Та "Internet explorer"-ийн сүүлийн хувилбар болох "Microsoft edge"-г ашиглана уу

Хэрэв "Microsoft edge"-г татах бол энд дарж татаж авна уу

ᠮᠣᠩᠭᠣᠯ ᠤᠯᠤᠰ ᠤᠨ ᠶᠡᠷᠦᠩᠬᠡᠶᠢᠯᠡᠭᠴᠢ ᠬ ∙ ᠪᠠᠲᠤᠲᠤᠯᠭ᠎ᠠ 2019 ᠣᠨ ᠤ ᠨᠢᠭᠡᠳᠦᠭᠰᠡᠨ ᠲᠥᠰᠥᠪ ᠡᠴᠡ 15 ᠬᠤᠪᠢ ᠬᠡᠮᠨᠡᠵᠦ᠂ ᠭᠤᠷᠪᠠᠨ 《ᠠᠵᠤ ᠦᠢᠯᠡᠳᠪᠦᠷᠢ ᠶᠢᠨ ᠺᠣᠮᠪᠢᠨᠠᠲ》 ᠪᠠᠶᠢᠭᠤᠯᠬᠤ ᠲᠠᠯ᠎ᠠ ᠪᠠᠷ ᠶᠡᠷᠦᠩᠬᠡᠢ ᠰᠠᠶᠢᠳ ᠲᠤ ᠠᠯᠪᠠᠨ ᠪᠢᠴᠢᠭ ᠬᠦᠷᠭᠡᠭᠦᠯᠪᠡ

ᠮᠣᠩᠭ᠋ᠣᠯ ᠤᠯᠤᠰ ᠤᠨ ᠶᠡᠷᠦᠩᠬᠡᠶᠢᠯᠡᠭᠴᠢ ᠬ ∙ ᠪᠠᠲᠤᠲᠤᠯᠭ᠎ᠠ 2018 ᠣᠨ ᠤ ᠠᠷᠪᠠᠳᠤᠭᠠᠷ ᠰᠠᠷ᠎ᠠ ᠶᠢᠨ 16 ᠍ ᠤ ᠡᠳᠦᠷ ᠶᠡᠷᠦᠩᠬᠡᠢ ᠰᠠᠶᠢᠳ ᠤ᠊ ∙ ᠬᠦᠷᠪᠡᠯᠦᠰᠦᠬᠡ ᠳᠥ 2019 ᠣᠨ ᠤ ᠲᠥᠰᠥᠪ ᠲᠥ ᠠᠩᠬᠠᠷᠤᠯ ᠬᠠᠨᠳᠤᠭᠤᠯᠵᠤ᠂ ᠠᠷᠭ᠎ᠠ ᠬᠡᠮᠵᠢᠶ᠎ᠡ ᠠᠪᠬᠤ ᠲᠤᠬᠠᠢ ᠠᠯᠪᠠᠨ ᠪᠢᠴᠢᠭ᠌ ᠢᠯᠡᠭᠡᠯ᠎ᠡ᠃

 

ᠮᠣᠩᠭ᠋ᠣᠯ ᠤᠯᠤᠰ ᠤᠨ 2019 ᠣᠨ ᠤ ᠲᠥᠰᠦᠪ ᠲᠥ ᠠᠩᠬᠠᠷᠤᠯ ᠬᠠᠨᠳᠤᠭᠤᠯᠵᠤ᠂ ᠠᠷᠭ᠎ᠠ ᠬᠡᠮᠵᠢᠶ᠎ᠡ ᠠᠪᠬᠤ ᠲᠤᠬᠠᠢ ᠠᠯᠪᠠᠨ ᠪᠢᠴᠢᠭ᠌ ᠲᠥ᠄

 

《ᠮᠣᠩᠭ᠋ᠣᠯ ᠤᠯᠤᠰ ᠤᠨ ᠵᠠᠰᠠᠭ ᠤᠨ ᠭᠠᠵᠠᠷ᠂ ᠰᠠᠩ ᠤᠨ ᠶᠠᠮᠤᠨ ᠠᠴᠠ ᠡᠷᠭᠦᠨ ᠮᠡᠳᠡᠭᠦᠯᠦᠭᠰᠡᠨ ᠲᠥᠰᠦᠪ ᠦᠨ ᠲᠥᠰᠦᠯ ᠳᠥ ᠣᠯᠠᠨ ᠵᠢᠯ ᠳᠠᠪᠲᠠᠭᠳᠠᠵᠤ ᠪᠠᠶᠢᠭ᠎ᠠ 《ᠭᠡᠰᠢᠭᠦᠨ ᠦ ᠮᠥᠩᠭᠥ》 ᠍ ᠢ 5000 ᠳᠠᠬᠢᠨ ᠥᠰᠬᠡᠭ᠍ᠰᠡᠨ᠂ ᠵᠢᠷᠤᠭ ᠲᠥᠰᠥᠪᠭᠦᠢ 375 ᠪᠠᠷᠢᠯᠭ᠎ᠠ᠂ ᠪᠠᠶᠢᠭᠤᠯᠤᠮᠵᠢ ᠪᠠᠷᠢᠬᠤ ᠪᠠᠷ ᠲᠤᠰᠬᠠᠭᠰᠠᠨ᠂ ᠲᠥᠰᠥᠪ ᠦᠨ ᠣᠷᠣᠯᠭ᠎ᠠ ᠶᠢ ᠪᠡᠶᠡᠯᠡᠬᠦ ᠪᠡᠷ ᠦᠭᠡᠢ ᠬᠡᠶᠢᠰᠪᠦᠷᠢ ᠪᠡᠷ ᠲᠥᠯᠦᠪᠯᠡᠭᠰᠡᠨ᠂ ᠲᠥᠰᠦᠪ ᠦᠨ ᠪᠠᠶᠢᠭᠤᠯᠤᠯᠭ᠎ᠠ ᠨᠤᠭᠤᠳ ᠤᠨ ᠤᠷᠤᠰᠬᠠᠯ ᠵᠠᠷᠤᠳᠠᠯ ᠤᠳ ᠢ ᠨᠠᠷᠢᠨ ᠲᠣᠭᠠᠴᠠᠭᠠᠯᠠᠭ᠎ᠠ ᠦᠭᠡᠢ᠂ ᠬᠡᠲᠦ ᠦᠷᠡᠯᠭᠡᠨ ᠬᠠᠨᠳᠤᠭᠰᠠᠨ ᠵᠡᠷᠭᠡ ᠬᠠᠤᠯᠢ ᠳᠤ ᠨᠡᠶᠢᠴᠡᠭᠡ ᠦᠭᠡᠢ᠂ ᠬᠠᠤᠯᠢ ᠶᠢ ᠢᠯᠡᠳᠲᠡ ᠵᠥᠷᠢᠴᠡᠭᠰᠡᠨ᠂ ᠠᠩᠬᠠᠷᠴᠤ ᠵᠠᠰᠠᠵᠤ ᠵᠠᠯᠠᠷᠠᠭᠤᠯᠬᠤ ᠦᠭᠡᠢ ᠪᠡᠷ ᠪᠠᠲᠤᠯᠠᠪᠠᠯ ᠤᠯᠤᠰ ᠣᠷᠣᠨ ᠤ ᠡᠳ᠋ ᠍ ᠦᠨ ᠵᠠᠰᠠᠭ ᠢ ᠲᠤᠶᠢᠯ ᠳᠤ ᠨᠢ ᠬᠦᠷᠲᠡᠯ᠎ᠡ ᠳᠣᠷᠣᠶᠢᠲᠠᠭᠤᠯᠬᠤ ᠣᠯᠠᠨ ᠠᠰᠠᠭᠤᠳᠠᠯ ᠪᠠᠭᠲᠠᠭᠰᠠᠨ ᠪᠠᠶᠢᠭᠠᠳ ᠰᠠᠨᠠᠭ᠎ᠠ ᠵᠣᠪᠠᠨᠢᠵᠤ᠂ ᠬᠡᠳᠦᠢ ᠪᠡᠷ ᠤᠯᠤᠰ ᠤᠨ ᠶᠡᠬᠡ ᠬᠤᠷᠠᠯ ᠳᠤ ᠥᠪᠡᠷ ᠦᠨ ᠪᠠᠶᠢᠷᠢ ᠰᠠᠭᠤᠷᠢ ᠶᠢ ᠢᠯᠡᠷᠬᠡᠶᠢᠯᠡᠭᠰᠡᠨ ᠪᠣᠯᠪᠠᠴᠤ ᠠᠯᠳᠠᠭ᠎ᠠ ᠵᠠᠪᠬᠠᠷᠠᠯ ᠢ ᠠᠷᠢᠯᠭᠠᠨ᠂ ᠲᠥᠷᠦ ᠶᠢᠨ ᠪᠣᠳᠣᠯᠭ᠎ᠠ ᠶᠢ ᠵᠥᠪ ᠴᠢᠭᠯᠡᠭᠦᠯᠬᠦ ᠱᠠᠭᠠᠷᠳᠠᠯᠭ᠎ᠠ ᠶᠢᠨ ᠬᠦᠷᠢᠶᠡᠨ ᠳᠥ ᠲᠠᠨ ᠳᠤ ᠬᠠᠨᠳᠤᠵᠤ ᠪᠠᠶᠢᠨ᠎ᠠ᠃

 

ᠮᠣᠩᠭ᠋ᠣᠯ ᠤᠯᠤᠰ ᠤᠨ ᠵᠠᠰᠠᠭ ᠤᠨ ᠭᠠᠵᠠᠷ ᠠᠴᠠ ᠡᠷᠭᠦᠨ ᠮᠡᠳᠡᠭᠦᠯᠦᠭᠰᠡᠨ ᠲᠥᠰᠥᠪ ᠦᠨ ᠲᠥᠰᠥᠯ ᠢ ᠵᠥᠪᠬᠡᠨ ᠪᠢ ᠭᠠᠭᠴᠠᠭᠠᠷ ᠢᠶᠠᠨ ᠰᠢᠭᠦᠮᠵᠢᠯᠡᠭᠡ ᠦᠭᠡᠢ᠂ ᠡᠷᠳᠡᠮᠲᠡᠨ ᠰᠤᠳᠤᠯᠤᠭᠠᠴᠢᠳ᠂ ᠢᠷᠭᠡᠳ ᠣᠯᠠᠨ ᠨᠡᠶᠢᠲᠡ ᠪᠣᠯᠤᠨ ᠤᠯᠤᠰ ᠤᠨ ᠶᠡᠬᠡ ᠬᠤᠷᠠᠯ ᠤᠨ ᠭᠡᠰᠢᠭᠦᠳ ᠨᠠᠮ ᠬᠠᠷᠠᠭᠠᠯᠵᠠᠬᠤ ᠦᠭᠡᠢ ᠪᠡᠷ ᠰᠢᠭᠦᠮᠵᠢᠯᠡᠨ ᠡᠰᠡᠷᠭᠦᠴᠡᠵᠦ᠂ 2020 ᠣᠨ ᠤ ᠰᠣᠩᠭ᠋ᠣᠭᠤᠯᠢ ᠶᠢ ᠤᠭᠲᠤᠭᠰᠠᠨ ᠥᠴᠥᠬᠡᠨ᠂ ᠢᠪᠴᠤᠤ ᠡᠷᠬᠡ ᠠᠰᠢᠭ ᠲᠤ ᠬᠦᠯᠢᠭᠳᠡᠨ᠂ ᠤᠯᠤᠰ ᠣᠷᠣᠨ ᠤ ᠡᠳ᠋ ᠍ ᠦᠨ ᠵᠠᠰᠠᠭ ᠢᠶᠠᠷ ᠢᠩᠭᠢᠵᠦ ᠲᠣᠭᠯᠠᠵᠤ ᠪᠣᠯᠬᠤ ᠦᠭᠡᠢ ᠭᠡᠳᠡᠭ ᠢ ᠮᠠᠰᠢ ᠲᠣᠳᠣᠷᠬᠠᠢ ᠠᠩᠬᠠᠷᠤᠭᠤᠯᠵᠤ ᠪᠠᠶᠢᠭ᠎ᠠ ᠶᠢ ᠣᠨᠴᠠᠯᠠᠨ ᠲᠡᠮᠳᠡᠭᠯᠡᠬᠦ ᠨᠢ ᠵᠦᠢᠲᠡᠢ᠃

 

ᠲᠠ ᠮᠣᠩᠭ᠋ᠣᠯ ᠤᠯᠤᠰ ᠤᠨ ᠶᠡᠷᠦᠩᠬᠡᠢ ᠰᠠᠶᠢᠳ ᠢᠶᠠᠷ ᠲᠣᠮᠢᠯᠠᠭᠳᠠᠬᠤ ᠦᠶ ᠡ ᠳᠡᠭᠡᠨ ᠰᠢᠳᠤᠷᠭᠤ ᠶᠣᠰᠣ ᠲᠣᠭᠲᠠᠭᠠᠬᠤ᠂ ᠰᠠᠬᠢᠯᠭ᠎ᠠ ᠪᠠᠲᠤ᠂ ᠬᠠᠷᠢᠭᠤᠴᠠᠯᠭ᠎ᠠ ᠶᠢ ᠳᠡᠭᠡᠭ᠍ᠰᠢᠯᠡᠭᠦᠯᠬᠦ ᠴᠢᠭᠯᠡᠯ ᠳᠥ ᠬᠤᠪᠢᠰᠬᠠᠯ ᠬᠢᠵᠦ᠂ ᠤᠯᠤᠰ ᠣᠷᠣᠨ ᠢᠶᠠᠨ ᠰᠢᠨ᠎ᠡ ᠲᠦᠪᠰᠢᠨ ᠳᠥ ᠭᠠᠷᠭᠠᠨ ᠬᠥᠭ᠍ᠵᠢᠭᠦᠯᠬᠦ ᠠᠮᠠᠯᠠᠯᠲᠠ ᠶᠢ ᠠᠷᠠᠳ ᠲᠦᠮᠡᠨ ᠳᠥ ᠪᠡᠨ ᠥᠭ᠍ᠭᠦᠭ᠍ᠰᠡᠨ᠃ ᠶᠠᠭ ᠣᠳᠣ ᠲᠠᠨ ᠤ ᠠᠮᠠᠯᠠᠯᠲᠠ ᠪᠠᠨ ᠬᠡᠷᠡᠭᠵᠢᠭᠦᠯᠬᠦ ᠴᠠᠭ ᠦᠶ᠎ᠡ ᠲᠣᠬᠢᠶᠠᠵᠤ ᠪᠠᠶᠢᠭ᠎ᠠ ᠶᠢ ᠲᠥᠷᠦ ᠶᠢᠨ ᠲᠦᠰᠢᠶᠡᠳ ᠡᠴᠡ ᠭᠠᠳᠠᠨ᠎ᠠ ᠢᠷᠭᠡᠳ ᠣᠯᠠᠨ ᠨᠡᠶᠢᠲᠡ ᠰᠠᠨᠠᠭᠤᠯᠤᠨ ᠬᠠᠷᠠᠵᠤ᠂ ᠬᠦᠯᠢᠶᠡᠵᠦ ᠪᠠᠶᠢᠨ᠎ᠠ᠃

 

ᠲᠡᠶᠢᠮᠦ ᠡᠴᠡ ᠤᠯᠤᠰ ᠤᠨ ᠶᠡᠬᠡ ᠬᠤᠷᠠᠯ ᠳᠤ ᠡᠷᠭᠦᠨ ᠮᠡᠳᠡᠭᠦᠯᠦᠭᠰᠡᠨ ᠲᠥᠰᠥᠪ ᠦᠨ ᠲᠥᠰᠥᠯ ᠢᠶᠡᠨ ᠲᠠᠲᠠᠨ ᠠᠪᠴᠤ ᠨᠢᠭ᠌ᠲᠠᠯᠠᠨ᠂ ᠨᠠᠮ ᠤᠨ ᠰᠣᠩᠭ᠋ᠣᠭᠤᠯᠢ᠂ ᠥᠪᠡᠷ ᠦᠨ ᠠᠯᠪᠠᠨ ᠲᠤᠰᠢᠶᠠᠯ ᠤᠨ ᠡᠷᠬᠡ ᠠᠰᠢᠭ ᠢ ᠲᠡᠷᠢᠭᠦᠨ ᠵᠡᠷᠭᠡ ᠳᠥ ᠲᠠᠯᠪᠢᠭᠰᠠᠨ ᠰᠠᠯᠪᠤᠷᠢ ᠶᠢᠨ ᠰᠠᠶᠢᠳ ᠤᠨ ᠢᠶᠠᠨ ᠠᠯᠳᠠᠭ᠎ᠠ ᠲᠠᠢ ᠪᠣᠳᠣᠯᠭ᠎ᠠ ᠶᠢ ᠮᠣᠩᠭ᠋ᠣᠯ ᠤᠯᠤᠰ ᠤᠨ ᠶᠡᠷᠦᠩᠬᠡᠢ ᠰᠠᠶᠢᠳ ᠤᠨ ᠶᠣᠰᠣᠭᠠᠷ ᠵᠠᠰᠠᠵᠤ᠂ ᠵᠠᠯᠠᠷᠠᠭᠤᠯᠬᠤ ᠠᠷᠭ᠎ᠠ ᠬᠡᠮᠵᠢᠶ᠎ᠡ ᠶᠢ ᠨᠡᠩ ᠳᠠᠷᠤᠢ ᠠᠪᠬᠤ ᠱᠠᠭᠠᠷᠳᠠᠯᠭ᠎ᠠ ᠲᠠᠢ ᠪᠠᠶᠢᠭ᠎ᠠ ᠶᠢ ᠠᠩᠬᠠᠷᠬᠤ ᠨᠢ ᠵᠦᠢᠲᠡᠢ ᠶᠤᠮ᠃

 

ᠮᠣᠩᠭ᠋ᠣᠯ ᠤᠯᠤᠰ ᠤᠨ ᠶᠡᠬᠡ ᠬᠤᠷᠠᠯ ᠤᠨ ᠳᠠᠷᠤᠭ᠎ᠠ ᠤᠯᠤᠰ ᠤᠨ ᠶᠡᠬᠡ ᠬᠤᠷᠠᠯ ᠤᠨ ᠲᠠᠮᠠᠭ᠎ᠠ ᠶᠢᠨ ᠭᠠᠵᠠᠷ ᠤᠨ ᠣᠷᠣᠨ ᠲᠣᠭ᠎ᠠ᠂ ᠵᠠᠷᠤᠳᠠᠯ ᠢ 10 ᠬᠤᠪᠢ ᠪᠠᠷ ᠪᠠᠭᠤᠷᠠᠭᠤᠯᠵᠤ ᠪᠠᠶᠢᠭ᠎ᠠ ᠪᠠᠨ ᠮᠡᠳᠡᠭᠳᠡᠵᠦ᠂ ᠡᠨᠡ ᠵᠢᠯ ᠦᠨ ᠲᠥᠰᠥᠪ ᠢ ᠬᠡᠯᠡᠯᠴᠡᠬᠦ ᠳᠥ ᠪᠡᠨ ᠲᠥᠷᠥ ᠶᠢᠨ ᠪᠦᠬᠦ ᠱᠠᠲᠤᠨ ᠤ ᠪᠠᠶᠢᠭᠤᠯᠤᠯᠭ᠎ᠠ ᠳᠤ ᠣᠷᠣᠨ ᠲᠣᠭ᠎ᠠ᠂ ᠵᠠᠷᠤᠳᠠᠯ ᠢᠶᠠᠨ 10 ᠬᠤᠪᠢ ᠪᠠᠷ ᠪᠠᠭᠤᠷᠠᠭᠤᠯᠬᠤ ᠪᠣᠳᠣᠯᠭ᠎ᠠ ᠪᠠᠷᠢᠮᠲᠠᠯᠠᠬᠤ ᠶᠢ ᠤᠷᠢᠶᠠᠯᠠᠭᠰᠠᠨ᠃

 

ᠮᠢᠨᠤ ᠪᠡᠶ᠎ᠡ ᠤᠯᠤᠰ ᠤᠨ ᠶᠡᠬᠡ ᠬᠤᠷᠠᠯ ᠤᠨ ᠳᠠᠷᠤᠭ᠎ᠠ ᠶᠢᠨ ᠡᠨᠡᠬᠦ ᠤᠷᠢᠶᠠᠯᠭ᠎ᠠ ᠶᠢ ᠪᠥᠷᠢᠨ ᠳᠡᠮᠵᠢᠵᠦ ᠪᠠᠶᠢᠭ᠎ᠠ ᠪᠥᠭᠡᠳ ᠵᠢᠷᠤᠭ ᠲᠥᠰᠦᠪᠭᠦᠢ ᠬᠠᠤᠯᠢ ᠵᠥᠷᠢᠴᠡᠨ ᠲᠤᠰᠬᠠᠭᠳᠠᠭᠰᠠᠨ ᠪᠠᠷᠢᠯᠭ᠎ᠠ ᠪᠠᠶᠢᠭᠤᠯᠤᠮᠵᠢ ᠨᠤᠭᠤᠳ ᠢ ᠲᠥᠰᠦᠪ ᠡᠴᠡ ᠬᠠᠰᠤᠬᠤ᠂ ᠲᠥᠰᠦᠪ ᠦᠨ ᠪᠠᠶᠢᠭᠤᠯᠤᠯᠭ᠎ᠠ ᠨᠤᠭᠤᠳ ᠤᠨ ᠬᠡᠲᠦ ᠦᠷᠡᠯᠭᠡᠨ ᠤᠷᠤᠰᠬᠠᠯ ᠵᠠᠷᠤᠳᠠᠯ ᠤᠳ ᠢ ᠲᠠᠨᠤᠬᠤ᠂ ᠳᠡᠳ᠋ ᠰᠠᠶᠢᠳ᠂ ᠣᠷᠣᠯᠠᠭᠴᠢ ᠳᠠᠷᠤᠭ᠎ᠠ ᠭᠡᠬᠦ ᠮᠡᠲᠦ ᠴᠢᠭ᠌ ᠡᠭᠦᠷᠭᠡ ᠨᠢ ᠳᠠᠪᠬᠤᠷᠳᠠᠮᠠᠯ᠂ ᠡᠷᠬᠢᠯᠡᠬᠦ ᠠᠰᠠᠭᠤᠳᠠᠯ ᠨᠢ ᠲᠣᠳᠣᠷᠬᠠᠢ ᠦᠭᠡᠢ ᠠᠯᠪᠠᠨ ᠲᠤᠰᠢᠶᠠᠯ ᠤᠳ ᠢ ᠴᠣᠮᠬᠠᠳᠬᠠᠬᠤ ᠵᠡᠷᠭᠡ ᠠᠷᠭ᠎ᠠ ᠬᠡᠮᠵᠢᠶ᠎ᠡ ᠶᠢ ᠴᠣᠭᠴᠠ ᠪᠠᠷ ᠨᠢ ᠠᠪᠴᠤ᠂ ᠲᠥᠰᠦᠪ ᠦᠨ ᠵᠠᠷᠤᠳᠠᠯ ᠢ 15 ᠬᠤᠪᠢ ᠪᠠᠷ ᠬᠡᠮᠨᠡᠬᠦ ᠪᠣᠯᠤᠮᠵᠢ ᠪᠠᠶᠢᠭ᠎ᠠ ᠭᠡᠵᠦ ᠦᠵᠡᠵᠦ ᠪᠠᠶᠢᠨ᠎ᠠ᠃

 

ᠲᠥᠰᠦᠪ ᠦᠨ ᠵᠠᠷᠤᠳᠠᠯ ᠢ 10 ᠬᠤᠪᠢ ᠪᠠᠷ ᠪᠠᠭᠤᠷᠠᠭᠤᠯᠬᠤ ᠳᠤ 1 ᠶᠡᠬᠡ ᠨᠠᠶᠤᠳ ᠲᠥᠭᠦᠷᠢᠭ᠌ (ᠢᠷᠡᠬᠦ ᠣᠨ ᠳᠤ ᠨᠡᠮᠡᠬᠦ ᠪᠡᠷ ᠲᠥᠯᠦᠪᠯᠡᠭᠰᠡᠨ ᠴᠠᠯᠢᠩ ᠲᠡᠳᠬᠦᠪᠦᠷᠢ ᠶᠢᠨ ᠨᠡᠮᠡᠯᠲᠡ ᠶᠢ ᠬᠡᠪ ᠢᠶᠡᠷ ᠦᠯᠡᠳᠡᠭᠡᠭ᠍ᠰᠡᠨ ᠦ ᠳᠠᠷᠠᠭ᠎ᠠ)᠂ ᠵᠢᠷᠤᠭ ᠲᠥᠰᠦᠪᠭᠦᠢ ᠪᠠᠷᠢᠯᠭ᠎ᠠ᠂ ᠪᠠᠶᠢᠭᠤᠯᠤᠮᠵᠢ ᠨᠤᠭᠤᠳ ᠢ ᠬᠠᠰᠤᠭᠰᠠᠨ ᠢᠶᠠᠷ 400 ᠭᠠᠷᠤᠢ ᠲᠡᠷᠪᠤᠮ ᠲᠥᠭᠦᠷᠢᠭ᠌᠂ ᠨᠡᠶᠢᠲᠡ 1.4 ᠶᠡᠬᠡ ᠨᠠᠶᠤᠳ ᠣᠷᠴᠢᠮ ᠲᠥᠭᠦᠷᠢᠭ᠌ ᠪᠤᠶᠤ ᠥᠨᠥᠳᠥᠷ ᠦᠨ ᠬᠠᠩᠰᠢ ᠪᠠᠷ 500 ᠭᠠᠷᠤᠢ ᠰᠠᠶ᠎ᠠ ᠠᠮ‍.ᠳ᠋ᠣᠯᠯᠠᠷ ᠬᠡᠮᠨᠡᠭᠳᠡᠬᠦ ᠪᠡᠷ ᠪᠠᠶᠢᠨ᠎ᠠ᠃

 

ᠮᠣᠩᠭ᠋ᠣᠯ ᠤᠯᠤᠰ ᠤᠨ ᠡᠳ᠋ ᠍ ᠦᠨ ᠵᠠᠰᠠᠭ ᠤᠨ ᠲᠤᠰᠠᠭᠠᠷ ᠲᠣᠭᠲᠠᠨᠢᠯ᠂ ᠬᠠᠷᠠᠭᠠᠲᠤ ᠪᠤᠰᠤ᠂ ᠪᠡᠶ᠎ᠡ ᠳᠠᠭᠠᠭᠰᠠᠨ ᠬᠥᠭ᠍ᠵᠢᠯ ᠢ ᠪᠡᠬᠢᠵᠢᠭᠦᠯᠬᠦ ᠳᠥ ᠠᠭᠤᠯᠠ ᠠᠭᠤᠷᠬᠠᠢ ᠶᠢᠨ ᠪᠤᠰᠤ ᠡᠺᠰᠫᠣᠷᠲ ᠤᠨ ᠦᠢᠯᠡᠳᠪᠦᠷᠢ ᠨᠦᠭᠦᠳ ᠢ ᠳᠡᠮᠵᠢᠨ ᠬᠥᠭ᠍ᠵᠢᠭᠦᠯᠬᠦ ᠠᠰᠠᠭᠤᠳᠠᠯ ᠵᠦᠢ ᠶᠣᠰᠣᠨ ᠤ ᠱᠠᠭᠠᠷᠳᠠᠯᠭ᠎ᠠ ᠪᠣᠯᠤᠨ ᠨᠡᠩ ᠲᠡᠷᠢᠭᠦᠨ ᠳᠥ ᠲᠠᠯᠪᠢᠭᠳᠠᠵᠤ ᠪᠠᠶᠢᠭ᠎ᠠ᠃ 1990 ᠣᠨ ᠠᠴᠠ ᠡᠮᠦᠨ᠎ᠡ ᠮᠠᠨ ᠤ ᠤᠯᠤᠰ ᠤᠨ ᠮᠠᠯ ᠤᠨ ᠲᠣᠭ᠎ᠠ 25 ᠰᠠᠶ᠎ᠠ ᠪᠠᠶᠢᠬᠤ ᠳᠤ ᠨᠢᠭᠡ ᠠᠵᠤ ᠦᠢᠯᠡᠳᠪᠦᠷᠢ ᠶᠢᠨ ᠺᠣᠮᠪᠢᠨᠠᠲ ᠲᠠᠢ ᠪᠠᠶᠢᠯ᠎ᠠ᠃ ᠥᠨᠥᠳᠥᠷ ᠮᠠᠯ ᠤᠨ ᠲᠣᠭ᠎ᠠ 80 ᠰᠠᠶ᠎ᠠ ᠭᠠᠷᠤᠭᠰᠠᠨ ᠲᠤᠯᠠ ᠬᠠᠮᠤᠭ ᠤᠨ ᠪᠠᠭ᠎ᠠ ᠳᠤ ᠪᠠᠨ ᠭᠤᠷᠪᠠᠨ ᠠᠵᠤ ᠦᠢᠯᠡᠳᠪᠦᠷᠢ ᠶᠢᠨ ᠺᠣᠮᠪᠢᠨᠠᠲ ᠲᠠᠢ ᠪᠣᠯᠬᠤ ᠱᠠᠭᠠᠷᠳᠠᠯᠭ᠎ᠠ ᠲᠠᠢ᠃ 160 ᠭᠠᠷᠤᠢ ᠮᠢᠩᠭ᠋ᠠᠨ ᠠᠵᠢᠯᠰᠠᠭ ᠮᠠᠯᠴᠢᠨ ᠡᠷᠦᠬᠡ ᠶᠢᠨ ᠵᠢᠯ ᠪᠦᠷᠢ ᠦᠢᠯᠡᠳᠪᠦᠷᠢᠯᠡᠳᠡᠭ 《ᠤᠷᠭᠤᠳᠠᠭ ᠪᠠᠶᠠᠯᠢᠭ》 ᠪᠣᠯᠬᠤ ᠮᠠᠯ ᠠᠵᠤ ᠠᠬᠤᠢ ᠶᠢᠨ ᠭᠠᠷᠤᠯ ᠲᠠᠢ ᠲᠦᠭᠦᠬᠡᠢ ᠡᠳ᠋ ᠍ ᠢᠶᠡᠨ ᠪᠣᠯᠪᠠᠰᠤᠷᠠᠭᠤᠯᠵᠤ᠂ ᠡᠺᠰᠫᠣᠷᠲ᠋ᠯᠠᠬᠤ ᠦᠢᠯᠡᠳᠪᠦᠷᠢ ᠶᠢ ᠠᠶᠢᠮᠠᠭ ᠪᠦᠷᠢ ᠳᠥ ᠪᠠᠷᠢᠵᠤ ᠪᠠᠶᠢᠭᠤᠯᠤᠭᠰᠠᠨ ᠢᠶᠠᠷ ᠡᠳ᠋ ᠍ ᠦᠨ ᠵᠠᠰᠠᠭ ᠲᠤ ᠪᠠᠨ ᠦᠰᠦᠷᠦᠩᠭᠦᠢ ᠬᠥᠭ᠍ᠵᠢᠯ ᠠᠪᠴᠤ ᠢᠷᠡᠵᠦ᠂ ᠠᠵᠢᠯ ᠤᠨ ᠪᠠᠶᠢᠷᠢᠨ ᠤ ᠲᠣᠭ᠎ᠠ ᠶᠢ ᠣᠭᠴᠣᠮ ᠨᠡᠮᠡᠵᠦ᠂ ᠡᠳ᠋ ᠍ ᠦᠨ ᠵᠠᠰᠠᠭ ᠤᠨ ᠲᠤᠰᠠᠭᠠᠷ ᠲᠣᠭᠲᠠᠨᠢᠯ ᠢᠶᠠᠨ ᠪᠡᠬᠢᠵᠢᠭᠦᠯᠬᠦ ᠴᠢᠭᠯᠡᠯ ᠢᠶᠡᠷ ᠲᠣᠳᠣᠷᠬᠠᠢ ᠠᠮᠵᠢᠯᠲᠠ ᠳᠤ ᠬᠦᠷᠦᠨ᠎ᠡ᠃ ᠬᠥᠳᠡᠭᠡ ᠠᠵᠤ ᠠᠬᠤᠢ ᠶᠢᠨ ᠡᠺᠰᠫᠣᠷᠲ ᠲᠠᠢ ᠬᠠᠷᠢᠴᠠᠭᠤᠯᠬᠤ ᠳᠤ ᠠᠭᠤᠯᠠ ᠠᠭᠤᠷᠬᠠᠢ ᠶᠢᠨ ᠡᠺᠰᠫᠣᠷᠲ ᠨᠢ 《ᠤᠬᠤᠳᠠᠭ᠂ ᠰᠢᠪᠬᠠᠭᠳᠠᠳᠠᠭ ᠪᠠᠶᠠᠯᠢᠭ》 ᠤᠴᠢᠷ ᠠᠴᠠ ᠲᠣᠭᠲᠠᠪᠤᠷᠢᠲᠠᠢ ᠬᠥᠭ᠍ᠵᠢᠯ᠂ ᠲᠣᠭᠲᠠᠪᠤᠷᠢᠲᠠᠢ ᠤᠳᠠᠭᠠᠨ ᠬᠤᠭᠤᠴᠠᠭᠠᠨ ᠤ ᠠᠵᠢᠯ ᠤᠨ ᠪᠠᠶᠢᠷᠢ ᠪᠢᠰᠢ ᠶᠤᠮ᠃

 

ᠲᠡᠶᠢᠮᠦ ᠡᠴᠡ ᠳᠡᠭᠡᠷ᠎ᠡ ᠳᠤᠷᠠᠳᠤᠭᠰᠠᠨ ᠤ ᠳᠠᠭᠠᠭᠤ ᠡᠨᠡ ᠵᠢᠯ ᠦᠨ ᠲᠥᠰᠦᠪ ᠡᠴᠡ 500 ᠰᠠᠶ᠎ᠠ ᠠᠮ‍.ᠳ᠋ᠣᠯᠯᠠᠷ᠂ ᠢᠷᠡᠬᠦ ᠵᠢᠯ ᠦᠨ ᠲᠥᠰᠦᠪ ᠡᠴᠡ ᠮᠥᠨ ᠠᠳᠠᠯᠢ ᠬᠡᠮᠵᠢᠶᠡᠨ ᠦ ᠬᠡᠮᠨᠡᠯᠲᠡ ᠶᠢ ᠬᠢᠵᠦ᠂ ᠬᠡᠮᠨᠡᠭᠰᠡᠨ 1 ᠲᠡᠷᠪᠤᠮ ᠣᠷᠴᠢᠮ ᠠᠮ‍.ᠳ᠋ᠣᠯᠯᠠᠷ ᠢᠶᠠᠷ ᠬᠥᠳᠡᠭᠡ ᠠᠵᠤ ᠠᠬᠤᠢ ᠳᠤ ᠰᠠᠭᠤᠷᠢᠯᠠᠭᠰᠠᠨ ᠠᠭᠤᠯᠠ ᠠᠭᠤᠷᠬᠠᠢ ᠶᠢᠨ ᠪᠤᠰᠤ ᠡᠺᠰᠫᠣᠷᠲ ᠤᠨ ᠪᠦᠲᠦᠭᠡᠭ᠍ᠳᠡᠬᠦᠨ ᠦ ᠦᠢᠯᠡᠳᠪᠦᠷᠢ ᠨᠦᠭᠦᠳ ᠢ ᠪᠠᠷᠢᠵᠤ ᠪᠠᠶᠢᠭᠤᠯᠬᠤ ᠴᠢᠭᠯᠡᠯ ᠢᠶᠡᠷ ᠲᠥᠷᠦ ᠶᠢᠨ ᠲᠣᠳᠣᠷᠬᠠᠢ ᠪᠣᠳᠣᠯᠭ᠎ᠠ ᠶᠢ ᠪᠣᠯᠪᠠᠰᠤᠷᠠᠭᠤᠯᠤᠨ ᠭᠠᠷᠭᠠᠵᠤ᠂ ᠬᠡᠷᠡᠭᠵᠢᠭᠦᠯᠬᠦ ᠱᠠᠭᠠᠷᠳᠠᠯᠭ᠎ᠠ ᠲᠠᠢ ᠪᠠᠶᠢᠨ᠎ᠠ᠃

 

ᠮᠣᠩᠭ᠋ᠤᠯ ᠠᠷᠠᠳ ᠤᠨ ᠨᠠᠮ ᠍ ᠤᠨ ᠳᠠᠷᠤᠭ᠎ᠠ᠂ ᠶᠡᠷᠦᠩᠬᠡᠢ ᠰᠠᠶᠢᠳ ᠲᠠᠨ ᠳᠤ ᠲᠠᠨᠠᠢ ᠨᠠᠮ ᠤᠨ 2016 ᠣᠨ ᠤ ᠤᠯᠤᠰ ᠤᠨ ᠶᠡᠬᠡ ᠬᠤᠷᠠᠯ ᠤᠨ ᠰᠣᠩᠭ᠋ᠣᠭᠤᠯᠢ ᠶᠢᠨ ᠮᠥᠷ ᠦᠨ ᠬᠥᠲᠥᠯᠪᠦᠷᠢ ᠶᠢᠨ 1.4.5 ᠍ ᠳᠥ 《… ᠬᠥᠩᠭᠡᠨ ᠦᠢᠯᠡᠳᠪᠦᠷᠢ ᠶᠢᠨ ᠰᠠᠯᠪᠤᠷᠢ ᠶᠢ ᠰᠡᠷᠭᠦᠭᠡᠨ ᠬᠥᠭ᠍ᠵᠢᠭᠦᠯᠬᠦ-《21᠄100》..》 ᠭᠡᠰᠡᠨ ᠢ ᠰᠠᠨᠠᠭᠤᠯᠤᠶ᠎ᠠ᠃ 21 ᠠᠶᠢᠮᠠᠭ ᠲᠤ 100 ᠦᠢᠯᠡᠳᠪᠦᠷᠢ ᠪᠠᠶᠢᠭᠤᠯᠬᠤ ᠠᠮᠠᠯᠠᠯᠲᠠ ᠪᠠᠨ ᠬᠡᠷᠡᠭᠵᠢᠭᠦᠯᠦᠭᠡᠳ᠂ ᠳᠡᠭᠡᠷ᠎ᠡ ᠨᠢ ᠣᠯᠠᠨ ᠵᠢᠯ ᠦᠷᠭᠦᠯᠵᠢᠯᠡᠵᠦ ᠪᠠᠶᠢᠭ᠎ᠠ 《ᠭᠡᠰᠢᠭᠦᠨ ᠦ》 ᠭᠡᠭ᠍ᠳᠡᠬᠦ ᠮᠠᠭᠤ ᠨᠡᠷ᠎ᠡ ᠲᠡᠢ ᠮᠥᠩᠭᠥᠨ ᠡᠴᠡ ᠪᠡᠨ ᠰᠠᠯᠬᠤ ᠠᠯᠲᠠᠨ ᠪᠣᠯᠤᠮᠵᠢ ᠲᠠᠨ ᠤ ᠪᠣᠯᠤᠨ ᠤᠯᠤᠰ ᠤᠨ ᠶᠡᠬᠡ ᠬᠤᠷᠠᠯ ᠳ᠋ᠠᠬᠢ ᠲᠠᠨ ᠤ ᠨᠠᠮ ᠤᠨ 64 ᠭᠡᠰᠢᠭᠦᠨ ᠦ ᠭᠠᠷ ᠲᠤ ᠪᠠᠶᠢᠨ᠎ᠠ᠃

 

ᠰᠤᠳᠤᠯᠤᠨ ᠦᠵᠡᠵᠦ᠂ ᠬᠠᠮᠲᠤᠷᠠᠨ ᠠᠵᠢᠯᠯᠠᠨ᠎ᠠ ᠭᠡᠳᠡᠭ ᠲᠥ ᠢᠲᠡᠭᠡᠵᠦ ᠪᠠᠶᠢᠨ᠎ᠠ》 ᠭᠡᠵᠡᠢ᠃