Та "Internet explorer"-ийн сүүлийн хувилбар болох "Microsoft edge"-г ашиглана уу

Хэрэв "Microsoft edge"-г татах бол энд дарж татаж авна уу

ᠮᠣᠩᠭᠣᠯ ᠤᠯᠤᠰ ᠤᠨ ᠶᠡᠷᠦᠩᠬᠡᠢᠢᠯᠡᠭᠴᠢ᠂ ᠵᠡᠪᠰᠡᠭᠲᠦ ᠬᠦᠴᠦᠨ ᠦ ᠶᠡᠷᠦᠩᠬᠡᠢ ᠺᠣᠮᠠᠨ᠋ᠳ᠋ᠯᠠᠭᠴᠢ ᠬ ∙ ᠪᠠᠲᠤᠲᠤᠯᠭ᠎ᠠ ᠵᠡᠪᠰᠡᠭᠲᠦ ᠬᠦᠴᠦᠨ ᠦ ᠤᠳᠤᠷᠢᠳᠬᠤ ᠪᠦᠷᠢᠯᠳᠦᠬᠦᠨ ᠦ ᠵᠢᠭᠠᠬᠤ ᠠᠷᠭ᠎ᠠ ᠶᠢᠨ ᠴᠤᠭᠯᠠᠷᠠᠯᠲᠠ ᠶᠢ ᠨᠡᠭᠡᠭᠡᠵᠦ ᠦᠭᠡ ᠬᠡᠯᠡᠪᠡ

ᠵᠡᠪᠰᠡᠭᠲᠦ ᠬᠦᠴᠦᠨ ᠦ ᠤᠳᠤᠷᠢᠳᠬᠤ ᠪᠦᠷᠢᠯᠳᠦᠬᠦᠨ ᠦ ᠵᠢᠭᠠᠬᠤ ᠠᠷᠭ᠎ᠠ ᠵᠦᠢ ᠢᠢᠨ ᠴᠤᠭᠯᠠᠷᠠᠯᠳᠤ ᠪᠣᠯᠤᠨ ᠵᠡᠪᠰᠡᠭᠲᠦ ᠬᠦᠴᠦᠨ ᠦ 345 ᠳ᠋ᠤᠭᠠᠷ ᠪᠷᠢᠭᠠᠳ᠋ ᠳᠤ ᠪᠠᠢᠢᠯᠳᠤᠭᠠᠨ ᠤ ᠲᠤᠭ ᠭᠠᠷᠳᠠᠭᠤᠯᠬᠤ ᠶᠣᠰᠣᠯᠠᠯ ᠤᠨ ᠠᠵᠢᠯᠯᠠᠭ᠎ᠠ ᠲᠠᠪᠤᠨᠲᠣᠯᠣᠭᠠᠢ ᠳ᠋ᠠᠬᠢ ᠵᠡᠪᠰᠡᠭᠲᠦ ᠬᠦᠴᠦᠨ ᠦ 311  ᠳᠦᠭᠡᠷ ᠠᠩᠭᠢ ᠳᠤ ᠵᠣᠬᠢᠶᠠᠨ ᠪᠠᠢᠢᠭᠤᠯᠤᠭᠳᠠᠵᠤ ᠪᠠᠢᠢᠨ᠎ᠠ᠃

 

ᠳᠡᠭᠡᠷᠡᠬᠢ ᠶᠣᠰᠣᠯᠠᠯ ᠤᠨ ᠠᠷᠭ᠎ᠠ ᠬᠡᠮᠵᠢᠶᠡᠨ ᠳᠥ ᠣᠷᠣᠯᠴᠠᠭᠰᠠᠨ ᠮᠣᠩᠭ᠋ᠣᠯ ᠤᠯᠤᠰ ᠤᠨ ᠶᠡᠷᠦᠩᠬᠡᠢᠢᠯᠡᠭᠴᠢ᠂ ᠵᠡᠪᠰᠡᠭᠲᠦ ᠬᠦᠴᠦᠨ ᠦ ᠶᠡᠷᠦᠩᠬᠡᠢ ᠺᠣᠮᠠᠨ᠋ᠳ᠋ᠯᠠᠭᠴᠢ ᠬ ∙ ᠪᠠᠲᠤᠲᠤᠯᠭ᠎ᠠ ᠵᠡᠪᠰᠡᠭᠲᠦ ᠬᠦᠴᠦᠨ ᠦ ᠰᠤᠷᠭᠠᠯᠲᠠ ᠢᠢᠨ ᠨᠢᠭᠡᠳᠦᠭᠰᠡᠨ ᠲᠥᠪ ᠳᠦ ᠪᠣᠯᠵᠤ ᠪᠤᠢ ᠵᠡᠪᠰᠡᠭᠲᠦ ᠬᠦᠴᠦᠨ ᠦ ᠤᠳᠤᠷᠢᠳᠬᠤ ᠪᠦᠷᠢᠯᠳᠦᠬᠦᠨ ᠦ ᠵᠢᠭᠠᠬᠤ ᠠᠷᠭ᠎ᠠ ᠵᠦᠢ ᠢᠢᠨ ᠴᠤᠭᠯᠠᠷᠠᠯᠲᠠ ᠢᠢ ᠨᠡᠭᠡᠭᠡᠵᠦ ᠦᠭᠡ ᠬᠡᠯᠡᠭᠰᠡᠨ ᠶᠤᠮ᠃

 

ᠮᠣᠩᠭ᠋ᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ᠄

《ᠮᠣᠩᠭ᠋ᠣᠯ ᠤᠯᠤᠰ ᠤᠨ ᠢᠶᠠᠨ ᠲᠤᠰᠠᠭᠠᠷ ᠲᠣᠭᠲᠠᠨᠢᠯ᠂ ᠪᠠᠲᠤᠯᠠᠨ ᠬᠠᠮᠠᠭᠠᠯᠠᠬᠤ ᠦᠢᠯᠡᠰ ᠲᠥ ᠭᠠᠷ᠂ ᠰᠡᠳᠬᠢᠯ ᠨᠢᠭᠡᠳᠦᠨ ᠬᠠᠮᠲᠤᠷᠠᠨ ᠵᠢᠳᠬᠦᠵᠦ ᠪᠠᠢᠢᠭ᠎ᠠ ᠡᠷᠬᠢᠮ ᠨᠥᠬᠥᠳ ᠡ᠂

ᠡᠷᠬᠢᠮ ᠪᠠᠲᠤᠯᠠᠨ ᠬᠠᠮᠠᠭᠠᠯᠠᠬᠤ ᠢᠢᠨ ᠰᠠᠢᠢᠳ ᠠ᠋᠂

ᠡᠷᠬᠢᠮ ᠭᠧᠨᠧᠷᠠᠯ᠂ ᠣᠹᠢᠼᠧᠷ᠂ ᠠᠬᠠᠯᠠᠭᠴᠢ ᠨᠠᠷ ᠠ᠋᠂

 

ᠤᠯᠤᠰ ᠣᠷᠣᠨ ᠤ ᠪᠠᠨ ᠲᠤᠰᠠᠭᠠᠷ ᠲᠣᠭᠲᠠᠨᠢᠯ᠂ ᠪᠦᠷᠢᠨ ᠡᠷᠬᠡᠲᠦ ᠪᠠᠢᠢᠳᠠᠯ᠂ ᠨᠤᠲᠤᠭ ᠳᠡᠪᠢᠰᠬᠡᠷ ᠦᠨ ᠪᠦᠷᠢᠨ ᠪᠦᠲᠦᠨ ᠪᠠᠢᠢᠳᠠᠯ᠂ ᠤᠯᠤᠰ ᠤᠨ ᠬᠢᠯᠢ ᠢᠢᠨ ᠬᠠᠯᠳᠠᠰᠢ ᠦᠭᠡᠢ ᠳᠠᠷᠬᠠᠨ ᠪᠠᠢᠢᠳᠠᠯ ᠢ ᠬᠠᠩᠭ᠋ᠠᠬᠤ ᠡᠭᠦᠷᠭᠡ ᠪᠡᠨ ᠨᠡᠷ᠎ᠡ ᠲᠥᠷᠥᠲᠡᠢ ᠪᠡᠶᠡᠯᠡᠭᠦᠯᠵᠦ᠂ ᠡᠬᠡ ᠣᠷᠣᠨ᠂ ᠢᠷᠭᠡᠳ ᠦᠨ ᠢᠶᠡᠨ ᠠᠶᠤᠯ ᠦᠭᠡᠢ᠂ ᠠᠮᠤᠷ ᠠᠮᠤᠭᠤᠯᠠᠩ ᠪᠠᠢᠢᠳᠠᠯ ᠢ ᠰᠠᠬᠢᠨ ᠬᠠᠮᠠᠭᠠᠯᠠᠬᠤ ᠶᠡᠬᠡ ᠦᠢᠯᠡᠰ ᠲᠥ ᠥᠪᠡᠷ ᠦᠨ ᠬᠤᠪᠢ ᠨᠡᠮᠡᠷᠢ ᠪᠡᠨ ᠣᠷᠣᠭᠤᠯᠵᠤ ᠪᠠᠢᠢᠭ᠎ᠠ ᠮᠣᠩᠭ᠋ᠣᠯ ᠤᠯᠤᠰ ᠤᠨ ᠵᠡᠪᠰᠡᠭᠲᠦ ᠬᠦᠴᠦᠨ ᠦ ᠤᠳᠤᠷᠢᠳᠬᠤ ᠪᠦᠷᠢᠯᠳᠦᠬᠦᠨ ᠲᠠ ᠪᠦᠬᠦᠨ ᠲᠡᠢ ᠨᠢᠭᠤᠷ ᠲᠤᠯᠤᠨ ᠠᠭᠤᠯᠵᠠᠵᠤ᠂ ᠰᠠᠨᠠᠯ ᠪᠣᠳᠣᠯ ᠢᠶᠠᠨ ᠰᠣᠯᠢᠯᠴᠠᠵᠤ ᠪᠠᠢᠢᠭ᠎ᠠ ᠳᠤ ᠪᠠᠨ ᠪᠠᠶᠠᠷᠲᠠᠢ ᠪᠠᠢᠢᠨ᠎ᠠ᠃

 

ᠮᠣᠩᠭ᠋ᠣᠯ ᠤᠨ ᠲᠥᠷᠥ᠂ ᠠᠷᠠᠳ ᠲᠦᠮᠡᠨ ᠦ ᠡᠮᠦᠨ᠎ᠡ ᠬᠦᠯᠢᠶᠡᠭᠰᠡᠨ ᠡᠭᠦᠷᠭᠡ᠂ ᠬᠠᠷᠢᠭᠤᠴᠠᠯᠭ᠎ᠠ ᠪᠠᠨ ᠪᠡᠶᠡᠯᠡᠭᠦᠯᠵᠦ᠂ ᠡᠬᠡ ᠣᠷᠣᠨ ᠤ ᠪᠠᠨ ᠠᠶᠤᠯ ᠦᠭᠡᠢ ᠪᠠᠢᠢᠳᠠᠯ ᠢ ᠬᠠᠩᠭ᠋ᠠᠬᠤ ᠳᠤ ᠵᠡᠪᠰᠡᠭᠲᠦ ᠬᠦᠴᠦᠨ ᠦ ᠤᠳᠤᠷᠢᠳᠬᠤ ᠪᠦᠷᠢᠯᠳᠦᠬᠦᠨ ᠲᠠ ᠪᠦᠬᠦᠨ ᠦ ᠮᠡᠳᠡᠯᠭᠡ᠂ ᠮᠡᠷᠭᠡᠵᠢᠯ ᠦᠨ ᠤᠷ᠎ᠠ ᠴᠢᠳᠠᠪᠤᠷᠢ᠂ ᠦᠯᠢᠭᠡᠷ ᠵᠢᠱᠢᠶᠡᠴᠢ ᠪᠠᠢᠢᠳᠠᠯ᠂ ᠠᠵᠢᠯ ᠤᠨ ᠰᠠᠬᠢᠯᠭ᠎ᠠ᠂ ᠬᠠᠷᠢᠭᠤᠴᠠᠯᠭ᠎ᠠ᠂ ᠬᠢᠴᠢᠶᠡᠯ ᠵᠢᠳᠬᠦᠯ ᠡᠴᠡ ᠶᠡᠬᠡᠬᠡᠨ ᠬᠠᠮᠢᠶᠠᠷᠤᠨ᠎ᠠ ᠭᠡᠳᠡᠭ ᠢ ᠡᠨᠳᠡ ᠲᠡᠮᠳᠡᠭᠯᠡᠨ ᠬᠡᠯᠡᠬᠦ ᠢᠢ ᠬᠦᠰᠡᠵᠦ ᠪᠠᠢᠢᠨ᠎ᠠ᠃

 

ᠪᠢᠳᠡ ᠳᠡᠯᠡᠬᠡᠢ ᠢᠢᠨ ᠬᠠᠮᠲᠤ ᠢᠢᠨ ᠨᠡᠢᠢᠭᠡᠮᠯᠢᠭ᠌ ᠦᠨ ᠭᠡᠰᠢᠭᠦᠨ ᠦ ᠬᠤᠪᠢ ᠳᠤ ᠳᠡᠯᠡᠬᠡᠢ ᠳᠠᠬᠢᠨ᠂ ᠪᠥᠰᠡ ᠨᠤᠲᠤᠭ ᠤᠨ ᠲᠤᠯᠭᠠᠮᠳᠠᠭᠰᠠᠨ ᠠᠰᠠᠭᠤᠳᠠᠯ ᠢ ᠰᠢᠢᠳᠪᠦᠷᠢᠯᠡᠬᠦ᠂ ᠠᠷᠠᠳᠴᠢᠯᠠᠯ ᠢ ᠪᠡᠬᠢᠵᠢᠭᠦᠯᠬᠦ᠂ ᠬᠦᠮᠦᠨ ᠦ ᠡᠷᠬᠡ᠂ ᠡᠷᠬᠡ ᠴᠢᠯᠦᠭᠡ ᠢᠢ ᠬᠠᠩᠭ᠋ᠠᠬᠤ ᠳᠤ ᠴᠢᠭᠯᠡᠭᠰᠡᠨ ᠦᠢᠯᠡ ᠠᠵᠢᠯᠯᠠᠭ᠎ᠠ ᠢᠢ ᠳᠡᠮᠵᠢᠨ᠂ ᠢᠳᠡᠪᠬᠢᠲᠡᠢ ᠣᠷᠣᠯᠴᠠᠵᠤ᠂ ᠴᠥᠮ᠎ᠡ ᠢᠢᠨ ᠪᠣᠯᠤᠨ ᠦᠢ ᠣᠯᠠᠨ ᠢᠶᠠᠷ ᠬᠥᠨᠥᠭᠡᠬᠦ ᠵᠡᠪᠰᠡᠭ ᠢ ᠦᠯᠦ ᠳᠡᠯᠭᠡᠷᠡᠭᠦᠯᠬᠦ᠂ ᠣᠯᠠᠨ ᠤᠯᠤᠰ ᠤᠨ ᠲᠧᠷᠷᠣᠷᠢᠰᠮ᠂ ᠵᠣᠬᠢᠶᠠᠨ ᠪᠠᠢᠢᠭᠤᠯᠤᠯᠲᠠ ᠲᠠᠢ ᠭᠡᠮᠲᠦ ᠬᠡᠷᠡᠭ ᠲᠡᠢ ᠲᠡᠮᠡᠴᠡᠬᠦ᠂ ᠨᠢᠭᠡᠳᠦᠭᠰᠡᠨ ᠦᠨᠳᠦᠰᠦᠨ ᠦ ᠪᠠᠢᠢᠭᠤᠯᠤᠯᠭ᠎ᠠ ᠤᠨ ᠪᠣᠯᠤᠨ ᠣᠯᠠᠨ ᠤᠯᠤᠰ ᠤᠨ ᠡᠩᠬᠡ ᠢᠢ ᠳᠡᠮᠵᠢᠬᠦ᠂ ᠰᠡᠷᠭᠦᠭᠡᠨ ᠪᠣᠰᠬᠠᠬᠤ᠂ ᠬᠦᠮᠦᠨᠯᠢᠭ ᠦᠨ ᠦᠢᠯᠡ ᠠᠵᠢᠯᠯᠠᠭᠠᠨ ᠳᠤ ᠢᠳᠡᠪᠬᠢᠲᠡᠢ ᠣᠷᠣᠯᠴᠠᠵᠤ ᠢᠷᠡᠭᠰᠡᠨ᠃

 

ᠮᠣᠩᠭ᠋ᠣᠯ ᠤᠯᠤᠰ ᠨᠢ ᠥᠪᠡᠷ ᠦᠨ ᠠᠶᠤᠯ ᠦᠭᠡᠢ ᠪᠠᠢᠢᠳᠠᠯ᠂ ᠦᠨᠳᠦᠰᠦᠨ ᠦ ᠢᠵᠠᠭᠤᠷ ᠠᠰᠢᠭ ᠰᠣᠨᠢᠷᠬᠠᠯ ᠢ ᠣᠯᠠᠨ ᠤᠯᠤᠰ ᠤᠨ ᠡᠷᠬᠡ ᠵᠦᠢ ᠢᠢᠨ ᠬᠦᠷᠢᠶᠡᠨ ᠳᠥ ᠤᠯᠤᠰ ᠲᠥᠷᠥ᠂ ᠳ᠋ᠢᠫᠯᠣᠮᠠᠲ ᠤᠨ ᠠᠷᠭ᠎ᠠ ᠪᠠᠷ ᠬᠠᠩᠭ᠋ᠠᠬᠤ᠂ ᠡᠩᠬᠡ ᠢᠢ ᠡᠷᠬᠢᠮᠯᠡᠭᠰᠡᠨ᠂ ᠨᠡᠭᠡᠭᠡᠯᠲᠡᠲᠡᠢ᠂ ᠪᠡᠶ᠎ᠡ ᠳᠠᠭᠠᠭᠰᠠᠨ᠂ ᠣᠯᠠᠨ ᠲᠤᠯᠭᠠᠭᠤᠷᠢᠲᠤ ᠭᠠᠳᠠᠭᠠᠳᠤ ᠪᠣᠳᠣᠯᠭ᠎ᠠ ᠢᠢ ᠶᠠᠪᠤᠭᠤᠯᠬᠤ ᠢᠢᠨ ᠵᠡᠷᠭᠡᠴᠡᠭᠡ ᠠᠯᠢᠪᠠ ᠭᠠᠳᠠᠨ᠎ᠠ ᠢᠢᠨ ᠴᠡᠷᠢᠭ ᠦᠨ ᠠᠶᠤᠯ᠂ ᠵᠠᠨᠤᠯ ᠤᠴᠠᠷᠠᠭ᠎ᠠ ᠦᠭᠡᠢ ᠨᠥᠬᠥᠴᠡᠯ ᠳᠥ ᠴᠡᠷᠢᠭ ᠦᠨ ᠠᠯᠢᠪᠠ ᠡᠪᠰᠡᠯ᠂ ᠬᠣᠯᠪᠣᠭᠠᠨ ᠳᠤ ᠨᠢᠭᠡᠳᠬᠦ ᠦᠭᠡᠢ᠂ ᠨᠤᠲᠤᠭ ᠳᠡᠪᠢᠰᠬᠡᠷ᠂ ᠠᠭᠠᠷ ᠤᠨ ᠣᠷᠣᠨ ᠵᠠᠢ ᠢᠢ ᠠᠯᠢ ᠨᠢᠭᠡ ᠤᠯᠤᠰ ᠤᠨ ᠡᠰᠡᠷᠭᠦ ᠠᠰᠢᠭᠯᠠᠭᠤᠯᠬᠤ ᠦᠭᠡᠢ᠂ ᠭᠠᠳᠠᠭᠠᠳᠤ ᠢᠢᠨ ᠴᠡᠷᠢᠭ ᠦᠨ ᠬᠦᠴᠦᠨ ᠢ ᠥᠪᠡᠷ ᠦᠨ ᠨᠤᠲᠤᠭ ᠳᠡᠪᠢᠰᠬᠡᠷ ᠲᠥ ᠨᠡᠪᠲᠡᠷᠡᠭᠦᠯᠬᠦ ᠦᠭᠡᠢ᠂ ᠪᠠᠢᠢᠷᠢᠯᠠᠭᠤᠯᠬᠤ ᠦᠭᠡᠢ᠂ ᠳᠠᠮᠵᠢᠨ ᠥᠩᠭᠡᠷᠡᠭᠦᠯᠬᠦ ᠦᠭᠡᠢ ᠪᠠᠢᠢᠬᠤ ᠦᠨᠳᠦᠰᠦᠨ ᠵᠠᠷᠴᠢᠮ ᠢ ᠪᠠᠷᠢᠮᠲᠠᠯᠠᠭᠰᠠᠭᠠᠷ ᠢᠷᠡᠯ᠎ᠡ᠃

 

ᠭᠠᠳᠠᠭᠠᠳᠤ ᠤᠯᠤᠰ ᠣᠷᠣᠨ ᠲᠠᠢ ᠪᠠᠢᠢᠭᠤᠯᠤᠭᠰᠠᠨ ᠴᠡᠷᠢᠭ ᠦᠨ ᠪᠣᠯᠤᠨ ᠴᠡᠷᠢᠭ ᠲᠧᠭᠨᠢᠭ ᠦᠨ ᠬᠠᠮᠲᠤ ᠢᠢᠨ ᠠᠵᠢᠯᠯᠠᠭ᠎ᠠ ᠢᠢ ᠥᠷᠭᠡᠵᠢᠭᠦᠯᠦᠨ᠂ ᠤᠷᠲᠤ ᠬᠤᠭᠤᠴᠠᠭᠠᠨ ᠤ ᠬᠥᠲᠥᠯᠪᠦᠷᠢ ᠪᠡᠷ ᠵᠡᠪᠰᠡᠭᠯᠡᠯ᠂ ᠴᠡᠷᠢᠭ ᠦᠨ ᠲᠧᠭᠨᠢᠭ ᠢ ᠰᠢᠨᠡᠳᠭᠡᠬᠦ᠂ ᠰᠡᠷᠭᠦᠭᠡᠨ ᠰᠠᠢᠢᠵᠢᠷᠠᠭᠤᠯᠬᠤ᠂ ᠴᠡᠷᠢᠭ ᠦᠨ ᠮᠡᠷᠭᠡᠵᠢᠯᠲᠡᠨ ᠢ ᠪᠡᠯᠡᠳᠬᠡᠬᠦ᠂ ᠣᠯᠠᠨ ᠤᠯᠤᠰ ᠤᠨ ᠬᠠᠮᠲᠤᠷᠠᠭᠰᠠᠨ ᠰᠤᠷᠭᠠᠯᠲᠠ᠂ ᠳᠠᠳᠤᠯᠭ᠎ᠠ ᠢᠢᠨ ᠦᠷ᠎ᠡ ᠥᠭ᠍ᠭᠦᠭᠡᠵᠢ ᠢᠢ ᠨᠡᠮᠡᠭᠳᠡᠭᠦᠯᠬᠦ ᠨᠢ ᠵᠡᠪᠰᠡᠭᠲᠦ ᠬᠦᠴᠦᠨ ᠦ ᠬᠥᠭ᠍ᠵᠢᠯ ᠳᠥ ᠦᠨᠡᠲᠡᠢ ᠬᠤᠪᠢ ᠨᠡᠮᠡᠷᠢ ᠪᠡᠨ ᠣᠷᠣᠭᠤᠯᠤᠨ᠎ᠠ᠃

 

ᠠᠯᠢᠪᠠ ᠤᠯᠤᠰ ᠣᠷᠣᠨ ᠤ ᠥᠪᠡᠷ ᠢ ᠪᠡᠨ ᠪᠠᠲᠤᠯᠠᠨ ᠬᠠᠮᠠᠭᠠᠯᠠᠬᠤ ᠠᠰᠠᠭᠤᠳᠠᠯ ᠨᠢ ᠨᠢᠭᠡ ᠲᠠᠯ᠎ᠠ ᠠᠴᠠ ᠣᠯᠠᠨ ᠤᠯᠤᠰ ᠤᠨ ᠡᠩᠬᠡ ᠢᠢᠨ ᠦᠢᠯᠡ ᠶᠠᠪᠤᠴᠠ᠂ ᠠᠶᠤᠯ ᠦᠭᠡᠢ ᠪᠠᠢᠢᠳᠠᠯ ᠢ ᠬᠠᠩᠭ᠋ᠠᠬᠤ ᠳᠤ ᠬᠤᠪᠢ ᠨᠡᠮᠡᠷᠢ ᠪᠡᠨ ᠤᠷᠤᠭᠤᠯᠬᠤ᠂ ᠨᠥᠭᠥᠭᠡ ᠲᠠᠯ᠎ᠠ ᠠᠴᠠ ᠥᠪᠡᠷ ᠦᠨ ᠣᠷᠣᠨ ᠤ ᠠᠶᠤᠯ ᠦᠭᠡᠢ ᠪᠠᠢᠢᠳᠠᠯ ᠢ ᠪᠠᠲᠤᠯᠠᠭᠠᠵᠢᠭᠤᠯᠬᠤ᠂ ᠵᠡᠪᠰᠡᠭᠲᠦ ᠬᠦᠴᠦᠨ ᠦ ᠴᠢᠳᠠᠪᠬᠢ ᠢᠢ ᠨᠡᠮᠡᠭᠳᠡᠭᠦᠯᠬᠦ ᠭᠡᠵᠦ ᠦᠵᠡᠵᠦ ᠪᠠᠢᠢᠨ᠎ᠠ᠃

 

ᠮᠢᠨᠦ ᠪᠡᠶ᠎ᠡ ᠵᠡᠪᠰᠡᠭᠲᠦ ᠬᠦᠴᠦᠨ ᠦ ᠶᠡᠷᠦᠩᠬᠡᠢ ᠺᠣᠮᠠᠨ᠋ᠳ᠋ᠯᠠᠭᠴᠢ ᠢᠢᠨ ᠬᠤᠪᠢ ᠳᠤ ᠲᠥᠷᠥ ᠢᠢᠨ ᠴᠡᠷᠢᠭ ᠦᠨ ᠪᠠᠢᠢᠭᠤᠯᠤᠯᠭ᠎ᠠ ᠢᠢᠨ ᠡᠷᠬᠡ ᠵᠦᠢ ᠢᠢᠨ ᠣᠷᠴᠢᠨ ᠢ ᠪᠣᠯᠪᠠᠰᠤᠷᠠᠩᠭ᠋ᠤᠢ ᠪᠣᠯᠭᠠᠬᠤ᠂ ᠮᠡᠷᠭᠡᠵᠢᠯ ᠦᠨ ᠴᠡᠷᠢᠭ ᠲᠥ ᠰᠠᠭᠤᠷᠢᠯᠠᠭᠰᠠᠨ ᠴᠢᠳᠠᠪᠤᠷᠢᠯᠢᠭ᠋ ᠵᠡᠪᠰᠡᠭᠲᠦ ᠬᠦᠴᠦᠨ ᠢ ᠪᠠᠢᠢᠭᠤᠯᠵᠤ᠂ ᠪᠡᠬᠢᠵᠢᠭᠦᠯᠬᠦ ᠲᠥᠷᠥ ᠢᠢᠨ ᠪᠣᠳᠣᠯᠭ᠎ᠠ ᠢᠢ ᠬᠡᠷᠡᠭᠵᠢᠭᠦᠯᠬᠦ᠂ ᠵᠡᠪᠰᠡᠭᠲᠦ ᠬᠦᠴᠦᠨ ᠦ ᠴᠢᠳᠠᠪᠬᠢ ᠢᠢ ᠨᠡᠮᠡᠭᠳᠡᠭᠦᠯᠬᠦ ᠳᠥ ᠣᠨᠴᠠᠭᠠᠢ ᠠᠩᠬᠠᠷᠴᠤ᠂ ᠤᠯᠤᠰ ᠤᠨ ᠶᠡᠬᠡ ᠬᠤᠷᠠᠯ᠂ ᠵᠠᠰᠠᠭ ᠤᠨ ᠭᠠᠵᠠᠷ᠂ ᠲᠥᠷᠥ ᠢᠢᠨ ᠪᠤᠰᠤᠳ ᠪᠠᠢᠢᠭᠤᠯᠤᠯᠭ᠎ᠠ ᠨᠤᠭᠤᠳ ᠲᠠᠢ ᠬᠠᠮᠲᠤᠷᠠᠨ ᠠᠵᠢᠯᠯᠠᠵᠤ ᠪᠠᠢᠢᠨ᠎ᠠ᠃

 

ᠴᠡᠷᠢᠭ ᠦᠨ ᠠᠶᠤᠯ ᠦᠭᠡᠢ ᠪᠠᠢᠢᠳᠠᠯ ᠤᠨ ᠰᠢᠨ᠎ᠡ ᠣᠷᠴᠢᠨ᠂ ᠪᠠᠲᠤᠯᠠᠨ ᠬᠠᠮᠠᠭᠠᠯᠠᠬᠤ ᠰᠠᠯᠪᠤᠷᠢ ᠢᠢᠨ ᠬᠠᠤᠯᠢ ᠲᠣᠭᠲᠠᠭᠠᠮᠵᠢ ᠳᠤ ᠨᠡᠢᠢᠴᠡᠭᠦᠯᠦᠨ ᠵᠡᠪᠰᠡᠭᠲᠦ ᠬᠦᠴᠦᠨ ᠦ ᠪᠠᠢᠢᠭᠤᠯᠤᠯᠲᠠ ᠢᠢᠨ ᠲᠥᠯᠥᠪᠯᠡᠯᠲᠡ᠂ ᠵᠣᠬᠢᠶᠠᠨ ᠪᠠᠢᠢᠭᠤᠯᠤᠯᠲᠠ ᠢᠢ ᠰᠢᠨᠡᠴᠢᠯᠡᠬᠦ ᠢᠢ ᠴᠠᠭ ᠦᠶ᠎ᠡ ᠱᠠᠭᠠᠷᠳᠠᠵᠤ ᠪᠠᠢᠢᠨ᠎ᠠ᠃

 

ᠵᠡᠪᠰᠡᠭᠲᠦ ᠬᠦᠴᠦᠨ ᠢ ᠲᠠᠢᠢᠪᠤᠩ ᠪᠠ ᠳᠠᠢᠢᠨ ᠤ ᠪᠠᠢᠢᠳᠠᠯ ᠤᠨ ᠦᠶ᠎ᠡ ᠳᠥ ᠠᠰᠢᠭᠯᠠᠬᠤ ᠠᠷᠭ᠎ᠠ ᠵᠠᠮ᠂ ᠦᠵᠡᠯ ᠪᠠᠷᠢᠮᠲᠠᠯᠠᠯ ᠢ ᠲᠣᠳᠣᠷᠬᠠᠢᠢᠯᠠᠭᠰᠠᠨ 《ᠮᠣᠩᠭ᠋ᠣᠯ ᠤᠯᠤᠰ ᠤᠨ ᠲᠥᠷᠥ ᠢᠢᠨ ᠴᠡᠷᠢᠭ ᠦᠨ ᠨᠣᠮᠯᠠᠯ》 ᠪᠣᠯᠤᠨ 《ᠴᠡᠷᠢᠭ ᠦᠨ ᠴᠣᠯᠠ ᠣᠯᠭᠣᠬᠤ ᠵᠢᠷᠤᠮ》 ᠵᠡᠷᠭᠡ ᠪᠠᠷᠢᠮᠲᠠ ᠪᠢᠴᠢᠭ᠌ ᠦᠳ ᠨᠠᠳᠠ ᠪᠠᠷ ᠪᠠᠲᠤᠯᠠᠭᠳᠠᠬᠤ ᠳᠤ ᠪᠡᠯᠡᠨ ᠪᠣᠯᠤᠭᠠᠳ ᠪᠠᠢᠢᠨ᠎ᠠ᠃

 

《ᠮᠣᠩᠭ᠋ᠣᠯ ᠤᠯᠤᠰ ᠤᠨ ᠲᠥᠷᠥ ᠢᠢᠨ ᠴᠡᠷᠢᠭ ᠦᠨ ᠨᠣᠮᠯᠠᠯ》 ᠍ ᠲᠠᠢ ᠤᠶᠠᠯᠳᠤᠭᠤᠯᠤᠨ ᠵᠡᠪᠰᠡᠭᠲᠦ ᠬᠦᠴᠦᠨ ᠦ ᠰᠲ᠋ᠷᠠᠲ᠋ᠧᠭᠢ ᠢᠢᠨ ᠲᠥᠯᠥᠪᠯᠡᠯᠲᠡ ᠢᠢᠨ ᠪᠠᠷᠢᠮᠲᠠ ᠪᠢᠴᠢᠭ᠌ ᠦᠳ᠂ ᠴᠡᠷᠢᠭ ᠦᠨ ᠨᠡᠢᠢᠲᠡᠯᠢᠭ ᠳᠦᠷᠢᠮ ᠦᠳ ᠵᠡᠷᠭᠡ ᠵᠡᠪᠰᠡᠭᠲᠦ ᠬᠦᠴᠦᠨ ᠦ ᠨᠡᠩ ᠴᠢᠬᠤᠯᠠ ᠪᠠᠷᠢᠮᠲᠠ ᠪᠢᠴᠢᠭ᠌ ᠦᠳ ᠢ ᠪᠣᠯᠪᠠᠰᠤᠷᠠᠭᠤᠯᠵᠤ᠂ ᠪᠠᠲᠤᠯᠠᠭᠠᠵᠢᠭᠤᠯᠬᠤ ᠠᠵᠢᠯ ᠢ ᠪᠣᠭᠣᠨᠢ ᠬᠤᠭᠤᠴᠠᠭᠠᠨ ᠳᠤ ᠵᠣᠬᠢᠶᠠᠨ ᠪᠠᠢᠢᠭᠤᠯᠬᠤ ᠡᠭᠦᠷᠭᠡ ᠪᠠᠲᠤᠯᠠᠨ ᠬᠠᠮᠠᠭᠠᠯᠠᠬᠤ ᠶᠠᠮᠤ᠂ ᠵᠡᠪᠰᠡᠭᠲᠦ ᠬᠦᠴᠦᠨ ᠦ ᠵᠠᠩᠵᠤᠨ ᠱᠲ᠋ᠠᠪ ᠤᠨ ᠡᠮᠦᠨ᠎ᠡ ᠲᠠᠯᠪᠢᠭᠳᠠᠵᠤ ᠪᠠᠢᠢᠨ᠎ᠠ᠃

 

ᠲᠡᠭᠦᠨᠴᠢᠯᠡᠨ 《ᠲᠥᠷᠥ ᠢᠢᠨ ᠴᠡᠷᠢᠭ ᠦᠨ ᠪᠠᠢᠢᠭᠤᠯᠤᠯ ᠤᠨ ᠬᠥᠭ᠍ᠵᠢᠯ ᠦᠨ ᠰᠲ᠋ᠷᠠᠲ᠋ᠧᠭᠢ-2030》᠂ 《ᠵᠡᠪᠰᠡᠭᠲᠦ ᠬᠦᠴᠦᠨ ᠦ ᠪᠠᠢᠢᠭᠤᠯᠤᠯᠲᠠ ᠢᠢ 2016-2020 ᠣᠨ ᠳᠤ ᠬᠥᠭ᠍ᠵᠢᠭᠦᠯᠬᠦ ᠬᠥᠲᠥᠯᠪᠦᠷᠢ》 ᠵᠡᠷᠭᠡ ᠲᠥᠰᠥᠯ᠂ ᠬᠥᠲᠥᠯᠪᠦᠷᠢ ᠢᠢ ᠬᠡᠷᠡᠭᠵᠢᠭᠦᠯᠵᠦ᠂ ᠵᠡᠪᠰᠡᠭᠲᠦ ᠬᠦᠴᠦᠨ ᠦ ᠴᠢᠳᠠᠪᠬᠢ ᠢᠢ ᠨᠡᠮᠡᠭᠳᠡᠭᠦᠯᠬᠦ ᠠᠰᠠᠭᠤᠳᠠᠯ ᠢ ᠲᠠ ᠪᠢᠳᠡ ᠠᠩᠬᠠᠷᠤᠯ ᠤᠨ ᠢᠶᠠᠨ ᠭᠠᠳᠠᠨ᠎ᠠ ᠣᠷᠬᠢᠵᠤ ᠪᠣᠯᠬᠤ ᠦᠭᠡᠢ ᠶᠤᠮ᠃

 

ᠤᠯᠤᠰ ᠣᠷᠣᠨ ᠢᠶᠠᠨ ᠬᠥᠭ᠍ᠵᠢᠭᠦᠯᠬᠦ ᠪᠦᠲᠦᠭᠡᠨ ᠪᠠᠢᠢᠭᠤᠯᠤᠯᠲᠠ ᠢᠢᠨ ᠠᠵᠢᠯ ᠳᠤ ᠵᠡᠪᠰᠡᠭᠲᠦ ᠬᠦᠴᠦᠨ ᠤᠷᠤᠯᠴᠠᠬᠤ ᠨᠢ ᠤᠯᠤᠰ ᠣᠷᠣᠨ᠂ ᠵᠡᠪᠰᠡᠭᠲᠦ ᠬᠦᠴᠦᠨ ᠦ ᠬᠥᠭ᠍ᠵᠢᠯ ᠳᠥ ᠲᠦᠯᠬᠢᠴᠡ ᠥᠭ᠍ᠬᠦ ᠡᠴᠡ ᠭᠠᠳᠠᠨ᠎ᠠ ᠵᠠᠯᠠᠭᠤᠴᠤᠳ ᠢ ᠴᠡᠷᠢᠭ ᠦᠨ ᠠᠯᠪᠠ ᠬᠠᠭᠠᠬᠤ ᠬᠤᠭᠤᠴᠠᠭᠠᠨ ᠳᠤ ᠪᠠᠨ ᠠᠵᠢᠯ᠂ ᠮᠡᠷᠭᠡᠵᠢᠯ ᠳᠥ ᠰᠤᠷᠤᠯᠴᠠᠵᠤ᠂ ᠣᠷᠣᠯᠭ᠎ᠠ ᠣᠯᠵᠤ᠂ ᠬᠤᠷᠠᠮᠳᠤᠯᠠᠯ ᠲᠠᠢ ᠪᠣᠯᠬᠤ ᠳᠤ ᠴᠢᠭᠯᠡᠭᠰᠡᠨ ᠴᠢᠬᠤᠯᠠ ᠠᠷᠭ᠎ᠠ ᠬᠡᠮᠵᠢᠶ᠎ᠡ ᠶᠤᠮ᠃ ᠲᠡᠢᠢᠮᠦ ᠡᠴᠡ ᠮᠢᠨᠦ ᠪᠡᠶ᠎ᠡ 《ᠵᠡᠪᠰᠡᠭᠲᠦ ᠬᠦᠴᠦᠨ ᠦ ᠪᠡᠶ᠎ᠡ ᠪᠦᠷᠢᠯᠳᠦᠬᠦᠨ᠂ ᠲᠧᠭᠨᠢᠭ᠂ ᠬᠡᠷᠡᠭᠰᠡᠯ ᠢ ᠤᠯᠤᠰ ᠣᠷᠣᠨ ᠤ ᠪᠦᠲᠦᠭᠡᠨ ᠪᠠᠢᠢᠭᠤᠯᠤᠯᠲᠠ ᠢᠢᠨ ᠠᠵᠢᠯ ᠳᠤ ᠣᠷᠤᠯᠴᠠᠭᠤᠯᠬᠤ ᠵᠢᠷᠤᠮ》 ᠍ ᠢ ᠡᠨᠡ ᠣᠨ ᠳᠤ ᠰᠢᠨᠡᠴᠢᠯᠡᠨ ᠪᠠᠲᠤᠯᠠᠭᠰᠠᠨ᠃

 

ᠳᠣᠷᠣᠨᠠᠭᠣᠪᠢ ᠠᠢᠢᠮᠠᠭ ᠤᠨ ᠠᠯᠲᠠᠨᠰᠢᠷᠡᠭᠡ ᠰᠤᠮᠤ ᠢᠢᠨ ᠨᠤᠲᠤᠭ ᠲᠤ ᠪᠠᠢᠢᠭᠤᠯᠤᠭᠳᠠᠬᠤ 《ᠭᠠᠵᠠᠷ ᠤᠨ ᠲᠣᠰᠣ ᠪᠣᠯᠪᠠᠰᠤᠷᠠᠭᠤᠯᠬᠤ ᠦᠢᠯᠡᠳᠪᠦᠷᠢ》 ᠍ ᠢ ᠰᠠᠢᠢᠨᠱᠠᠩᠳᠠ ᠬᠣᠲᠠ ᠲᠠᠢ ᠬᠤᠯᠪᠤᠬᠤ ᠬᠦᠨᠳᠦ ᠳᠠᠭᠠᠭᠠᠴᠠ ᠢᠢᠨ ᠠᠦ᠋ᠲ᠋ᠣ᠋ ᠵᠠᠮ ᠤᠨ ᠠᠵᠢᠯ ᠢ ᠵᠡᠪᠰᠡᠭᠲᠦ ᠬᠦᠴᠦᠨ ᠦ ᠵᠠᠮ ᠤᠨ ᠬᠡᠭᠡᠷ᠎ᠡ ᠢᠢᠨ ᠠᠩᠭᠢ ᠭᠦᠢᠴᠡᠳᠭᠡᠵᠦ ᠪᠠᠢᠢᠭ᠎ᠠ ᠨᠢ ᠤᠯᠤᠰ ᠣᠷᠣᠨ ᠤ ᠪᠠᠨ ᠬᠥᠭ᠍ᠵᠢᠯ ᠳᠥ ᠣᠷᠣᠭᠤᠯᠵᠤ ᠪᠠᠢᠢᠭ᠎ᠠ ᠲᠣᠮᠣᠬᠠᠨ ᠬᠤᠪᠢ ᠨᠡᠮᠡᠷᠢ ᠭᠡᠵᠦ ᠦᠵᠡᠵᠦ ᠪᠠᠢᠢᠨ᠎ᠠ᠃ ᠴᠢᠨᠠᠭᠰᠢᠳᠠ ᠵᠡᠪᠰᠡᠭᠲᠦ ᠬᠦᠴᠦᠨ ᠦ ᠠᠩᠭᠢ᠂ ᠰᠠᠯᠪᠠᠷ ᠤᠳ ᠤᠯᠤᠰ ᠣᠷᠣᠨ ᠢᠶᠠᠨ ᠬᠥᠭ᠍ᠵᠢᠭᠦᠯᠬᠦ ᠪᠦᠲᠦᠭᠡᠨ ᠪᠠᠢᠢᠭᠤᠯᠤᠯᠲᠠ ᠢᠢᠨ ᠠᠵᠢᠯ ᠳᠤ ᠢᠳᠡᠪᠬᠢᠲᠡᠢ ᠣᠷᠣᠯᠴᠠᠨ᠎ᠠ ᠭᠡᠳᠡᠭ ᠲᠥ ᠢᠲᠡᠭᠡᠵᠦ ᠪᠠᠢᠢᠨ᠎ᠠ᠃

 

ᠮᠣᠩᠭ᠋ᠣᠯ ᠤᠯᠤᠰ ᠤᠨ ᠵᠡᠪᠰᠡᠭᠲᠦ ᠬᠦᠴᠦᠨ ᠵᠠᠯᠠᠭᠤᠴᠤᠳ ᠢ ᠡᠬᠡ ᠣᠷᠣᠨᠴᠢ᠂ ᠦᠨᠳᠦᠰᠦᠨ ᠦ ᠦᠵᠡᠯ ᠢᠶᠡᠷ ᠬᠦᠮᠦᠵᠢᠭᠦᠯᠬᠦ᠂ ᠡᠬᠡ ᠣᠷᠣᠨ ᠢᠶᠠᠨ ᠪᠠᠲᠤᠯᠠᠨ ᠬᠠᠮᠠᠭᠠᠯᠠᠬᠤ ᠮᠡᠳᠡᠯᠭᠡ ᠪᠣᠯᠪᠠᠰᠤᠷᠠᠯ᠂ ᠪᠡᠶ᠎ᠡ ᠪᠢᠯᠳᠠᠷ᠂ ᠰᠡᠳᠬᠢᠯ ᠵᠦᠢ ᠢᠢᠨ ᠬᠤᠪᠢ ᠳᠤ ᠲᠥᠯᠦᠪᠰᠢᠭᠦᠯᠬᠦ 《ᠣᠶᠤᠲᠠᠨ ᠴᠡᠷᠢᠭ》᠂ 《ᠵᠥᠪ ᠲᠡᠮᠡᠦᠯᠡᠯ-ᠡᠬᠡ ᠣᠷᠣᠨᠴᠢ ᠮᠠᠩᠯᠠᠢᠢᠯᠠᠯ》 ᠰᠤᠷᠭᠠᠯᠲᠠ ᠪᠣᠯᠤᠨ ᠪᠤᠰᠤᠳ ᠰᠠᠨᠠᠭᠠᠴᠢᠯᠠᠭ᠎ᠠ ᠢᠢ ᠳᠡᠮᠵᠢᠨ᠂ ᠢᠳᠡᠪᠬᠢᠲᠡᠢ ᠠᠵᠢᠯᠯᠠᠬᠤ ᠱᠠᠭᠠᠷᠳᠠᠯᠭ᠎ᠠ ᠲᠠᠢ ᠪᠠᠢᠢᠨ᠎ᠠ᠃

 

ᠮᠡᠷᠭᠡᠵᠢᠯ ᠦᠨ ᠴᠡᠷᠢᠭ ᠲᠥ ᠰᠠᠭᠤᠷᠢᠯᠠᠭᠰᠠᠨ ᠴᠢᠳᠠᠪᠤᠷᠢᠯᠢᠭ᠋ ᠵᠡᠪᠰᠡᠭᠲᠦ ᠬᠦᠴᠦᠨ ᠢ ᠪᠦᠷᠢᠳᠦᠭᠦᠯᠵᠦ᠂ ᠪᠡᠬᠢᠵᠢᠭᠦᠯᠬᠦ ᠲᠥᠷᠥ ᠢᠢᠨ ᠪᠣᠳᠣᠯᠭ᠎ᠠ ᠢᠢ ᠲᠠ ᠪᠢᠳᠡ ᠬᠠᠮᠲᠤᠷᠠᠨ ᠬᠡᠷᠡᠭᠵᠢᠭᠦᠯᠵᠦ ᠴᠢᠳᠠᠨ᠎ᠠ ᠭᠡᠳᠡᠭ ᠲᠥ ᠪᠢ ᠢᠲᠡᠭᠡᠯ ᠲᠡᠭᠦᠰ ᠪᠠᠢᠢᠨ᠎ᠠ᠃ ᠲᠠ ᠪᠦᠬᠦᠨ ᠦ ᠡᠬᠡ ᠣᠷᠣᠨᠴᠢ᠂ ᠪᠦᠲᠦᠭᠡᠯᠴᠢ ᠰᠠᠨᠠᠭᠠᠴᠢᠯᠠᠭ᠎ᠠ ᠢᠢ ᠳᠡᠮᠵᠢᠨ ᠠᠵᠢᠯᠯᠠᠬᠤ ᠪᠣᠯᠤᠨ᠎ᠠ᠃

 

ᠡᠬᠡ ᠣᠷᠣᠨ ᠳᠤ ᠪᠠᠨ ᠡᠷᠭᠦᠭ᠍ᠰᠡᠨ ᠲᠠᠩᠭ᠋ᠠᠷᠢᠭ ᠲᠤ ᠪᠠᠨ ᠦᠨᠡᠨᠴᠢ ᠪᠠᠢᠢᠵᠤ᠂ ᠰᠠᠬᠢᠯᠭ᠎ᠠ᠂ ᠵᠣᠬᠢᠶᠠᠨ ᠪᠠᠢᠢᠭᠤᠯᠤᠯᠲᠠ ᠪᠠᠨ ᠪᠡᠬᠢᠵᠢᠭᠦᠯᠦᠨ᠂ ᠲᠥᠷᠥ ᠢᠢᠨ ᠴᠡᠷᠢᠭ ᠦᠨ ᠪᠣᠳᠣᠯᠭ᠎ᠠ ᠢᠢ ᠬᠡᠷᠡᠭᠵᠢᠭᠦᠯᠬᠦ ᠢᠢᠨ ᠲᠥᠯᠥᠭᠡ ᠲᠤᠭᠤᠰᠢᠲᠠᠢ ᠵᠢᠳᠬᠦᠬᠦ ᠢᠢ ᠮᠣᠩᠭ᠋ᠣᠯ ᠤᠯᠤᠰ ᠤᠨ ᠶᠡᠷᠦᠩᠬᠡᠢᠢᠯᠡᠭᠴᠢ᠂ ᠵᠡᠪᠰᠡᠭᠲᠦ ᠬᠦᠴᠦᠨ ᠦ ᠶᠡᠷᠦᠩᠬᠡᠢ ᠺᠣᠮᠠᠨ᠋ᠳ᠋ᠯᠠᠭᠴᠢ ᠢᠢᠨ ᠬᠤᠪᠢ ᠳᠤ ᠤᠷᠢᠶᠠᠯᠠᠵᠤ᠂ ᠴᠢᠨᠠᠭᠰᠢᠳᠠ ᠢᠢᠨ ᠠᠯᠪᠠᠨ ᠳᠤ ᠲᠠᠨᠢ ᠶᠡᠬᠡ ᠠᠮᠵᠢᠯᠲᠠ᠂ ᠠᠮᠢᠳᠤᠷᠠᠯ ᠳᠤ ᠲᠠᠨᠢ ᠠᠵᠠ ᠵᠢᠷᠭᠠᠯ᠂ ᠡᠷᠡᠭᠦᠯ ᠡᠩᠬᠡ᠂ ᠰᠠᠢᠢᠨ ᠰᠠᠢᠢᠬᠠᠨ ᠪᠦᠬᠦᠨ ᠢ ᠬᠦᠰᠡᠨ ᠢᠷᠦᠭᠡᠶ᠎ᠡ᠃

 

ᠮᠣᠩᠭ᠋ᠣᠯ ᠲᠥᠷᠥ ᠢᠢᠨ ᠰᠦᠯᠳᠡ ᠢᠪᠡᠭᠡᠬᠦ ᠪᠣᠯᠲᠤᠭᠠᠢ》 ᠭᠡᠯ᠎ᠡ᠃

 

ᠮᠣᠩᠭ᠋ᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠦᠭᠡ ᠬᠡᠯᠡᠭᠰᠡᠨ ᠦ ᠪᠡᠨ ᠳᠠᠷᠠᠭ᠎ᠠ ᠮᠣᠩᠭ᠋ᠣᠯ ᠤᠯᠤᠰ ᠤᠨ ᠶᠡᠷᠦᠩᠬᠡᠢᠢᠯᠡᠭᠴᠢ ᠢᠢᠨ ᠲᠠᠮᠠᠭ᠎ᠠ ᠢᠢᠨ ᠭᠠᠵᠠᠷ ᠤᠨ ᠳᠠᠷᠤᠭ᠎ᠠ ᠵ ∙ ᠡᠩᠬᠡᠪᠣᠯᠤᠳ ᠤᠨ ᠬᠠᠮᠲᠤ ᠪᠠᠷ ᠵᠡᠪᠰᠡᠭᠲᠦ ᠬᠦᠴᠦᠨ ᠦ 311  ᠳᠦᠭᠡᠷ ᠠᠩᠭᠢ ᠪᠤᠶᠤ ᠵᠡᠪᠰᠡᠭᠲᠦ ᠬᠦᠴᠦᠨ ᠦ ᠰᠤᠷᠭᠠᠯᠲᠠ ᠢᠢᠨ ᠨᠢᠭᠡᠳᠦᠭᠰᠡᠨ ᠲᠥᠪ ᠦᠨ ᠦᠢᠯᠡ ᠠᠵᠢᠯᠯᠠᠭ᠎ᠠ ᠲᠠᠢ ᠲᠠᠨᠢᠯᠴᠠᠯ᠎ᠠ᠃

 

ᠵᠡᠪᠰᠡᠭᠲᠦ ᠬᠦᠴᠦᠨ ᠦ 311  ᠳᠦᠭᠡᠷ ᠠᠩᠬᠢ ᠢᠢᠨ ᠡᠩᠬᠡ ᠢᠢ ᠳᠡᠮᠵᠢᠬᠦ ᠠᠵᠢᠯᠯᠠᠭᠠᠨ ᠤ ᠰᠤᠷᠭᠠᠯᠲᠠ ᠢᠢᠨ ᠲᠥᠪ ᠨᠢ ᠨᠠᠲ᠋ᠣ‍ /North Atlantic Treaty Organization/ ᠢᠢᠨ ᠪᠣᠯᠪᠠᠰᠤᠷᠠᠯ᠂ ᠰᠤᠷᠭᠠᠯᠲᠠ ᠢᠢᠨ ᠲᠥᠪ ᠦᠳ ᠦᠨ ᠰᠦᠯᠵᠢᠶᠡᠨ ᠳᠥ ᠪᠠᠭᠲᠠᠳᠠᠭ ᠶᠤᠮ᠃ ᠡᠨᠡ ᠲᠥᠪ ᠦᠳ ᠲᠥ ᠴᠡᠷᠢᠭ᠂ ᠮᠡᠷᠭᠡᠵᠢᠯ ᠦᠨ ᠳᠠᠮᠵᠢᠶ᠎ᠠ᠂ ᠰᠧᠮᠢᠨᠠᠷ᠂ ᠪᠠᠭ᠎ᠠ ᠬᠤᠷᠠᠯ ᠶᠠᠪᠤᠭᠤᠯᠬᠤ ᠠᠴᠠ ᠭᠠᠳᠠᠨ᠎ᠠ ᠨᠠᠲ᠋ᠣ‍ ᠪᠣᠯᠤᠨ ᠨᠢᠭᠡᠳᠦᠭᠰᠡᠨ ᠦᠨᠳᠦᠰᠦᠨ ᠦ ᠪᠠᠢᠢᠭᠤᠯᠤᠯᠭ᠎ᠠ ᠤᠨ ᠡᠩᠬᠡ ᠢᠢ ᠳᠡᠮᠵᠢᠬᠦ ᠠᠵᠢᠯᠯᠠᠭᠠᠨ ᠳᠤ ᠣᠷᠤᠯᠴᠠᠭᠤᠯᠬᠤ ᠴᠡᠷᠢᠭ ᠦᠨ ᠪᠣᠯᠤᠨ ᠡᠩ ᠦᠨ ᠠᠯᠪᠠ ᠬᠠᠭᠠᠭᠴᠢ᠂ ᠴᠡᠷᠢᠭ ᠦᠨ ᠪᠠᠭ ᠤᠳ ᠲᠤ ᠵᠣᠷᠢᠭᠤᠯᠤᠭᠰᠠᠨ ᠬᠡᠭᠡᠷ᠎ᠡ ᠢᠢᠨ ᠪᠣᠯᠤᠨ ᠺᠣᠮᠠᠨ᠋ᠳ᠋ ᠱᠲ᠋ᠠᠪ ᠤᠨ ᠰᠤᠷᠭᠠᠭᠤᠯᠢ ᠨᠤᠭᠤᠳ ᠢ ᠵᠣᠬᠢᠶᠠᠨ ᠪᠠᠢᠢᠭᠤᠯᠳᠠᠭ ᠪᠠᠢᠢᠨ᠎ᠠ᠃