳ ᠦᠨ ᠬᠠᠷᠢᠯᠴᠠᠨ ᠣᠢᠢᠯᠠᠭᠠᠯᠴᠠᠯ ᠳᠡᠮᠵᠢᠯᠭᠡ ᠲᠡᠢ ᠪᠡᠷ ᠶᠠᠪᠤᠭᠳᠠᠪᠠᠯ ᠢᠯᠡᠭᠦᠦ ᠠᠮᠢᠳᠤ᠂ ᠢᠯᠡᠭᠦᠦ ᠪᠣᠳᠠᠲᠤ ᠱᠠᠭᠠᠷᠳᠠᠯᠭ᠎ᠠ ᠳᠤ ᠨᠡᠢᠢᠴᠡᠭᠰᠡᠨ ᠪᠣᠯᠳᠠᠭ ᠠᠵᠢ᠃ ᠮᠠᠨ ᠤ ᠬᠢ ᠲᠠᠢ ᠲᠥᠰᠲᠡᠢ ᠰᠢᠰᠲ᠋ᠧᠮ ᠦᠨ ᠬᠢᠮᠤᠷᠠᠯ ᠳᠤ ᠥᠷᠲᠥᠵᠦ᠂ ᠮᠤᠬᠤᠷᠳᠠᠮᠠᠯ ᠪᠠᠢᠢᠳᠠᠯ ᠳᠤ ᠣᠷᠣᠭᠠᠳ ᠪᠠᠢᠢᠭᠰᠠᠨ ᠭᠦᠷᠵᠢ ᠤᠯᠤᠰ ᠲᠤ 2004-2012 ᠣᠨ ᠳᠤ ᠷᠧᠹᠤᠷᠮ ᠢ ᠲᠥᠷᠥ ᠵᠠᠰᠠᠭ᠂ ᠠᠷᠠᠳ ᠲᠦᠮᠡᠨ ᠨᠢ ᠣᠢᠢᠯᠠᠭᠠᠯᠴᠠᠨ ᠡᠷᠴᠢᠲᠡᠢ ᠬᠢᠭ᠍ᠰᠡᠨ ᠢᠶᠡᠷ ᠨᠡᠢᠢᠭᠡᠮ᠂ ᠡᠳ᠋ ᠍ ᠦᠨ ᠵᠠᠰᠠᠭ ᠤᠨ ᠳᠣᠷᠪᠢᠲᠠᠢ ᠥᠰᠦᠯᠲᠡᠳ ᠬᠦᠷᠴᠦ ᠴᠢᠳᠠᠭᠰᠠᠨ ᠪᠠᠢᠢᠨ᠎ᠠ᠃ ᠲᠥᠷᠥ ᠢᠢᠨ ᠰᠢᠨᠡᠴᠢᠯᠡᠯ ᠶᠠᠭᠤᠨ ᠤ ᠲᠦᠷᠦᠭᠦᠨ ᠳᠥ ᠢᠷᠭᠡᠳ ᠲᠥ ᠥᠭ᠍ᠭᠦᠭᠡᠵᠢ ᠪᠡᠨ ᠥᠭᠳᠡᠭ᠃ 2003 ᠣᠨ ᠳᠤ ᠭᠦᠷᠵᠢ ᠢᠢᠨ ᠳᠣᠲᠤᠭᠠᠳᠤ ᠢᠢᠨ ᠨᠡᠢᠢᠲᠡ ᠪᠦᠲᠦᠭᠡᠭ᠍ᠳᠡᠬᠦᠨ᠍ ᠦ ᠨᠢᠭᠡ ᠬᠦᠨᠳᠦ ᠨᠣᠭᠳᠠᠬᠤ ᠬᠡᠮᠵᠢᠶ᠎ᠡ 970 ᠠᠮ‍.ᠳ᠋ᠣᠯᠯᠠᠷ ᠪᠠᠢᠢᠭᠰᠠᠨ ᠪᠣᠯ 2012 ᠣᠨ ᠳᠤ 4130 ᠠᠮ‍.ᠳ᠋ᠣᠯᠯᠠᠷ ᠪᠣᠯᠵᠤ ᠳᠥᠷᠪᠡ ᠳᠠᠬᠢᠨ ᠥᠰᠴᠠᠢ᠃ ᠠᠪᠢᠯᠭ᠎ᠠ ᠢᠢᠨ ᠦᠵᠡᠭᠦᠯᠦᠯᠲᠡ ᠪᠡᠷ ᠳᠡᠯᠡᠬᠡᠢ ᠢᠢᠨ ᠤᠯᠤᠰ ᠤᠳ ᠳᠣᠲᠣᠷ᠎ᠠ 136 ᠳ᠋ᠤᠭᠠᠷ ᠪᠠᠢᠢᠷᠢᠨ ᠳᠤ ᠵᠢᠭ᠌ᠰᠠᠵᠤ ᠪᠠᠢᠢᠭᠰᠠᠨ ᠭᠦᠷᠵᠢ ᠤᠯᠤᠰ 2012 ᠣᠨ ᠭᠡᠬᠦ ᠳᠥ ᠵᠠᠭᠤᠨ ᠪᠠᠢᠢᠷᠢ ᠪᠠᠷ ᠤᠷᠤᠭᠰᠢᠯᠠᠵᠤ᠂ 35 ᠍ ᠳᠥ ᠣᠷᠣᠵᠤ ᠢᠷᠡᠭᠰᠡᠨ ᠪᠠᠢᠢᠨ᠎ᠠ᠃ ᠪᠢᠽᠢᠨ᠋᠋ᠧᠰ ᠡᠷᠬᠢᠯᠡᠬᠦ ᠳᠥ ᠲᠠᠭᠠᠲᠠᠢ ᠨᠥᠬᠥᠴᠡᠯ ᠢᠶᠡᠷ 100 ᠍ ᠳᠥ ᠪᠢᠴᠢᠭᠳᠡᠵᠦ ᠪᠠᠢᠢᠭᠰᠠᠨ ᠴᠤ ᠷᠧᠹᠤᠷᠮ ᠤᠨ ᠳᠠᠷᠠᠭ᠎ᠠ ᠡᠬᠢᠨ ᠦ 8 ᠍ ᠳᠥ ᠪᠢᠴᠢᠭᠳᠡᠬᠦ ᠬᠦᠷᠲᠡᠯ᠎ᠡ ᠰᠠᠢᠢᠵᠢᠷᠠᠵᠠᠢ᠃ ᠪᠢᠽᠢᠨ᠋᠋ᠧᠰ ᠡᠷᠬᠢᠯᠡᠯᠲᠡ ᠪᠣᠯ ᠢᠷᠭᠡᠳ ᠦᠨ ᠲᠣᠭᠲᠠᠪᠤᠷᠢᠲᠠᠢ ᠠᠮᠢᠵᠢᠷᠠᠭ᠎ᠠ ᠢᠢ ᠳᠡᠭᠡᠭ᠍ᠰᠢᠯᠡᠭᠦᠯᠬᠦ ᠭᠣᠣᠯ ᠦᠵᠡᠭᠦᠯᠦᠯᠲᠡ ᠶᠤᠮ᠃ ᠭᠠᠳᠠᠭᠠᠳᠤ ᠢᠢᠨ ᠵᠢᠭᠤᠯᠴᠢᠳ ᠤᠨ ᠲᠣᠭ᠎ᠠ 1249 ᠬᠤᠪᠢ ᠪᠠᠷ ᠥᠰᠦᠭᠰᠡᠨ ᠪᠠᠢᠢᠭ᠎ᠠ ᠨᠢ ᠮᠥᠨ ᠭᠠᠢᠢᠬᠠᠯᠲᠠᠢ ᠵᠢᠱᠢᠶ᠎ᠡ᠃ ᠵᠢᠭᠤᠯᠴᠢᠨ ᠤ ᠲᠣᠭ᠎ᠠ ᠨᠢ ᠲᠤᠬᠠᠢ ᠢᠢᠨ ᠤᠯᠤᠰ ᠤᠨ ᠬᠥᠭ᠍ᠵᠢᠯ᠂ ᠰᠠᠢᠢᠨ ᠵᠠᠰᠠᠭᠯᠠᠯ ᠲᠠᠢ ᠰᠢᠭᠤᠳ ᠬᠠᠮᠢᠶᠠᠷᠤᠯ ᠲᠠᠢ ᠪᠠᠢᠢᠳᠠᠭ ᠨᠢ ᠲᠣᠭᠲᠠᠭᠠᠭᠳᠠᠭᠰᠠᠨ ᠵᠦᠢᠯ ᠰᠢᠦ ᠳ᠋ᠡ᠃ ᠡᠷᠦᠰᠳᠡᠯ ᠲᠡᠢ᠂ ᠬᠥᠭ᠍ᠵᠢᠯ ᠮᠠᠭᠤ ᠲᠠᠢ ᠤᠯᠤᠰ ᠲᠤ ᠵᠣᠴᠢᠯᠠᠬᠤ ᠬᠦᠰᠡᠯ ᠲᠡᠢ ᠬᠦᠮᠦᠨ ᠦ ᠲᠣᠭ᠎ᠠ ᠡᠷᠡᠰ ᠪᠠᠭ᠎ᠠ ᠪᠠᠢᠢᠳᠠᠭ ᠵᠦᠢ ᠲᠣᠭᠲᠠᠯ ᠪᠤᠢ᠃ ᠭᠦᠷᠵᠢ ᠢᠢᠨ ᠷᠧᠹᠤᠷᠮ ᠤᠨ ᠬᠠᠮᠤᠭ ᠤᠨ ᠴᠢᠬᠤᠯᠠ ᠨᠢ ᠬᠠᠤᠯᠢ ᠢᠢᠨ ᠪᠠᠢᠢᠭᠤᠯᠤᠯᠭ᠎ᠠ ᠨᠤᠭᠤᠳ ᠲᠤ ᠢᠲᠡᠭᠡᠬᠦ ᠢᠷᠭᠡᠳ ᠦᠨ ᠢᠲᠡᠭᠡᠯ 5 ᠬᠤᠪᠢ ᠬᠦᠷᠲᠡᠯ᠎ᠡ ᠤᠨᠠᠵᠤ ᠪᠠᠢᠢᠭᠰᠠᠨ ᠨᠢ 70 ᠬᠤᠪᠢ ᠬᠦᠷᠴᠦ ᠡᠷᠡᠰ ᠳᠡᠭᠡᠭ᠍ᠰᠢᠯᠡᠭᠰᠡᠨ ᠪᠥᠭᠡᠳ ᠣᠳᠣ ᠡᠨᠡ ᠲᠦᠪᠰᠢᠨ ᠡᠴᠡ ᠳᠣᠭᠣᠭᠰᠢ ᠣᠷᠣᠬᠤ ᠦᠭᠡᠢ ᠪᠠᠢᠢᠭ᠎ᠠ ᠨᠢ ᠵᠥᠪ ᠲᠣᠭᠲᠠᠯᠴᠠᠭ᠎ᠠ ᠵᠠᠰᠠᠭᠯᠠᠯ ᠢ ᠵᠥᠪ ᠵᠠᠯᠠᠳᠠᠭ ᠢ ᠢᠯᠡᠳᠭᠡᠬᠦ ᠨᠢᠭᠡᠨ ᠦᠵᠡᠭᠦᠯᠦᠯᠲᠡ ᠪᠣᠯᠵᠠᠢ᠃

 

ᠪᠢ ᠤᠯᠤᠰ ᠲᠥᠷᠦᠴᠢᠳ᠂ ᠠᠷᠠᠳ ᠲᠦᠮᠡᠨ ᠳᠥ ᠪᠡᠨ ᠬᠠᠨᠳᠤᠨ ᠤᠷᠢᠶᠠᠯᠠᠵᠤ ᠪᠠᠢᠢᠨ᠎ᠠ᠃ ᠤᠯᠤᠰ ᠲᠥᠷᠥ ᠢᠢᠨ ᠲᠣᠭᠲᠠᠯᠴᠠᠭ᠎ᠠ ᠢᠢ ᠪᠠᠨ ᠣᠨᠣᠪᠴᠢᠲᠠᠢ᠂ ᠴᠡᠭᠴᠡᠲᠡᠢ᠂ ᠢᠯᠡ ᠲᠣᠳᠣ᠂ ᠢᠷᠭᠡᠳ ᠲᠥ ᠥᠭ᠍ᠭᠦᠭᠡᠵᠢ ᠲᠡᠢ ᠪᠣᠯᠭᠠᠨ ᠥᠭᠡᠷᠡᠴᠢᠯᠡᠬᠦ ᠬᠠᠷᠢᠭᠤᠴᠠᠯᠭ᠎ᠠ ᠲᠠᠢ ᠪᠥᠭᠡᠳ ᠭᠠᠷᠴᠠᠭ᠎ᠠ ᠦᠭᠡᠢ ᠬᠢᠭ᠍ᠳᠡᠬᠦ ᠶᠣᠰᠣᠲᠠᠢ ᠡᠨᠡ ᠦᠢᠯᠡᠰ ᠲᠥ ᠨᠢᠭᠡᠳᠬᠦ ᠢᠢ ᠪᠦᠭᠦᠳᠡ ᠡᠪᠯᠡᠯᠳᠦᠨ ᠨᠢᠭᠡᠳᠬᠦ ᠢᠢ ᠲᠠ ᠪᠦᠬᠦᠨ ᠡᠴᠡ ᠬᠦᠰᠡᠶ᠎ᠡ᠃ ᠷᠧᠹᠤᠷᠮ ᠠᠴᠠ ᠬᠣᠵᠢᠬᠤ ᠲᠠᠯ᠎ᠠ ᠨᠢ ᠠᠷᠠᠳ ᠲᠦᠮᠡᠨ᠂ ᠬᠣᠬᠢᠷᠠᠬᠤ ᠨᠢ ᠲᠥᠷᠥ ᠢᠢᠨ ᠡᠷᠬᠡ ᠮᠡᠳᠡᠯ ᠢ ᠠᠰᠢᠭᠯᠠᠵᠤ ᠪᠠᠶᠠᠵᠢᠭᠰᠠᠨ ᠣᠯᠢᠭᠠᠷᠬᠢ ᠴᠥᠭᠡᠩᠬᠢ ᠪᠠᠢᠢᠬᠤ ᠪᠣᠯᠤᠨ᠎ᠠ᠃ ᠪᠤᠰᠤᠳ ᠤᠨ ᠬᠢᠵᠦ ᠴᠢᠳᠠᠭᠰᠠᠨ ᠢ ᠪᠢᠳᠡ ᠴᠢᠳᠠᠬᠤ ᠶᠣᠰᠣᠲᠠᠢ᠃ ᠬᠥᠭ᠍ᠵᠢᠯ ᠦᠨ ᠶᠠᠪᠤᠴᠠ ᠳᠤ ᠭᠠᠷᠴᠤ ᠪᠤᠢ ᠥᠭᠡᠷᠡᠴᠢᠯᠡᠯᠲᠡ ᠢᠢ ᠲᠤᠰᠬᠠᠵᠤ᠂ ᠰᠢᠨᠡᠴᠢᠯᠡᠯᠲᠡ ᠢᠢ ᠬᠤᠷᠳᠤᠲᠠᠢ ᠬᠢᠵᠦ ᠴᠢᠳᠠᠭᠰᠠᠨ ᠨᠡᠢᠢᠭᠡᠮ ᠦᠳ ᠯᠠ ᠬᠥᠭ᠍ᠵᠢᠯ ᠳᠡᠪᠰᠢᠯ ᠳᠥ ᠬᠦᠷᠳᠡᠭ᠃ ᠨᠡᠢᠢᠭᠡᠮ ᠤᠨ ᠰᠣᠷᠢᠯᠲᠠ᠂ ᠰᠢᠯᠭᠠᠷᠠᠯ ᠢ ᠳᠠᠪᠠᠨ ᠲᠤᠭᠤᠯᠤᠭᠰᠠᠨ ᠪᠤᠰᠤᠳ ᠠᠷᠠᠳ ᠲᠦᠮᠡᠨ ᠦ ᠵᠢᠱᠢᠶᠡᠨ ᠡᠴᠡ ᠪᠢᠳᠡ ᠪᠦᠲᠦᠭᠡᠯᠴᠢ ᠪᠡᠷ ᠰᠤᠷᠤᠯᠴᠠᠬᠤ ᠶᠣᠰᠣᠲᠠᠢ᠃

 

ᠡᠷᠬᠡ ᠮᠡᠳᠡᠯ ᠭᠣᠷᠢᠯᠠᠭᠰᠠᠨ᠂ ᠲᠤᠯᠭ᠎ᠠ ᠲᠣᠭᠣᠷᠢᠭᠰᠠᠨ ᠬᠡᠷᠡᠭᠦᠯ ᠲᠡᠮᠡᠴᠡᠯ ᠢᠶᠡᠨ ᠣᠷᠬᠢᠵᠤ᠂ ᠲᠣᠭᠲᠠᠯᠴᠠᠭᠠᠨ ᠤ ᠷᠧᠹᠤᠷᠮ ᠢ ᠵᠣᠷᠢᠭᠲᠠᠢ ᠪᠠᠷ ᠨᠡᠩ ᠳᠠᠷᠤᠢ ᠡᠬᠢᠯᠡᠭᠦᠯᠬᠦ ᠨᠢ ᠮᠣᠩᠭ᠋ᠣᠯ ᠤᠯᠤᠰ ᠤᠨ᠂ ᠮᠣᠩᠭ᠋ᠣᠯ ᠤᠨ ᠠᠷᠠᠳ ᠲᠦᠮᠡᠨ ᠦ ᠢᠵᠠᠭᠤᠷ ᠡᠷᠬᠡ ᠠᠰᠢᠭ ᠲᠤ ᠪᠦᠷᠢᠨ ᠨᠡᠢᠢᠴᠡᠨ᠎ᠡ᠃

 

ᠦᠨᠳᠦᠰᠦᠨ ᠦ ᠡᠪ ᠨᠢᠭᠡᠳᠦᠯ ᠢ ᠬᠠᠩᠭ᠋ᠠᠬᠤ ᠡᠭᠦᠷᠭᠡ ᠢᠢ ᠦᠨᠳᠦᠰᠦᠨ ᠬᠠᠤᠯᠢ ᠪᠠᠷ ᠬᠦᠯᠢᠶᠡᠭᠰᠡᠨ ᠠᠯᠪᠠᠨ ᠲᠤᠰᠢᠶᠠᠯᠲᠠᠨ ᠤ ᠬᠤᠪᠢ ᠳᠤ ᠶᠡᠷᠦᠩᠬᠡᠢᠢᠯᠡᠭᠴᠢ ᠮᠢᠨᠦ ᠪᠡᠶ᠎ᠡ ᠴᠡᠭᠴᠡ ᠰᠢᠳᠤᠷᠭᠤ ᠲᠥᠷᠥ ᠪᠠᠢᠢᠭᠤᠯᠬᠤ ᠤᠯᠤᠰ ᠲᠥᠷᠥ ᠢᠢᠨ ᠷᠧᠹᠤᠷᠮ ᠢ ᠪᠦᠬᠦ ᠲᠠᠯ᠎ᠠ ᠪᠠᠷ ᠳᠡᠮᠵᠢᠨ ᠠᠵᠢᠯᠯᠠᠬᠤ ᠪᠠᠨ ᠢᠯᠡᠷᠬᠡᠢᠢᠯᠡᠵᠦ ᠪᠠᠢᠢᠨ᠎ᠠ᠃ ᠤᠴᠢᠷ ᠨᠢ ᠮᠣᠩᠭ᠋ᠣᠯ ᠤᠨ ᠠᠷᠠᠳ ᠲᠦᠮᠡᠨ ᠦ ᠡᠪ ᠨᠢᠭᠡᠳᠦᠯ ᠢ ᠰᠢᠳᠤᠷᠭᠤ ᠲᠥᠷᠥ᠂ ᠬᠡᠷᠡᠭᠵᠢᠳᠡᠭ ᠬᠠᠤᠯᠢ᠂ ᠠᠷᠠᠳ ᠲᠦᠮᠡᠨ ᠦ ᠡᠯᠪᠡᠭ᠌ ᠪᠠᠶᠠᠨ ᠠᠮᠢᠳᠤᠷᠠᠯ ᠯᠠ ᠤᠷᠲᠤ ᠤᠳᠠᠭᠠᠨ ᠬᠤᠭᠤᠴᠠᠭᠠᠨ ᠳᠤ ᠬᠠᠩᠭ᠋ᠠᠨ ᠪᠡᠶᠡᠯᠡᠭᠦᠯᠵᠦ ᠴᠢᠳᠠᠨ᠎ᠠ᠃

 

ᠮᠣᠩᠭ᠋ᠣᠯᠴᠤᠳ ᠪᠢᠳᠡ ᠬᠠᠮᠲᠤ ᠳᠤ ᠪᠠᠨ ᠥᠭᠡᠷᠡᠴᠢᠯᠡᠯᠲᠡ᠂ ᠳᠡᠪᠰᠢᠯ ᠬᠢᠵᠦ ᠴᠢᠳᠠᠨ᠎ᠠ᠃ ᠭᠠᠭᠴᠠ ᠬᠦ ᠡᠭᠦᠨ ᠳᠥ ᠨᠢᠭᠡᠳᠬᠦ᠂ ᠬᠠᠮᠲᠤᠷᠠᠬᠤ ᠯᠠ ᠴᠢᠬᠤᠯᠠ ᠶᠤᠮ᠎ ᠠ᠋᠃

 

ᠡᠷᠬᠢᠮ ᠭᠡᠰᠢᠭᠦᠳ ᠡ᠂ ᠡᠷᠡᠰ ᠰᠢᠨᠡᠴᠢᠯᠡᠯ ᠳᠥ ᠪᠡᠯᠡᠳᠬᠡᠭ᠍ᠲᠦᠨ᠃

 

ᠦᠨᠳᠦᠰᠦᠨ ᠬᠠᠤᠯᠢ ᠪᠠᠨ ᠠᠷᠠᠳ ᠲᠦᠮᠡᠨ ᠦ ᠬᠦᠰᠡᠯ ᠵᠣᠷᠢᠯᠭ᠎ᠠ ᠳᠤ ᠨᠡᠢᠢᠴᠡᠭᠦᠯᠦᠨ ᠥᠭᠡᠷᠡᠴᠢᠯᠡᠵᠦ᠂ ᠲᠡᠳᠡᠨ ᠢᠶᠡᠷ ᠬᠡᠯᠡᠯᠴᠡᠭᠦᠯᠦᠨ ᠳᠡᠮᠵᠢᠭᠦᠯᠦᠭᠲᠦᠨ᠃ ᠡᠭᠦᠨ ᠢ ᠡᠰᠡ ᠬᠢᠪᠡᠰᠦ ᠲᠡᠦᠬᠡᠨ ᠬᠠᠷᠢᠭᠤᠴᠠᠯᠭ᠎ᠠ ᠠᠴᠠ ᠵᠢᠭᠤᠲᠠᠭᠠᠭᠰᠠᠨ ᠬᠡᠷᠡᠭ ᠪᠣᠯᠤᠨ᠎ᠠ᠃ ᠲᠣᠭᠲᠠᠯᠴᠠᠭᠠᠨ ᠤ ᠡᠷᠡᠰ ᠰᠢᠨᠡᠴᠢᠯᠡᠯ ᠳᠥ ᠨᠠᠮ ᠤᠨ ᠢᠶᠠᠨ ᠪᠣᠯᠤᠨ ᠪᠦᠯᠦᠭᠯᠡᠯ ᠦᠨ ᠢᠪᠴᠤᠤ ᠡᠷᠬᠡ ᠠᠰᠢᠭ ᠤᠨ ᠡᠭᠦᠳᠡᠨ ᠡᠴᠡ ᠬᠠᠨᠳᠤᠪᠠᠰᠤ ᠦᠨᠳᠦᠰᠦᠨ ᠦ ᠡᠷᠬᠡ ᠠᠰᠢᠭ ᠠᠴᠠ ᠤᠷᠪᠠᠭᠰᠠᠨ ᠲᠠᠢ ᠳᠦᠢᠴᠡᠬᠦ ᠬᠡᠮᠵᠢᠶᠡᠨ ᠦ ᠭᠡᠮᠲᠦ ᠬᠡᠷᠡᠭ᠂ ᠨᠢᠭᠦᠯ ᠪᠣᠯᠬᠤ ᠪᠣᠯᠤᠨ᠎ᠠ᠃ ᠴᠠᠭ ᠦᠶ᠎ᠡ ᠪᠢᠳᠡᠨ ᠳᠥ ᠡᠷᠡᠰ ᠰᠢᠨᠡᠴᠢᠯᠡᠯ ᠢ ᠪᠠᠰᠠ ᠲᠤᠯᠭᠠᠵᠤ ᠪᠠᠢᠢᠨ᠎ᠠ᠃ ᠡᠭᠦᠨ ᠢ ᠠᠷᠠᠳ ᠲᠦᠮᠡᠨ ᠦ ᠡᠮᠦᠨ᠎ᠡ ᠬᠦᠯᠢᠶᠡᠬᠦ ᠲᠡᠦᠬᠡᠨ ᠬᠠᠷᠢᠭᠤᠴᠠᠯᠭ᠎ᠠ ᠬᠡᠮᠡᠨ ᠬᠦᠯᠢᠶᠡᠨ ᠠᠪᠤᠭᠲᠤᠨ᠃

 

ᠠᠩᠬᠠᠷᠤᠯ ᠲᠠᠯᠪᠢᠭᠰᠠᠨ ᠳᠤ ᠪᠠᠶᠠᠷᠯᠠᠯ᠎ᠠ᠃ ᠠᠮᠵᠢᠯᠲᠠ ᠬᠦᠰᠡᠶ᠎ᠡ᠃

 

ᠮᠥᠩᠬᠡ ᠲᠩᠷᠢ ᠢᠢᠨ ᠬᠦᠴᠦᠨ ᠳᠣᠣᠷ᠎ᠠ ᠮᠣᠩᠭ᠋ᠣᠯ ᠤᠯᠤᠰ ᠬᠥᠭ᠍ᠵᠢᠨ ᠪᠠᠳᠠᠷᠠᠬᠤ ᠪᠣᠯᠲᠤᠭᠠᠢ》 ᠭᠡᠯ᠎ᠡ᠃