Та "Internet explorer"-ийн сүүлийн хувилбар болох "Microsoft edge"-г ашиглана уу

Хэрэв "Microsoft edge"-г татах бол энд дарж татаж авна уу

ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠳᠡᠯᠡᠬᠡᠢ ᠢᠢᠨ ᠬᠤᠳᠠᠯᠳᠤᠭᠠᠨ ᠤ ᠪᠠᠢᠢᠭᠤᠯᠤᠯᠭ᠎ᠠ ᠢᠢᠨ ᠶᠡᠷᠦᠩᠬᠡᠢ ᠵᠠᠬᠢᠷᠤᠯ ᠷ ∙ ᠠᠽᠧᠸᠧᠳᠣ᠋ ᠍ ᠲᠠᠢ ᠠᠭᠤᠯᠵᠠᠯ᠎ᠠ

ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠱᠸᠧᠢᠼᠠᠷ ᠤᠨ ᠬᠣᠯᠪᠣᠭᠠᠨ ᠤ ᠤᠯᠤᠰ ᠤᠨ ᠵᠧᠨᠧᠸ ᠬᠣᠲᠠ ᠳ᠋ᠠᠬᠢ ᠳᠡᠯᠡᠬᠡᠢ ᠢᠢᠨ ᠬᠤᠳᠠᠯᠳᠤᠭᠠᠨ ᠤ ᠪᠠᠢᠢᠭᠤᠯᠤᠯᠭ᠎ᠠ ᠳᠤ ᠥᠴᠥᠭᠡᠳᠦᠷ ᠵᠣᠴᠢᠯᠠᠵᠤ᠂ ᠲᠤᠰ ᠪᠠᠢᠢᠭᠤᠯᠤᠯᠭ᠎ᠠ ᠢᠢᠨ ᠶᠡᠷᠦᠩᠬᠡᠢ ᠵᠠᠬᠢᠷᠤᠯ ᠷ ∙ ᠠᠽᠧᠸᠧᠳᠣ᠋ ᠍ ᠲᠠᠢ ᠠᠭᠤᠯᠵᠠᠯ᠎ᠠ᠃

 

ᠠᠭᠤᠯᠵᠠᠯᠲᠠ ᠢᠢᠨ ᠦᠶ᠎ᠡ ᠪᠡᠷ ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠮᠣᠩ᠋ᠭᠣᠯ ᠤᠯᠤᠰ 1997 ᠣᠨ ᠳᠤ ᠳᠡᠯᠡᠬᠡᠢ ᠢᠢᠨ ᠬᠤᠳᠠᠯᠳᠤᠭᠠᠨ ᠤ ᠪᠠᠢᠢᠭᠤᠯᠤᠯᠭ᠎ᠠ ᠳᠤ ᠡᠯᠰᠡᠭᠰᠡᠨ᠂ 20 ᠭᠠᠷᠤᠢ ᠵᠢᠯ ᠭᠡᠰᠢᠭᠦᠨ ᠨᠢ ᠪᠠᠢᠢᠭ᠎ᠠ ᠢᠢ ᠳᠤᠷᠠᠳᠴᠤ᠂ ᠡᠨᠡ ᠰᠠᠯᠪᠤᠷᠢ ᠢᠢᠨ ᠬᠥᠭᠵᠢᠯ ᠢ ᠬᠡᠷᠬᠢᠨ ᠦᠵᠡᠵᠦ ᠪᠠᠢᠢᠭ᠎ᠠ ᠲᠠᠯ᠎ᠠ ᠪᠠᠷ ᠨᠣᠶᠠᠨ ᠷ ∙ ᠠᠽᠧᠸᠧᠳᠣ᠋ ᠍ ᠲᠠᠢ ᠰᠠᠨᠠᠯ ᠰᠣᠯᠢᠯᠴᠠᠵᠤ ᠶᠠᠷᠢᠯᠴᠠᠪᠠ᠃

 

ᠮᠥᠨ ᠳᠡᠯᠡᠬᠡᠢ ᠢᠢᠨ ᠡᠳ᠋ ᠍ ᠦᠨ ᠵᠠᠰᠠᠭ ᠤᠨ ᠪᠠᠢᠢᠳᠠᠯ ᠤᠯᠤᠰ ᠣᠷᠣᠨ ᠨᠤᠭᠤᠳ ᠤᠨ ᠳᠤᠮᠳᠠ ᠡᠭᠦᠰᠦᠭᠡᠳ ᠪᠤᠢ ᠬᠤᠳᠠᠯᠳᠤᠭᠠᠨ ᠤ ᠵᠥᠷᠢᠴᠡᠯ ᠦᠨ ᠲᠠᠯ᠎ᠠ ᠪᠠᠷ ᠶᠠᠷᠢᠯᠴᠠᠵᠤ᠂ ᠡᠨᠡ ᠦᠶ᠎ᠡ ᠳᠥ ᠮᠣᠩ᠋ᠭᠣᠯ ᠤᠯᠤᠰ ᠬᠤᠳᠠᠯᠳᠤᠭ᠎ᠠ᠂ ᠡᠳ᠋ ᠍ ᠦᠨ ᠵᠠᠰᠠᠭ ᠤᠨ ᠰᠠᠯᠪᠤᠷᠢ ᠳᠤ ᠪᠠᠨ ᠶᠠᠮᠠᠷ ᠪᠣᠳᠣᠯᠭ᠎ᠠ ᠪᠠᠷᠢᠮᠲᠠᠯᠠᠬᠤ ᠲᠠᠯ᠎ᠠ ᠪᠠᠷ ᠰᠠᠨᠠᠯ ᠰᠣᠯᠢᠯᠴᠠᠵᠤ᠂ ᠮᠣᠩ᠋ᠭᠣᠯ ᠤᠯᠤᠰ ᠣᠯᠠᠨ ᠲᠠᠯᠠᠲᠤ ᠬᠤᠳᠠᠯᠳᠤᠭᠠᠨ ᠤ ᠮᠧᠬᠠᠨᠢᠰᠮ ᠢ ᠪᠡᠬᠢᠵᠢᠭᠦᠯᠬᠦ ᠴᠢᠭᠯᠡᠯ ᠢ ᠴᠢᠨᠠᠭᠰᠢᠳᠠ ᠴᠤ ᠪᠠᠷᠢᠮᠲᠠᠯᠠᠬᠤ ᠢᠢ ᠨᠣᠲᠠᠯᠠᠪᠠ᠃

 

ᠳᠡᠯᠡᠬᠡᠢ ᠢᠢᠨ ᠬᠤᠳᠠᠯᠳᠤᠭᠠᠨ ᠤ ᠪᠠᠢᠢᠭᠤᠯᠤᠯᠭ᠎ᠠ ᠢᠢᠨ ᠶᠡᠷᠦᠩᠬᠡᠢ ᠵᠠᠬᠢᠷᠤᠯ ᠷ ∙ ᠠᠽᠧᠸᠧᠳᠣ‍ ᠮᠣᠩ᠋ᠭᠣᠯ ᠤᠯᠤᠰ ᠡᠳ᠋ ᠍ ᠦᠨ ᠵᠠᠰᠠᠭ᠂ ᠵᠠᠬ᠎ᠠ ᠵᠡᠭᠡᠯᠢ ᠪᠡᠨ ᠲᠥᠷᠦᠯᠵᠢᠭᠦᠯᠬᠦ ᠨᠢ ᠴᠢᠬᠤᠯᠠ ᠬᠡᠮᠡᠨ ᠠᠭᠤᠯᠵᠠᠯᠲᠠ ᠢᠢᠨ ᠦᠶ᠎ᠡ ᠪᠡᠷ ᠣᠨᠴᠠᠯᠠᠵᠤ᠂ ᠡᠭᠦᠨ ᠡᠴᠡ ᠳᠤᠲᠠᠬᠤ ᠦᠭᠡᠢ ᠬᠦᠮᠦᠨ ᠦ ᠨᠥᠭᠡᠴᠡ ᠪᠡᠯᠡᠳᠬᠡᠬᠦ ᠨᠢ ᠴᠢᠬᠤᠯᠠ ᠲᠤᠯᠠ ᠮᠣᠩ᠋ᠭᠣᠯ ᠤᠯᠤᠰ ᠠᠴᠠ ᠥᠩᠭᠡᠷᠡᠭᠰᠡᠨ ᠵᠢᠯ ᠳᠥ 150 ᠭᠠᠷᠤᠢ ᠲᠥᠷᠥ ᠢᠢᠨ ᠠᠯᠪᠠ ᠬᠠᠭᠠᠭᠴᠢ ᠳᠡᠯᠡᠬᠡᠢ ᠢᠢᠨ ᠬᠤᠳᠠᠯᠳᠤᠭᠠᠨ ᠤ ᠪᠠᠢᠢᠭᠤᠯᠤᠯᠭ᠎ᠠ ᠢᠢᠨ ᠤᠷᠲᠤ᠂ ᠪᠣᠭᠣᠨᠢ ᠬᠤᠭᠤᠴᠠᠭᠠᠨ ᠤ ᠰᠤᠷᠭᠠᠯᠲᠠ ᠨᠤᠭᠤᠳ ᠲᠤ ᠬᠠᠮᠤᠷᠤᠭᠳᠠᠭᠰᠠᠨ ᠲᠠᠯ᠎ᠠ ᠪᠠᠷ ᠳᠤᠷᠠᠳᠤᠭᠰᠠᠨ ᠶᠤᠮ᠃ ᠮᠥᠨ ᠲᠡᠷᠡᠪᠡᠷ ᠢᠷᠡᠬᠦ ᠣᠨ ᠳᠤ ᠮᠣᠩ᠋ᠭᠣᠯ ᠤᠯᠤᠰ ᠲᠤ ᠠᠢᠢᠯᠴᠢᠯᠠᠵᠤ᠂ ᠬᠠᠮᠲᠤ ᠢᠢᠨ ᠠᠵᠢᠯᠯᠠᠭᠠᠨ ᠤ ᠶᠠᠪᠤᠴᠠ᠂ ᠨᠥᠬᠥᠴᠡᠯ ᠪᠠᠢᠢᠳᠠᠯ ᠲᠠᠢ ᠥᠪᠡᠷ ᠦᠨ ᠪᠡᠶ᠎ᠡ ᠪᠡᠷ ᠲᠠᠨᠢᠯᠴᠠᠬᠤ ᠬᠦᠰᠡᠯ ᠲᠡᠢ ᠪᠠᠢᠢᠭ᠎ᠠ ᠪᠠᠨ ᠢᠯᠡᠷᠬᠡᠢᠢᠯᠡᠪᠡ᠃

 

ᠮᠣᠩ᠋ᠭᠣᠯ ᠤᠯᠤᠰ ᠳᠡᠯᠡᠬᠡᠢ ᠢᠢᠨ ᠬᠤᠳᠠᠯᠳᠤᠭᠠᠨ ᠤ ᠪᠠᠢᠢᠭᠤᠯᠤᠯᠭ᠎ᠠ ᠢᠢᠨ ᠭᠡᠰᠢᠭᠦᠨ ᠢᠶᠡᠷ ᠡᠯᠰᠡᠬᠦ ᠬᠦᠰᠡᠯᠲᠡ ᠪᠡᠨ ᠠᠩᠬ᠎ᠠ 1991 ᠣᠨ ᠳᠤ ᠭᠠᠷᠭᠠᠵᠤ᠂ ᠤᠯᠠᠮ ᠢᠶᠠᠷ 1997 ᠣᠨ ᠤ ᠨᠢᠭᠡᠳᠦᠭᠡᠷ ᠰᠠᠷ᠎ᠠ ᠢᠢᠨ 29 ᠍ ᠳᠥ ᠲᠤᠰ ᠪᠠᠢᠢᠭᠤᠯᠤᠯᠭ᠎ᠠ ᠢᠢᠨ ᠭᠡᠰᠢᠭᠦᠨ ᠢᠶᠡᠷ ᠡᠯᠰᠡᠭᠰᠡᠨ ᠲᠡᠦᠬᠡ ᠲᠡᠢ ᠶᠤᠮ᠃

 

ᠡᠨᠡ ᠪᠠᠢᠢᠭᠤᠯᠤᠯᠭ᠎ᠠ ᠢᠢᠨ ᠭᠡᠰᠢᠭᠦᠨ ᠢᠶᠡᠷ ᠡᠯᠰᠡᠭᠰᠡᠨ ᠢᠶᠡᠷ ᠮᠠᠨ ᠤ ᠤᠯᠤᠰ ᠪᠤᠰᠤᠳ ᠭᠡᠰᠢᠭᠦᠨ ᠣᠷᠣᠨ ᠲᠠᠢ ᠨᠡᠩ ᠲᠠᠭᠠᠯᠠᠮᠵᠢᠲᠠᠢ ᠦᠨᠳᠦᠰᠦᠲᠡᠨ ᠦ ᠨᠥᠬᠥᠴᠡᠯ ᠢᠶᠡᠷ ᠬᠤᠳᠠᠯᠳᠤᠭ᠎ᠠ ᠬᠢᠬᠦ ᠪᠣᠯᠤᠮᠵᠢ ᠲᠠᠢ ᠪᠣᠯᠵᠤ᠂ ᠱᠠᠭᠠᠷᠳᠠᠯᠭ᠎ᠠ ᠲᠠᠢ ᠮᠡᠳᠡᠭᠡᠯᠡᠯ ᠢᠶᠡᠷ ᠴᠢᠯᠦᠭᠡᠲᠡᠢ ᠬᠠᠩ᠋ᠭᠠᠭᠳᠠᠬᠤ᠂ ᠬᠣᠶᠠᠷ ᠲᠠᠯ᠎ᠠ ᠢᠢᠨ ᠬᠤᠳᠠᠯᠳᠤᠭᠠᠨ ᠳᠤ ᠲᠤᠯᠭᠠᠷᠠᠵᠤ ᠪᠤᠢ ᠠᠰᠠᠭᠤᠳᠠᠯ ᠳᠤ ᠣᠯᠠᠨ ᠲᠠᠯᠠᠲᠤ ᠮᠧᠬᠠᠨᠢᠰᠮ ᠢ ᠠᠰᠢᠭᠯᠠᠬᠤ᠂ ᠪᠠᠢᠢᠭᠤᠯᠤᠯᠭ᠎ᠠ ᠢᠢᠨ ᠲᠧᠭᠨᠢᠭ ᠦᠨ ᠲᠤᠰᠠᠯᠠᠯᠴᠠᠭ᠎ᠠ ᠢᠢ ᠠᠪᠬᠤ ᠪᠣᠯᠤᠮᠵᠢ ᠨᠡᠭᠡᠭᠡᠭ᠍ᠳᠡᠭᠰᠡᠨ ᠪᠠᠢᠢᠨ᠎ᠠ᠃

 

ᠮᠠᠨ ᠤ ᠤᠯᠤᠰ ᠲᠤᠰ ᠪᠠᠢᠢᠭᠤᠯᠤᠯᠭ᠎ᠠ ᠢᠢᠨ ᠭᠡᠰᠢᠭᠦᠨ ᠢᠶᠡᠷ ᠡᠯᠰᠡᠭᠰᠡᠨ ᠡᠴᠡ ᠬᠣᠢᠢᠰᠢᠬᠢ ᠬᠤᠭᠤᠴᠠᠭᠠᠨ ᠳᠤ ᠭᠠᠳᠠᠭᠠᠳᠤ ᠬᠤᠳᠠᠯᠳᠤᠭᠠᠨ ᠤ ᠬᠠᠤᠯᠢ᠂ ᠡᠷᠬᠡ ᠵᠦᠢ ᠢᠢᠨ ᠣᠷᠴᠢᠨ ᠢ ᠪᠣᠯᠪᠠᠰᠤᠷᠠᠩ᠋ᠭᠤᠢ ᠪᠣᠯᠭᠠᠬᠤ ᠵᠣᠷᠢᠯᠭ᠎ᠠ ᠪᠠᠷ ᠱᠠᠲᠤ ᠳᠠᠷᠠᠭᠠᠯᠠᠭᠰᠠᠨ ᠠᠷᠭ᠎ᠠ ᠬᠡᠮᠵᠢᠶ᠎ᠡ ᠠᠪᠴᠤ᠂ ᠭᠠᠳᠠᠭᠠᠳᠤ ᠬᠤᠳᠠᠯᠳᠤᠭ᠎ᠠ᠂ ᠲᠡᠭᠦᠨ ᠲᠡᠢ ᠬᠣᠯᠪᠣᠭᠠᠲᠠᠢ 30 ᠭᠠᠷᠤᠢ ᠬᠠᠤᠯᠢ ᠢᠢ ᠰᠢᠨ᠎ᠡ ᠪᠡᠷ ᠪᠣᠯᠤᠨ ᠨᠡᠮᠡᠯᠲᠡ᠂ ᠥᠭᠡᠷᠡᠴᠢᠯᠡᠯᠲᠡ ᠤᠷᠤᠭᠤᠯᠬᠤ ᠵᠠᠮ ᠢᠶᠠᠷ ᠰᠢᠨᠡᠴᠢᠯᠡᠭᠰᠡᠨ ᠦ ᠵᠡᠷᠭᠡᠴᠡᠭᠡ ᠦᠢᠯᠡᠳᠪᠦᠷᠢᠯᠡᠯ᠂ ᠬᠤᠳᠠᠯᠳᠤᠭ᠎ᠠ ᠡᠷᠬᠢᠯᠡᠭᠴᠢᠳ ᠲᠥ ᠬᠤᠳᠠᠯᠳᠤᠭ᠎ᠠ᠂ ᠪᠢᠽᠢᠨ᠋᠋ᠧᠰ ᠡᠷᠬᠢᠯᠡᠬᠦ ᠢᠯᠡᠭᠦᠦ ᠲᠠᠭᠠᠲᠠᠢ ᠣᠷᠴᠢᠨ ᠪᠦᠷᠢᠳᠦᠭᠦᠯᠬᠦ᠂ ᠡᠯᠳᠡᠪ ᠰᠢᠲᠠ ᠳᠠᠮᠵᠢᠯᠭ᠎ᠠ ᠢᠢ ᠴᠥᠭᠡᠷᠡᠭᠦᠯᠬᠦ ᠵᠡᠷᠭᠡ ᠠᠷᠭ᠎ᠠ ᠬᠡᠮᠵᠢᠶ᠎ᠡ ᠠᠪᠤᠭᠰᠠᠨ ᠪᠠᠢᠢᠨ᠎ᠠ᠃

 

ᠮᠥᠨ ᠮᠠᠨ ᠤ ᠤᠯᠤᠰ ᠲᠤ ᠳᠠᠮᠵᠢᠨ ᠥᠩᠭᠡᠷᠡᠬᠦ ᠲᠡᠭᠡᠭᠡᠪᠦᠷᠢ ᠴᠢᠬᠤᠯᠠ ᠠᠴᠢ ᠬᠣᠯᠪᠣᠭᠳᠠᠯ ᠲᠠᠢ ᠪᠠᠢᠢᠳᠠᠭ ᠲᠤᠯᠠ ᠬᠤᠳᠠᠯᠳᠤᠭ᠎ᠠ ᠢᠢ ᠬᠥᠩᠭᠡᠪᠴᠢᠯᠡᠬᠦ ᠠᠰᠠᠭᠤᠳᠠᠯ ᠳᠤ ᠣᠨᠴᠠᠭᠠᠢ ᠠᠩ᠋ᠬᠠᠷᠴᠤ᠂ ᠡᠨᠡ ᠠᠰᠠᠭᠤᠳᠠᠯ ᠢᠢᠠᠷ ᠬᠢ ᠬᠡᠯᠡᠯᠴᠡᠭᠡ ᠢᠢ ᠡᠬᠢᠯᠡᠭᠦᠯᠬᠦ ᠳᠥ ᠶᠡᠬᠡᠬᠡᠨ ᠬᠦᠴᠦᠨ ᠴᠢᠷᠮᠠᠢᠢᠯᠲᠠ ᠭᠠᠷᠭᠠᠭᠰᠠᠨ ᠪᠠᠢᠢᠨ᠎ᠠ᠃

 

ᠢᠩᠭᠢᠭᠡᠳ ᠬᠡᠯᠡᠯᠴᠡᠭᠡᠷ ᠦᠨ ᠦᠷ᠎ᠡ ᠳ᠋ᠦᠩ ᠳᠥ ᠬᠤᠳᠠᠯᠳᠤᠭ᠎ᠠ ᠢᠢ ᠬᠥᠩᠭᠡᠪᠴᠢᠯᠡᠬᠦ ᠬᠡᠯᠡᠯᠴᠡᠭᠡᠷ ᠪᠤᠢ ᠪᠣᠯᠵᠤ᠂ ᠬᠡᠯᠡᠯᠴᠡᠭᠡᠷ ᠲᠥ ᠮᠠᠨ ᠤ ᠤᠯᠤᠰ 2016 ᠣᠨ ᠤ ᠠᠷᠪᠠᠨ ᠨᠢᠭᠡᠳᠦᠭᠡᠷ ᠰᠠᠷ᠎ᠠ ᠳᠤ ᠨᠢᠭᠡᠳᠦᠨ ᠣᠷᠣᠭᠰᠠᠨ ᠶᠤᠮ᠃ ᠬᠡᠯᠡᠯᠴᠡᠭᠡᠷ ᠢ ᠬᠡᠷᠡᠭᠵᠢᠭᠦᠯᠬᠦ ᠵᠣᠷᠢᠯᠭ᠎ᠠ ᠪᠠᠷ ᠭᠠᠳᠠᠭᠠᠳᠤ ᠬᠠᠷᠢᠯᠴᠠᠭᠠᠨ ᠤ ᠰᠠᠢᠢᠳ ᠢᠶᠠᠷ ᠠᠬᠠᠯᠠᠭᠤᠯᠤᠭᠰᠠᠨ ᠦᠨᠳᠦᠰᠦᠨ ᠦ ᠬᠣᠷᠢᠶ᠎ᠠ ᠢᠢ ᠪᠠᠢᠢᠭᠤᠯᠤᠨ ᠠᠵᠢᠯᠯᠠᠵᠤ ᠪᠠᠢᠢᠨ᠎ᠠ᠃