ᠮᠣᠩᠭᠣᠯ ᠤᠯᠤᠰ ᠤᠨ ᠶᠡᠷᠦᠩᠬᠡᠶᠢᠯᠡᠭᠴᠢ ᠶᠢᠨ ᠲᠠᠮᠠᠭ᠎ᠠ ᠶᠢᠨ ᠭᠠᠵᠠᠷ ᠤᠨ ᠳᠠᠷᠤᠭ᠎ᠠ ᠵ ∙ ᠡᠩᠬᠡᠪᠣᠯᠤᠳ 《ᠷᠣᠰᠣᠨᠧᠹᠲ᠋ᠢ》 ᠨᠡᠶᠢᠭᠡᠮᠯᠢᠭ ᠦᠨ ᠤᠳᠤᠷᠢᠳᠤᠯᠭ᠎ᠠ ᠨᠤᠭᠤᠳ ᠢ ᠬᠦᠯᠢᠶᠡᠨ ᠠᠪᠴᠤ ᠠᠭᠤᠯᠵᠠᠯ᠎ᠠ

ᠮᠣᠩᠭ᠋ᠣᠯ ᠤᠯᠤᠰ ᠤᠨ ᠶᠡᠷᠦᠩᠬᠡᠢᠢᠯᠡᠭᠴᠢ ᠢᠢᠨ ᠲᠠᠮᠠᠭ᠎ᠠ ᠢᠢᠨ ᠭᠠᠵᠠᠷ ᠤᠨ ᠳᠠᠷᠤᠭ᠎ᠠ ᠵ ∙ ᠡᠩᠬᠡᠪᠣᠯᠤᠳ ᠥᠨᠥᠳᠥᠷ 《ᠷᠣᠰᠣᠨᠧᠹᠲ᠋ᠢ》 ᠨᠡᠭᠡᠭᠡᠯᠲᠡᠲᠡᠢ ᠬᠤᠪᠢᠴᠠᠭᠠᠲᠤ ᠨᠡᠢᠢᠭᠡᠮᠯᠢᠭ᠌ ᠦᠨ ᠲᠡᠷᠢᠭᠦᠨ ᠳᠡᠳ᠋ ᠶᠡᠷᠦᠩᠬᠡᠢᠢᠯᠡᠭᠴᠢ ᠹᠶᠣᠳᠣᠷᠣᠸ ᠫ.ᠰ᠂ ᠪᠣᠯᠤᠨ ᠲᠤᠰ ᠺᠣᠮᠫᠠᠨᠢ ᠢᠢᠨ ᠳᠡᠳ᠋ ᠶᠡᠷᠦᠩᠬᠡᠢᠢᠯᠡᠭᠴᠢ ᠺᠠᠷᠢᠮᠣᠸ ᠣ.ᠺ᠂ ᠬᠦᠮᠦᠨ ᠦ ᠨᠥᠭᠡᠴᠡ᠂ ᠨᠡᠢᠢᠭᠡᠮ ᠤᠨ ᠠᠰᠠᠭᠤᠳᠠᠯ ᠬᠠᠷᠢᠭᠤᠴᠠᠭᠰᠠᠨ ᠳᠡᠳ᠋ ᠶᠡᠷᠦᠩᠬᠡᠢᠢᠯᠡᠭᠴᠢ ᠺᠠᠯᠢᠨᠢᠨ ᠶᠦ‍.ᠢ‍᠂ ᠶᠡᠷᠦᠩᠬᠡᠢ ᠭᠧᠣᠯᠣᠭᠢᠴᠢ ᠯᠠᠽᠧᠸ ᠠ‍.ᠨ ᠨᠠᠷ ᠢ ᠬᠦᠯᠢᠶᠡᠨ ᠠᠪᠴᠤ ᠠᠭᠤᠯᠵᠠᠯ᠎ᠠ᠃

 

ᠠᠭᠤᠯᠵᠠᠯᠲᠠ ᠢᠢᠨ ᠡᠬᠢᠨ ᠳᠥ 《ᠷᠣᠰᠣᠨᠧᠹᠲ᠋ᠢ》 ᠨᠡᠭᠡᠭᠡᠯᠲᠡᠲᠡᠢ ᠬᠤᠪᠢᠴᠠᠭᠠᠲᠤ ᠨᠡᠢᠢᠭᠡᠮᠯᠢᠭ᠌ ᠦᠨ ᠤᠳᠤᠷᠢᠳᠤᠯᠭ᠎ᠠ ᠨᠤᠭᠤᠳ ᠮᠣᠩᠭ᠋ᠣᠯ ᠤᠯᠤᠰ ᠲᠤ ᠬᠢᠵᠦ ᠪᠤᠢ ᠠᠢᠢᠯᠴᠢᠯᠠᠯ ᠤᠨ ᠢᠶᠠᠨ ᠲᠠᠯ᠎ᠠ ᠪᠠᠷ ᠵ ∙ ᠡᠩᠬᠡᠪᠣᠯᠤᠳ ᠳᠠᠷᠤᠭ᠎ᠠ ᠳᠤ ᠲᠠᠨᠢᠯᠴᠠᠭᠤᠯᠤᠭᠰᠠᠨ ᠪᠥᠭᠡᠳ ᠪᠡᠶᠡᠴᠢᠯᠡᠨ ᠠᠭᠤᠯᠵᠠᠵᠤ᠂ ᠨᠧᠹᠲ᠋ᠢ ᠬᠠᠩᠭ᠋ᠠᠮᠵᠢ ᠢᠢᠨ ᠠᠰᠠᠭᠤᠳᠠᠯ ᠢᠶᠠᠷ ᠰᠠᠨᠠᠯ ᠰᠤᠯᠢᠯᠴᠠᠬᠤ ᠪᠣᠯᠤᠮᠵᠢ ᠣᠯᠳᠠᠭᠰᠠᠨ ᠳᠤ ᠲᠠᠯᠠᠷᠬᠠᠯ ᠢᠶᠠᠨ ᠢᠯᠡᠷᠬᠡᠢᠢᠯᠡᠭᠰᠡᠨ ᠶᠤᠮ᠃

 

ᠮᠥᠨ 《ᠷᠣᠰᠣᠨᠧᠹᠲ᠋ᠢ》 ᠨᠡᠭᠡᠭᠡᠯᠲᠡᠲᠡᠢ ᠬᠤᠪᠢᠴᠠᠭᠠᠲᠤ ᠨᠡᠢᠢᠭᠡᠮᠯᠢᠭ᠌ ᠦᠨ ᠤᠳᠤᠷᠢᠳᠤᠯᠭ᠎ᠠ ᠨᠤᠭᠤᠳ ᠮᠣᠩᠭ᠋ᠣᠯ ᠤᠯᠤᠰ ᠤᠨ ᠨᠧᠹᠲ᠋ᠢ ᠢᠢᠨ ᠬᠡᠷᠡᠭᠯᠡᠭᠡ ᠵᠢᠯ ᠪᠦᠷᠢ ᠨᠡᠮᠡᠭᠳᠡᠵᠦ ᠪᠠᠢᠢᠭ᠎ᠠ ᠲᠠᠯ᠎ᠠ ᠪᠠᠷ ᠳᠤᠷᠠᠳᠴᠤ᠂ ᠡᠨᠡᠬᠦ ᠬᠡᠷᠡᠭᠴᠡᠭᠡ ᠢᠢ ᠬᠡᠷᠬᠢᠨ ᠬᠠᠩᠭ᠋ᠠᠬᠤ ᠪᠣᠯᠤᠭᠠᠳ ᠮᠣᠩᠭ᠋ᠣᠯ ᠤᠯᠤᠰ ᠲᠤ ᠨᠧᠹᠲ᠋ᠢ ᠣᠯᠪᠤᠷᠢᠯᠠᠬᠤ᠂ ᠪᠣᠯᠪᠠᠰᠤᠷᠠᠭᠤᠯᠬᠤ᠂ ᠡᠺᠰᠫᠣᠷᠲ᠋ᠯᠠᠬᠤ ᠠᠰᠠᠭᠤᠳᠠᠯ ᠢᠶᠠᠷ ᠮᠣᠩᠭ᠋ᠣᠯ ᠤᠯᠤᠰ ᠤᠨ ᠶᠡᠷᠦᠩᠬᠡᠢᠢᠯᠡᠭᠴᠢ ᠢᠢᠨ ᠲᠠᠮᠠᠭ᠎ᠠ ᠢᠢᠨ ᠭᠠᠵᠠᠷ ᠤᠨ ᠳᠠᠷᠤᠭ᠎ᠠ ᠵ ∙ ᠡᠩᠬᠡᠪᠣᠯᠤᠳ ᠲᠠᠢ ᠳᠡᠯᠭᠡᠷᠡᠩᠭᠦᠢ ᠰᠠᠨᠠᠯ ᠰᠣᠯᠢᠯᠴᠠᠵᠤ᠂ ᠶᠠᠷᠢᠯᠴᠠᠯ᠎ᠠ᠃

 

ᠠᠭᠤᠯᠵᠠᠯᠲᠠ ᠢᠢᠨ ᠲᠡᠭᠦᠰᠬᠡᠯ ᠳᠥ ᠢᠷᠡᠬᠦ ᠵᠢᠯ ᠬᠠᠯᠬ᠎ᠠ ᠭᠣᠣᠯ ᠤᠨ ᠢᠯᠠᠯᠲᠠ ᠢᠢᠨ 80 ᠵᠢᠯ ᠦᠨ ᠣᠢ ᠢᠢ ᠣᠷᠣᠰ ᠤᠨ ᠬᠣᠯᠪᠣᠭᠠᠨ ᠤ ᠤᠯᠤᠰ ᠲᠠᠢ ᠬᠠᠮᠲᠤᠷᠠᠨ ᠲᠡᠮᠳᠡᠭᠯᠡᠬᠦ ᠠᠵᠢᠯ ᠤᠨ ᠬᠦᠷᠢᠶᠡᠨ ᠳᠥ 《ᠷᠣᠰᠣᠨᠧᠹᠲ᠋ᠢ》 ᠺᠣᠮᠫᠠᠨᠢ ᠨᠢ ᠬᠠᠯᠬ᠎ᠠ ᠭᠣᠣᠯ ᠰᠤᠮᠤ ᠢᠢᠨ ᠲᠥᠪ ᠢ ᠰᠢᠨᠡᠴᠢᠯᠡᠬᠦ ᠳᠦ ᠵᠣᠷᠢᠭᠤᠯᠵᠤ 8 ᠰᠠᠶ᠎ᠠ ᠧᠦ᠋ᠷᠣ‍ ᠬᠠᠨᠳᠢᠪᠯᠠᠬᠤ ᠪᠠᠷ ᠪᠣᠯᠤᠭᠰᠠᠨ ᠢᠶᠠᠨ ᠮᠡᠳᠡᠭᠳᠡᠯ᠎ᠡ᠃ ᠮᠣᠩᠭ᠋ᠣᠯ ᠤᠯᠤᠰ ᠤᠨ ᠶᠡᠷᠦᠩᠬᠡᠢᠢᠯᠡᠭᠴᠢ ᠢᠢᠨ ᠲᠠᠮᠠᠭ᠎ᠠ ᠢᠢᠨ ᠭᠠᠵᠠᠷ ᠤᠨ ᠳᠠᠷᠤᠭ᠎ᠠ ᠵ ∙ ᠡᠩᠬᠡᠪᠣᠯᠤᠳ ᠡᠨᠡᠬᠦ ᠬᠠᠨᠳᠢᠪ ᠲᠤ ᠲᠠᠯᠠᠷᠬᠠᠵᠤ ᠪᠤᠢ ᠢᠢ ᠪᠠᠨ ᠢᠯᠡᠷᠬᠡᠢᠢᠯᠡᠭᠡᠳ 《ᠷᠣᠰᠣᠨᠧᠹᠲ᠋ᠢ》 ᠺᠣᠮᠫᠠᠨᠢ ᠢᠢᠨ ᠴᠢᠨᠠᠭᠰᠢᠳᠠ ᠢᠢᠨ ᠠᠵᠢᠯᠯᠠᠭᠠᠨ ᠳᠤ ᠠᠮᠵᠢᠯᠲᠠ ᠬᠦᠰᠡᠪᠡ᠃