Та "Internet explorer"-ийн сүүлийн хувилбар болох "Microsoft edge"-г ашиглана уу

Хэрэв "Microsoft edge"-г татах бол энд дарж татаж авна уу

ᠠᠨ᠋ᠲ᠋ᠠᠷᠺᠲ᠋ᠢᠳ᠋ ᠲᠢᠪ ᠳ᠋ᠡᠬᠢ ᠮᠣᠩ᠋ᠭᠣᠯ ᠤᠨ ᠪᠠᠭᠠᠵᠠ ᠳᠤ ᠮᠠᠨᠳᠤᠭᠰᠠᠨ ᠲᠥᠷᠦ ᠢᠢᠨ ᠳᠠᠯᠪᠠᠭ᠎ᠠ ᠢᠢ ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠳᠤ ᠭᠠᠷᠳᠠᠭᠤᠯᠪᠠ

ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠥᠨᠥᠳᠥᠷ ᠠᠨ᠋ᠲ᠋ᠠᠷᠺᠲ᠋ᠢᠳ᠋ ᠰᠤᠳᠤᠯᠤᠯ ᠤᠨ ᠲᠥᠪ ᠦᠨ ᠵᠠᠬᠢᠷᠤᠯ᠂ ᠰᠢᠨᠵᠢᠯᠡᠬᠦ ᠤᠬᠠᠭᠠᠨ ᠤ ᠳ᠋ᠣᠺᠲ᠋ᠣᠷ᠂ ᠫᠷᠣᠹᠧᠰᠰᠣᠷ ᠯ ∙ ᠳᠦᠭᠡᠷᠵᠠᠪ ᠢ ᠬᠦᠯᠢᠶᠡᠨ ᠠᠪᠴᠤ ᠠᠭᠤᠯᠵᠠᠪᠠ᠃

 

ᠡᠨᠡ ᠣᠨ ᠳᠤ ᠮᠣᠩ᠋ᠭᠣᠯ ᠤᠯᠤᠰ ᠠᠨ᠋ᠲ᠋ᠠᠷᠺᠲ᠋ᠢᠳ᠋ ᠲᠢᠪ ᠦᠨ ᠰᠤᠳᠤᠯᠭᠠᠨ ᠤ ᠠᠵᠢᠯ ᠳᠤ ᠣᠷᠣᠯᠴᠠᠵᠤ ᠡᠬᠢᠯᠡᠭᠰᠡᠨ ᠦ 10 ᠵᠢᠯ ᠦᠨ ᠣᠢ ᠲᠣᠬᠢᠶᠠᠵᠤ ᠪᠠᠢᠢᠨ᠎ᠠ᠃ ᠡᠨᠡᠬᠦ ᠣᠢ ᠢᠢ ᠲᠣᠬᠢᠶᠠᠯᠳᠤᠭᠤᠯᠤᠨ ᠮᠣᠩ᠋ᠭᠣᠯ ᠤᠨ ᠰᠤᠳᠤᠯᠤᠭᠠᠴᠢᠳ ᠠᠨ᠋ᠲ᠋ᠠᠷᠺᠲ᠋ᠢᠳ᠋ ᠍ ᠤᠨ ᠯᠢᠸᠢᠩᠰᠲ᠋ᠣᠨ ᠠᠷᠠᠯ ᠳ᠋ᠠᠬᠢ ᠪᠣᠯᠭᠠᠷ ᠢᠢᠨ ᠪᠠᠭᠠᠵᠠ ᠢᠢᠨ ᠪᠦᠷᠢᠯᠳᠦᠬᠦᠨ ᠳᠥ ᠣᠷᠣᠵᠤ ᠠᠵᠢᠯᠯᠠᠨ᠂ ᠴᠢᠩᠭᠢᠰ ᠬᠠᠭᠠᠨ ᠤ ᠨᠡᠷᠡᠮᠵᠢᠲᠦ ᠮᠣᠩ᠋ᠭᠣᠯ ᠤᠯᠤᠰ ᠤᠨ ᠰᠤᠳᠤᠯᠭᠠᠨ ᠤ ᠪᠠᠭᠠᠵᠠ ᠢᠢ ᠪᠠᠢᠢᠭᠤᠯᠵᠠᠢ᠃ ᠠᠭᠤᠯᠵᠠᠯᠲᠠ ᠢᠢᠨ ᠦᠶ᠎ᠡ ᠪᠡᠷ ᠫᠷᠣᠹᠧᠰᠰᠣᠷ ᠯ ∙ ᠳᠦᠭᠡᠷᠵᠠᠪ ᠮᠣᠩ᠋ᠭᠣᠯ ᠤᠨ ᠪᠠᠭᠠᠵᠠ ᠳᠤ ᠮᠠᠨᠳᠤᠭᠰᠠᠨ ᠲᠥᠷᠥ ᠢᠢᠨ ᠳᠠᠯᠪᠠᠭ᠎ᠠ ᠢᠢ ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠳᠤ ᠭᠠᠷᠳᠠᠭᠤᠯᠤᠨ ᠥᠭ᠍ᠭᠦᠯ᠎ᠡ᠃

 

ᠲᠤᠢᠢᠯ ᠰᠤᠳᠤᠯᠤᠭᠠᠴᠢ ᠯ ∙ ᠳᠦᠭᠡᠷᠵᠠᠪ ᠣᠳᠣ ᠠᠴᠠ 10 ᠵᠢᠯ ᠦᠨ ᠡᠮᠦᠨ᠎ᠡ ᠠᠨ᠋ᠲ᠋ᠠᠷᠺᠲ᠋ᠢᠳ᠋ ᠲᠢᠪ ᠢ ᠵᠣᠷᠢᠬᠤ ᠠᠶᠠᠯᠠᠯ ᠢᠶᠠᠨ ᠡᠬᠢᠯᠡᠭᠦᠯᠵᠦ ᠪᠠᠢᠢᠭᠰᠠᠨ ᠢ ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠡᠷᠭᠢᠨ ᠳᠤᠷᠠᠰᠤᠭᠠᠳ᠂ ᠰᠤᠳᠤᠯᠭᠠᠨ ᠤ ᠠᠵᠢᠯ ᠳᠤ ᠨᠢ ᠠᠮᠵᠢᠯᠲᠠ ᠬᠦᠰᠡᠪᠡ᠃