Та "Internet explorer"-ийн сүүлийн хувилбар болох "Microsoft edge"-г ашиглана уу

Хэрэв "Microsoft edge"-г татах бол энд дарж татаж авна уу

ᠮᠣᠩᠭᠣᠯ ᠤᠯᠤᠰ ᠤᠨ ᠶᠡᠷᠦᠩᠬᠡᠶᠢᠯᠡᠭᠴᠢ ᠬ ∙ ᠪᠠᠲᠤᠲᠤᠯᠭ᠎ᠠ 2019 ᠣᠨ ᠤ ᠨᠢᠭᠡᠳᠦᠭᠰᠡᠨ ᠲᠥᠰᠥᠪ ᠡᠴᠡ 15 ᠬᠤᠪᠢ ᠬᠡᠮᠨᠡᠵᠦ᠂ ᠭᠤᠷᠪᠠᠨ 《ᠠᠵᠤ ᠦᠢᠯᠡᠳᠪᠦᠷᠢ ᠶᠢᠨ ᠺᠣᠮᠪᠢᠨᠠᠲ》 ᠪᠠᠶᠢᠭᠤᠯᠬᠤ ᠲᠠᠯ᠎ᠠ ᠪᠠᠷ ᠤᠯᠤᠰ ᠤᠨ ᠶᠡᠬᠡ ᠬᠤᠷᠠᠯ ᠤᠨ ᠳᠠᠷᠤᠭ᠎ᠠ ᠳᠤ ᠠᠯᠪᠠᠨ ᠪᠢᠴᠢᠭ ᠬᠦᠷᠭᠡᠭᠦᠯᠪᠡ

ᠮᠣᠩᠭ᠋ᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ 2018 ᠣᠨ ᠤ ᠠᠷᠪᠠᠳᠤᠭᠠᠷ ᠰᠠᠷ᠎ᠠ ᠢᠢᠨ 16 ᠍ ᠤ ᠡᠳᠦᠷ ᠤᠯᠤᠰ ᠤᠨ ᠶᠡᠬᠡ ᠬᠤᠷᠠᠯ ᠤᠨ ᠳᠠᠷᠤᠭ᠎ᠠ ᠮ ∙ ᠡᠩᠬᠡᠪᠣᠯᠤᠳ ᠲᠤ 2019 ᠣᠨ ᠤ ᠲᠥᠰᠥᠪ ᠲᠥ ᠠᠩᠬᠠᠷᠤᠯ ᠬᠠᠨᠳᠤᠭᠤᠯᠵᠤ᠂ ᠠᠷᠭ᠎ᠠ ᠬᠡᠮᠵᠢᠶ᠎ᠡ ᠠᠪᠬᠤ ᠲᠤᠬᠠᠢ ᠠᠯᠪᠠᠨ ᠪᠢᠴᠢᠭ᠌ ᠢᠯᠡᠭᠡᠯ᠎ᠡ᠃

 

ᠮᠣᠩᠭ᠋ᠣᠯ ᠤᠯᠤᠰ ᠤᠨ 2019 ᠣᠨ ᠤ ᠲᠥᠰᠦᠪ ᠲᠥ ᠠᠩᠬᠠᠷᠤᠯ ᠬᠠᠨᠳᠤᠭᠤᠯᠵᠤ᠂ ᠠᠷᠭ᠎ᠠ ᠬᠡᠮᠵᠢᠶ᠎ᠡ ᠠᠪᠬᠤ ᠲᠤᠬᠠᠢ ᠠᠯᠪᠠᠨ ᠪᠢᠴᠢᠭ᠌ ᠲᠥ᠄

 

《ᠳᠡᠯᠡᠬᠡᠢ ᠨᠡᠢᠢᠲᠡ ᠢᠢ ᠬᠠᠮᠤᠷᠤᠭᠰᠠᠨ ᠰᠠᠩᠬᠦᠦ ᠢᠢᠨ ᠬᠢᠮᠤᠷᠠᠯ ᠡᠭᠦᠰᠴᠦ ᠪᠣᠯᠵᠣᠰᠢ ᠦᠭᠡᠢ ᠪᠠᠢᠢᠭ᠎ᠠ ᠢᠢ ᠣᠯᠠᠨ ᠤᠯᠤᠰ ᠲᠤ ᠬᠦᠯᠢᠶᠡᠨ ᠵᠥᠪᠰᠢᠶᠡᠷᠡᠭᠳᠡᠭᠰᠡᠨ ᠰᠠᠩᠬᠦᠦ ᠢᠢᠨ ᠰᠠᠯᠪᠤᠷᠢ ᠢᠢᠨ ᠲᠡᠷᠢᠭᠦᠯᠡᠬᠦ ᠮᠡᠷᠭᠡᠵᠢᠯᠲᠡᠨ ᠨᠦᠭᠦᠳ ᠪᠣᠯᠤᠨ ᠣᠯᠠᠨ ᠤᠯᠤᠰ ᠤᠨ ᠸᠠᠯᠦᠲ᠋ᠠ ᠢᠢᠨ ᠰᠠᠩ ᠤᠳᠠᠭ᠎ᠠ ᠳᠠᠷᠠᠭ᠎ᠠ ᠠᠩᠬᠠᠷᠤᠭᠤᠯᠵᠤ ᠪᠠᠢᠢᠭ᠎ᠠ ᠨᠥᠬᠥᠴᠡᠯ ᠳᠥ ᠮᠣᠩᠭ᠋ᠣᠯ ᠤᠯᠤᠰ ᠤᠨ ᠶᠡᠬᠡ ᠬᠤᠷᠠᠯ 2019 ᠣᠨ ᠤ ᠲᠥᠰᠦᠪ ᠢ ᠬᠡᠯᠡᠯᠴᠡᠵᠦ ᠪᠠᠢᠢᠨ᠎ᠠ᠃

 

ᠡᠨᠡ ᠤᠳᠠᠭ᠎ᠠ ᠢᠢᠨ ᠲᠥᠰᠥᠪ ᠦᠨ ᠲᠥᠰᠥᠯ ᠳᠥ ᠣᠯᠠᠨ ᠵᠢᠯ ᠳᠠᠪᠲᠠᠭᠳᠠᠵᠤ ᠪᠠᠢᠢᠭ᠎ᠠ 《ᠭᠡᠰᠢᠭᠦᠨ ᠦ ᠮᠥᠩᠭᠥ》 ᠍ ᠢ 5000 ᠳᠠᠬᠢᠨ ᠥᠰᠬᠡᠭ᠍ᠰᠡᠨ᠂ ᠵᠢᠷᠤᠭ ᠲᠥᠰᠥᠪᠭᠦᠢ 375 ᠪᠠᠷᠢᠯᠭ᠎ᠠ᠂ ᠪᠠᠢᠢᠭᠤᠯᠤᠮᠵᠢ ᠪᠠᠷᠢᠬᠤ ᠪᠠᠷ ᠲᠤᠰᠬᠠᠭᠰᠠᠨ᠂ ᠲᠥᠰᠥᠪ ᠦᠨ ᠣᠷᠣᠯᠭ᠎ᠠ ᠢᠢ ᠪᠡᠶᠡᠯᠡᠬᠦ ᠪᠡᠷ ᠦᠭᠡᠢ ᠬᠡᠢᠢᠰᠪᠦᠷᠢ ᠪᠡᠷ ᠲᠥᠯᠥᠪᠯᠡᠭᠰᠡᠨ᠂ ᠲᠥᠰᠥᠪ ᠦᠨ ᠪᠠᠢᠢᠭᠤᠯᠤᠯᠭ᠎ᠠ ᠨᠤᠭᠤᠳ ᠤᠨ ᠤᠷᠤᠰᠬᠠᠯ ᠵᠠᠷᠤᠳᠠᠯ ᠤᠳ ᠢ ᠨᠠᠷᠢᠨ ᠲᠣᠭᠠᠴᠠᠭᠠᠯᠠᠭ᠎ᠠ ᠦᠭᠡᠢ᠂ ᠬᠡᠲᠦ ᠦᠷᠡᠯᠭᠡᠨ ᠬᠠᠨᠳᠤᠭᠰᠠᠨ ᠵᠡᠷᠭᠡ ᠬᠠᠤᠯᠢ ᠳᠤ ᠨᠡᠢᠢᠴᠡᠭᠡ ᠦᠭᠡᠢ᠂ ᠬᠠᠤᠯᠢ ᠢᠢ ᠢᠯᠡᠳᠲᠡ ᠵᠥᠷᠢᠴᠡᠭᠰᠡᠨ᠂ ᠠᠩᠬᠠᠷᠴᠤ ᠵᠠᠰᠠᠵᠤ ᠵᠠᠯᠠᠷᠠᠭᠤᠯᠬᠤ ᠦᠭᠡᠢ ᠪᠡᠷ ᠪᠠᠲᠤᠯᠠᠪᠠᠯ ᠤᠯᠤᠰ ᠣᠷᠣᠨ ᠤ ᠡᠳ᠋ ᠍ ᠦᠨ ᠵᠠᠰᠠᠭ ᠢ ᠲᠤᠢᠢᠯ ᠳᠤ ᠨᠢ ᠬᠦᠷᠲᠡᠯ᠎ᠡ ᠳᠣᠷᠣᠢᠢᠲᠠᠭᠤᠯᠬᠤ ᠣᠯᠠᠨ ᠠᠰᠠᠭᠤᠳᠠᠯ ᠪᠠᠭᠲᠠᠭᠰᠠᠨ ᠪᠠᠢᠢᠭᠠᠳ ᠰᠠᠨᠠᠭ᠎ᠠ ᠵᠣᠪᠠᠨᠢᠵᠤ᠂ ᠬᠡᠳᠦᠢ ᠪᠡᠷ ᠤᠯᠤᠰ ᠤᠨ ᠶᠡᠬᠡ ᠬᠤᠷᠠᠯ ᠳᠤ ᠥᠪᠡᠷ ᠦᠨ ᠪᠠᠢᠢᠷᠢ ᠰᠠᠭᠤᠷᠢ ᠢᠢ ᠢᠯᠡᠷᠬᠡᠢᠢᠯᠡᠭᠰᠡᠨ ᠪᠣᠯᠪᠠᠴᠤ ᠠᠯᠳᠠᠭ᠎ᠠ ᠵᠠᠪᠬᠠᠷᠠᠯ ᠢ ᠠᠷᠢᠯᠭᠠᠨ᠂ ᠲᠥᠷᠥ ᠢᠢᠨ ᠪᠣᠳᠣᠯᠭ᠎ᠠ ᠢᠢ ᠵᠥᠪ ᠴᠢᠭᠯᠡᠭᠦᠯᠬᠦ ᠱᠠᠭᠠᠷᠳᠠᠯᠭ᠎ᠠ ᠢᠢᠨ ᠬᠦᠷᠢᠶᠡᠨ ᠳᠥ ᠳᠠᠬᠢᠨ ᠬᠠᠨᠳᠤᠬᠤ ᠠᠴᠠ ᠥᠭᠡᠷ᠎ᠡ ᠠᠷᠭ᠎ᠠ ᠦᠭᠡᠢ ᠳᠥ ᠬᠦᠷᠦᠯ᠎ᠡ᠃

 

ᠮᠣᠩᠭ᠋ᠣᠯ ᠤᠯᠤᠰ ᠤᠨ ᠵᠠᠰᠠᠭ ᠤᠨ ᠭᠠᠵᠠᠷ ᠠᠴᠠ ᠡᠷᠭᠦᠨ ᠮᠡᠳᠡᠭᠦᠯᠦᠭᠰᠡᠨ ᠲᠥᠰᠥᠪ ᠦᠨ ᠲᠥᠰᠥᠯ ᠢ ᠵᠥᠪᠬᠡᠨ ᠪᠢ ᠭᠠᠭᠴᠠᠭᠠᠷ ᠢᠶᠠᠨ ᠰᠢᠭᠦᠮᠵᠢᠯᠡᠭᠡ ᠦᠭᠡᠢ᠂ ᠨᠠᠳᠠ ᠠᠴᠠ ᠭᠠᠳᠠᠨ᠎ᠠ ᠡᠷᠳᠡᠮᠲᠡᠨ ᠰᠤᠳᠤᠯᠤᠭᠠᠴᠢᠳ᠂ ᠢᠷᠭᠡᠳ ᠣᠯᠠᠨ ᠨᠡᠢᠢᠲᠡ ᠪᠣᠯᠤᠨ ᠤᠯᠤᠰ ᠤᠨ ᠶᠡᠬᠡ ᠬᠤᠷᠠᠯ ᠤᠨ ᠭᠡᠰᠢᠭᠦᠳ ᠨᠠᠮ ᠬᠠᠷᠠᠭᠠᠯᠵᠠᠬᠤ ᠦᠭᠡᠢ ᠪᠡᠷ ᠰᠢᠭᠦᠮᠵᠢᠯᠡᠨ ᠡᠰᠡᠷᠭᠦᠴᠡᠵᠦ᠂ 2020 ᠣᠨ ᠤ ᠰᠣᠩᠭ᠋ᠣᠭᠤᠯᠢ ᠢᠢ ᠤᠭᠲᠤᠭᠰᠠᠨ ᠥᠴᠥᠬᠡᠨ᠂ ᠢᠪᠴᠤᠤ ᠡᠷᠬᠡ ᠠᠰᠢᠭ ᠲᠤ ᠬᠦᠯᠢᠭᠳᠡᠨ᠂ ᠤᠯᠤᠰ ᠣᠷᠣᠨ ᠤ ᠡᠳ᠋ ᠍ ᠦᠨ ᠵᠠᠰᠠᠭ ᠢᠶᠠᠷ ᠢᠩᠭᠢᠵᠦ ᠲᠣᠭᠯᠠᠵᠤ ᠪᠣᠯᠬᠤ ᠦᠭᠡᠢ ᠭᠡᠳᠡᠭ ᠢ ᠮᠠᠰᠢ ᠲᠣᠳᠣᠷᠬᠠᠢ ᠠᠩᠬᠠᠷᠤᠭᠤᠯᠵᠤ ᠪᠠᠢᠢᠭ᠎ᠠ ᠢᠢ ᠣᠨᠴᠠᠯᠠᠨ ᠲᠡᠮᠳᠡᠭᠯᠡᠬᠦ ᠨᠢ ᠵᠦᠢᠲᠡᠢ᠃

 

ᠮᠥᠨ ᠲᠠᠨ ᠤ ᠵᠦᠭ ᠡᠴᠡ ᠤᠯᠤᠰ ᠤᠨ ᠶᠡᠬᠡ ᠬᠤᠷᠠᠯ ᠤᠨ ᠲᠠᠮᠠᠭ᠎ᠠ ᠢᠢᠨ ᠭᠠᠵᠠᠷ ᠤᠨ ᠣᠷᠣᠨ ᠲᠣᠭ᠎ᠠ᠂ ᠵᠠᠷᠤᠳᠠᠯ ᠢ 10 ᠬᠤᠪᠢ ᠪᠠᠷ ᠪᠠᠭᠤᠷᠠᠭᠤᠯᠵᠤ ᠪᠠᠢᠢᠭ᠎ᠠ ᠪᠠᠨ ᠮᠡᠳᠡᠭᠳᠡᠵᠦ᠂ ᠡᠨᠡ ᠵᠢᠯ ᠦᠨ ᠲᠥᠰᠦᠪ ᠢ ᠬᠡᠯᠡᠯᠴᠡᠬᠦ ᠳᠥ ᠪᠡᠨ ᠲᠥᠷᠦ ᠢᠢᠨ ᠪᠦᠬᠦ ᠱᠠᠲᠤᠨ ᠤ ᠪᠠᠢᠢᠭᠤᠯᠤᠯᠭ᠎ᠠ ᠳᠤ ᠣᠷᠣᠨ ᠲᠣᠭ᠎ᠠ᠂ ᠵᠠᠷᠤᠳᠠᠯ ᠢᠶᠠᠨ 10 ᠬᠤᠪᠢ ᠪᠠᠷ ᠪᠠᠭᠤᠷᠠᠭᠤᠯᠬᠤ ᠪᠣᠳᠣᠯᠭ᠎ᠠ ᠪᠠᠷᠢᠮᠲᠠᠯᠠᠬᠤ ᠢᠢ ᠤᠷᠢᠶᠠᠯᠠᠭᠰᠠᠨ᠃ ᠮᠢᠨᠤ ᠪᠡᠶ᠎ᠡ ᠲᠠᠨ ᠤ ᠡᠨᠡᠬᠦ ᠤᠷᠢᠶᠠᠯᠭ᠎ᠠ ᠢᠢ ᠪᠥᠷᠢᠨ ᠳᠡᠮᠵᠢᠵᠦ ᠪᠠᠢᠢᠭ᠎ᠠ ᠪᠥᠭᠡᠳ ᠵᠢᠷᠤᠭ ᠲᠥᠰᠦᠪᠭᠦᠢ ᠬᠠᠤᠯᠢ ᠵᠥᠷᠢᠴᠡᠨ ᠲᠤᠰᠬᠠᠭᠳᠠᠭᠰᠠᠨ ᠪᠠᠷᠢᠯᠭ᠎ᠠ ᠪᠠᠢᠢᠭᠤᠯᠤᠮᠵᠢ ᠨᠤᠭᠤᠳ ᠢ ᠲᠥᠰᠦᠪ ᠡᠴᠡ ᠬᠠᠰᠤᠬᠤ᠂ ᠲᠥᠰᠦᠪ ᠦᠨ ᠪᠠᠢᠢᠭᠤᠯᠤᠯᠭ᠎ᠠ ᠨᠤᠭᠤᠳ ᠤᠨ ᠬᠡᠲᠦ ᠦᠷᠡᠯᠭᠡᠨ ᠤᠷᠤᠰᠬᠠᠯ ᠵᠠᠷᠤᠳᠠᠯ ᠤᠳ ᠢ ᠲᠠᠨᠤᠬᠤ᠂ ᠳᠡᠳ᠋ ᠰᠠᠢᠢᠳ᠂ ᠣᠷᠣᠯᠠᠭᠴᠢ ᠳᠠᠷᠤᠭ᠎ᠠ ᠭᠡᠬᠦ ᠮᠡᠲᠦ ᠴᠢᠭ ᠡᠭᠦᠷᠭᠡ ᠨᠢ ᠳᠠᠪᠬᠤᠷᠳᠠᠮᠠᠯ᠂ ᠡᠷᠬᠢᠯᠡᠬᠦ ᠠᠰᠠᠭᠤᠳᠠᠯ ᠨᠢ ᠲᠣᠳᠣᠷᠬᠠᠢ ᠦᠭᠡᠢ ᠠᠯᠪᠠᠨ ᠲᠤᠰᠢᠶᠠᠯ ᠤᠳ ᠢ ᠴᠣᠮᠬᠠᠳᠬᠠᠬᠤ ᠵᠡᠷᠭᠡ ᠠᠷᠭ᠎ᠠ ᠬᠡᠮᠵᠢᠶ᠎ᠡ ᠢᠢ ᠴᠣᠭᠴᠠ ᠪᠠᠷ ᠨᠢ ᠠᠪᠴᠤ᠂ ᠲᠥᠰᠦᠪ ᠦᠨ ᠵᠠᠷᠤᠳᠠᠯ ᠢ 15 ᠬᠤᠪᠢ ᠪᠠᠷ ᠬᠡᠮᠨᠡᠬᠦ ᠪᠣᠯᠤᠮᠵᠢ ᠪᠠᠢᠢᠭ᠎ᠠ ᠭᠡᠵᠦ ᠦᠵᠡᠵᠦ ᠪᠠᠢᠢᠨ᠎ᠠ᠃

 

ᠲᠠᠨ ᠤ ᠤᠷᠢᠶᠠᠯᠠᠭᠰᠠᠨ ᠤ ᠳᠠᠭᠠᠭᠤ ᠲᠥᠰᠦᠪ ᠦᠨ ᠵᠠᠷᠤᠳᠠᠯ ᠢ 10 ᠬᠤᠪᠢ ᠪᠠᠷ ᠪᠠᠭᠤᠷᠠᠭᠤᠯᠬᠤ ᠳᠤ 1 ᠶᠡᠬᠡ ᠨᠠᠶᠤᠳ ᠲᠥᠭᠦᠷᠢᠭ᠌ (ᠢᠷᠡᠬᠦ ᠣᠨ ᠳᠤ ᠨᠡᠮᠡᠬᠦ ᠪᠡᠷ ᠲᠥᠯᠦᠪᠯᠡᠭᠰᠡᠨ ᠴᠠᠯᠢᠩ ᠲᠡᠳᠬᠦᠪᠦᠷᠢ ᠢᠢᠨ ᠨᠡᠮᠡᠯᠲᠡ ᠢᠢ ᠬᠡᠪ ᠢᠶᠡᠷ ᠦᠯᠡᠳᠡᠭᠡᠭ᠍ᠰᠡᠨ ᠦ ᠳᠠᠷᠠᠭ᠎ᠠ)᠂ ᠵᠢᠷᠤᠭ ᠲᠥᠰᠦᠪᠭᠦᠢ ᠪᠠᠷᠢᠯᠭ᠎ᠠ᠂ ᠪᠠᠢᠢᠭᠤᠯᠤᠮᠵᠢ ᠨᠤᠭᠤᠳ ᠢ ᠬᠠᠰᠤᠭᠰᠠᠨ ᠢᠶᠠᠷ 400 ᠭᠠᠷᠤᠢ ᠲᠡᠷᠪᠤᠮ ᠲᠥᠭᠦᠷᠢᠭ᠌᠂ ᠨᠡᠢᠢᠲᠡ 1.4 ᠶᠡᠬᠡ ᠨᠠᠶᠤᠳ ᠣᠷᠴᠢᠮ ᠲᠥᠭᠦᠷᠢᠭ᠌ ᠪᠤᠶᠤ ᠥᠨᠥᠳᠥᠷ ᠦᠨ ᠬᠠᠩᠰᠢ ᠪᠠᠷ 500 ᠭᠠᠷᠤᠢ ᠰᠠᠶ᠎ᠠ ᠠᠮ‍.ᠳ᠋ᠣᠯᠯᠠᠷ ᠬᠡᠮᠨᠡᠭᠳᠡᠬᠦ ᠪᠡᠷ ᠪᠠᠢᠢᠨ᠎ᠠ᠃

 

ᠡᠢᠢᠮᠦ ᠳᠥ ᠤᠯᠤᠰ ᠤᠨ ᠶᠡᠬᠡ ᠬᠤᠷᠠᠯ ᠤᠨ ᠳᠠᠷᠤᠭ᠎ᠠ ᠲᠠᠨ ᠠᠴᠠ ᠥᠪᠡᠷ ᠦᠨ ᠤᠷᠢᠶᠠᠯᠭ᠎ᠠ ᠢᠢ ᠲᠥᠷᠦ ᠢᠢᠨ ᠪᠣᠳᠣᠯᠭ᠎ᠠ ᠳᠤ ᠲᠤᠰᠬᠠᠭᠤᠯᠤᠨ᠂ ᠪᠣᠳᠠᠲᠤ ᠰᠢᠢᠳᠪᠦᠷᠢ ᠪᠣᠯᠭᠠᠬᠤ ᠢᠢᠨ ᠲᠥᠯᠦᠭᠡ ᠲᠤᠭᠤᠰᠢᠲᠠᠢ ᠠᠵᠢᠯᠯᠠᠵᠤ᠂ ᠳᠡᠭᠡᠷ᠎ᠡ ᠳᠤᠷᠠᠳᠤᠭᠰᠠᠨ ᠬᠡᠮᠵᠢᠶᠡᠨ ᠦ ᠲᠥᠰᠦᠪ ᠦᠨ ᠬᠡᠮᠨᠡᠯᠲᠡ ᠢᠢ ᠪᠤᠢ ᠪᠣᠯᠭᠠᠬᠤ ᠳᠤ ᠣᠨᠴᠠᠭᠠᠢ ᠠᠩᠬᠠᠷᠬᠤ ᠢᠢ ᠬᠦᠰᠡᠵᠦ ᠪᠠᠢᠢᠨ᠎ᠠ᠃

 

ᠮᠣᠩᠭ᠋ᠣᠯ ᠤᠯᠤᠰ ᠤᠨ ᠡᠳ᠋ ᠍ ᠦᠨ ᠵᠠᠰᠠᠭ ᠤᠨ ᠲᠤᠰᠠᠭᠠᠷ ᠲᠣᠭᠲᠠᠨᠢᠯ᠂ ᠬᠠᠷᠠᠭᠠᠲᠤ ᠪᠤᠰᠤ᠂ ᠪᠡᠶ᠎ᠡ ᠳᠠᠭᠠᠭᠰᠠᠨ ᠬᠥᠭ᠍ᠵᠢᠯ ᠢ ᠪᠡᠬᠢᠵᠢᠭᠦᠯᠬᠦ ᠳᠥ ᠠᠭᠤᠯᠠ ᠠᠭᠤᠷᠬᠠᠢ ᠢᠢᠨ ᠪᠤᠰᠤ ᠡᠺᠰᠫᠣᠷᠲ ᠤᠨ ᠦᠢᠯᠡᠳᠪᠦᠷᠢ ᠨᠦᠭᠦᠳ ᠢ ᠳᠡᠮᠵᠢᠨ ᠬᠥᠭ᠍ᠵᠢᠭᠦᠯᠬᠦ ᠠᠰᠠᠭᠤᠳᠠᠯ ᠵᠦᠢ ᠶᠣᠰᠣᠨ ᠤ ᠱᠠᠭᠠᠷᠳᠠᠯᠭ᠎ᠠ ᠪᠣᠯᠤᠨ ᠨᠡᠩ ᠲᠡᠷᠢᠭᠦᠨ ᠳᠥ ᠲᠠᠯᠪᠢᠭᠳᠠᠵᠤ ᠪᠠᠢᠢᠭ᠎ᠠ᠃ 1990 ᠣᠨ ᠠᠴᠠ ᠡᠮᠦᠨ᠎ᠡ ᠮᠠᠨ ᠤ ᠤᠯᠤᠰ ᠤᠨ ᠮᠠᠯ ᠤᠨ ᠲᠣᠭ᠎ᠠ 25 ᠰᠠᠶ᠎ᠠ ᠪᠠᠢᠢᠬᠤ ᠳᠤ ᠨᠢᠭᠡ ᠠᠵᠤ ᠦᠢᠯᠡᠳᠪᠦᠷᠢ ᠢᠢᠨ ᠺᠣᠮᠪᠢᠨᠠᠲ ᠲᠠᠢ ᠪᠠᠢᠢᠯ᠎ᠠ᠃ ᠥᠨᠥᠳᠥᠷ ᠮᠠᠯ ᠤᠨ ᠲᠣᠭ᠎ᠠ 80 ᠰᠠᠶ᠎ᠠ ᠭᠠᠷᠤᠭᠰᠠᠨ ᠲᠤᠯᠠ ᠬᠠᠮᠤᠭ ᠤᠨ ᠪᠠᠭ᠎ᠠ ᠳᠤ ᠪᠠᠨ ᠭᠤᠷᠪᠠᠨ ᠠᠵᠤ ᠦᠢᠯᠡᠳᠪᠦᠷᠢ ᠢᠢᠨ ᠺᠣᠮᠪᠢᠨᠠᠲ ᠲᠠᠢ ᠪᠣᠯᠬᠤ ᠱᠠᠭᠠᠷᠳᠠᠯᠭ᠎ᠠ ᠲᠠᠢ᠃ 160 ᠭᠠᠷᠤᠢ ᠮᠢᠩᠭ᠋ᠠᠨ ᠠᠵᠢᠯᠰᠠᠭ ᠮᠠᠯᠴᠢᠨ ᠡᠷᠦᠬᠡ ᠢᠢᠨ ᠵᠢᠯ ᠪᠦᠷᠢ ᠦᠢᠯᠡᠳᠪᠦᠷᠢᠯᠡᠳᠡᠭ 《ᠤᠷᠭᠤᠳᠠᠭ ᠪᠠᠶᠠᠯᠢᠭ》 ᠪᠣᠯᠬᠤ ᠮᠠᠯ ᠠᠵᠤ ᠠᠬᠤᠢ ᠢᠢᠨ ᠭᠠᠷᠤᠯ ᠲᠠᠢ ᠲᠦᠭᠦᠬᠡᠢ ᠡᠳ᠋ ᠍ ᠢᠶᠡᠨ ᠪᠣᠯᠪᠠᠰᠤᠷᠠᠭᠤᠯᠵᠤ᠂ ᠡᠺᠰᠫᠣᠷᠲᠯᠠᠬᠤ ᠦᠢᠯᠡᠳᠪᠦᠷᠢ ᠢᠢ ᠠᠢᠢᠮᠠᠭ ᠪᠦᠷᠢ ᠳᠥ ᠪᠠᠷᠢᠵᠤ ᠪᠠᠢᠢᠭᠤᠯᠤᠭᠰᠠᠨ ᠢᠶᠠᠷ ᠡᠳ᠋ ᠍ ᠦᠨ ᠵᠠᠰᠠᠭ ᠲᠤ ᠪᠠᠨ ᠦᠰᠦᠷᠦᠩᠭᠦᠢ ᠬᠥᠭ᠍ᠵᠢᠯ ᠠᠪᠴᠤ ᠢᠷᠡᠵᠦ᠂ ᠠᠵᠢᠯ ᠤᠨ ᠪᠠᠢᠢᠷᠢᠨ ᠤ ᠲᠣᠭ᠎ᠠ ᠢᠢ ᠣᠭᠴᠣᠮ ᠨᠡᠮᠡᠵᠦ᠂ ᠡᠳ᠋ ᠍ ᠦᠨ ᠵᠠᠰᠠᠭ ᠤᠨ ᠲᠤᠰᠠᠭᠠᠷ ᠲᠣᠭᠲᠠᠨᠢᠯ ᠢᠶᠠᠨ ᠪᠡᠬᠢᠵᠢᠭᠦᠯᠬᠦ ᠴᠢᠭᠯᠡᠯ ᠢᠶᠡᠷ ᠲᠣᠳᠣᠷᠬᠠᠢ ᠠᠮᠵᠢᠯᠲᠠ ᠳᠤ ᠬᠦᠷᠦᠨ᠎ᠡ᠃ ᠬᠥᠳᠡᠭᠡ ᠠᠵᠤ ᠠᠬᠤᠢ ᠢᠢᠨ ᠡᠺᠰᠫᠣᠷᠲ ᠲᠠᠢ ᠬᠠᠷᠢᠴᠠᠭᠤᠯᠬᠤ ᠳᠤ ᠠᠭᠤᠯᠠ ᠠᠭᠤᠷᠬᠠᠢ ᠢᠢᠨ ᠡᠺᠰᠫᠣᠷᠲ ᠨᠢ 《ᠤᠬᠤᠳᠠᠭ᠂ ᠰᠢᠪᠬᠠᠭᠳᠠᠳᠠᠭ ᠪᠠᠶᠠᠯᠢᠭ》 ᠤᠴᠢᠷ ᠠᠴᠠ ᠲᠣᠭᠲᠠᠪᠤᠷᠢᠲᠠᠢ ᠬᠥᠭ᠍ᠵᠢᠯ᠂ ᠲᠣᠭᠲᠠᠪᠤᠷᠢᠲᠠᠢ ᠤᠳᠠᠭᠠᠨ ᠬᠤᠭᠤᠴᠠᠭᠠᠨ ᠤ ᠠᠵᠢᠯ ᠤᠨ ᠪᠠᠢᠢᠷᠢ ᠪᠢᠰᠢ ᠶᠤᠮ᠃

 

ᠲᠡᠢᠢᠮᠦ ᠡᠴᠡ ᠳᠡᠭᠡᠷ᠎ᠡ ᠳᠤᠷᠠᠳᠤᠭᠰᠠᠨ ᠤ ᠳᠠᠭᠠᠭᠤ ᠡᠨᠡ ᠵᠢᠯ ᠦᠨ ᠲᠥᠰᠦᠪ ᠡᠴᠡ 500 ᠰᠠᠶ᠎ᠠ ᠠᠮ‍.ᠳ᠋ᠣᠯᠯᠠᠷ᠂ ᠢᠷᠡᠬᠦ ᠵᠢᠯ ᠦᠨ ᠲᠥᠰᠦᠪ ᠡᠴᠡ ᠮᠥᠨ ᠠᠳᠠᠯᠢ ᠬᠡᠮᠵᠢᠶᠡᠨ ᠦ ᠬᠡᠮᠨᠡᠯᠲᠡ ᠢᠢ ᠬᠢᠵᠦ᠂ ᠬᠡᠮᠨᠡᠭᠰᠡᠨ 1 ᠲᠡᠷᠪᠤᠮ ᠣᠷᠴᠢᠮ ᠠᠮ‍.ᠳ᠋ᠣᠯᠯᠠᠷ ᠢᠶᠠᠷ ᠬᠥᠳᠡᠭᠡ ᠠᠵᠤ ᠠᠬᠤᠢ ᠳᠤ ᠰᠠᠭᠤᠷᠢᠯᠠᠭᠰᠠᠨ ᠠᠭᠤᠯᠠ ᠠᠭᠤᠷᠬᠠᠢ ᠢᠢᠨ ᠪᠤᠰᠤ ᠡᠺᠰᠫᠣᠷᠲ ᠤᠨ ᠪᠦᠲᠦᠭᠡᠭ᠍ᠳᠡᠬᠦᠨ ᠦ ᠦᠢᠯᠡᠳᠪᠦᠷᠢ ᠨᠦᠭᠦᠳ ᠢ ᠪᠠᠷᠢᠵᠤ ᠪᠠᠢᠢᠭᠤᠯᠬᠤ ᠴᠢᠭᠯᠡᠯ ᠢᠶᠡᠷ ᠲᠥᠷᠦ ᠢᠢᠨ ᠲᠣᠳᠣᠷᠬᠠᠢ ᠪᠣᠳᠣᠯᠭ᠎ᠠ ᠢᠢ ᠪᠣᠯᠪᠠᠰᠤᠷᠠᠭᠤᠯᠤᠨ ᠭᠠᠷᠭᠠᠵᠤ᠂ ᠬᠡᠷᠡᠭᠵᠢᠭᠦᠯᠬᠦ ᠱᠠᠭᠠᠷᠳᠠᠯᠭ᠎ᠠ ᠲᠠᠢ ᠪᠠᠢᠢᠨ᠎ᠠ᠃ ᠮᠣᠩᠭ᠋ᠤᠯ ᠠᠷᠠᠳ ᠤᠨ ᠨᠠᠮ ᠍ ᠤᠨ 2016 ᠣᠨ ᠤ ᠤᠯᠤᠰ ᠤᠨ ᠶᠡᠬᠡ ᠬᠤᠷᠠᠯ ᠤᠨ ᠰᠣᠩᠭ᠋ᠣᠭᠤᠯᠢ ᠢᠢᠨ ᠮᠥᠷ ᠦᠨ ᠬᠥᠲᠦᠯᠪᠦᠷᠢ ᠢᠢᠨ 1.4.5 ᠍ ᠲᠤ 《…ᠬᠥᠩᠭᠡᠨ ᠦᠢᠯᠡᠳᠪᠦᠷᠢ ᠢᠢᠨ ᠰᠠᠯᠪᠤᠷᠢ ᠢᠢ ᠰᠡᠷᠭᠦᠭᠡᠨ ᠬᠥᠭ᠍ᠵᠢᠭᠦᠯᠬᠦ-《21᠄100》.. ᠭᠡᠰᠡᠨ ᠢ ᠪᠠᠰᠠ ᠰᠠᠨᠠᠭᠤᠯᠤᠶ᠎ᠠ᠃

 

ᠰᠤᠳᠤᠯᠤᠨ ᠦᠵᠡᠵᠦ᠂ ᠬᠠᠮᠲᠤᠷᠠᠨ ᠠᠵᠢᠯᠯᠠᠨ᠎ᠠ ᠤᠤ》 ᠭᠡᠵᠡᠢ᠃