Та "Internet explorer"-ийн сүүлийн хувилбар болох "Microsoft edge"-г ашиглана уу

Хэрэв "Microsoft edge"-г татах бол энд дарж татаж авна уу

ᠠᠷᠠᠳ ᠤᠨ ᠤᠷᠠᠨ ᠵᠣᠬᠢᠶᠠᠯᠴᠢ ᠫᠤᠨᠴᠠᠭ ᠤᠨ ᠪᠠᠳᠢᠷᠴᠢ ᠢᠢᠨ 《ᠶᠢᠰᠦᠨ ᠡᠷᠳᠡᠨᠢ ᠢᠢᠨ ᠣᠷᠣᠨ》 ᠨᠠᠢᠢᠷᠠᠭᠯᠠᠯ ᠳᠤ ᠲᠥᠷᠥ ᠢᠢᠨ ᠰᠣᠶᠣᠷᠬᠠᠯ ᠬᠦᠷᠲᠡᠭᠡᠯ᠎ᠡ

ᠲᠤᠯᠭᠤᠷ ᠲᠥᠷᠥ ᠢᠢᠨ 2228 ᠵᠢᠯ᠂ ᠶᠡᠬᠡ ᠮᠣᠩ᠋ᠭᠣᠯ ᠤᠯᠤᠰ ᠪᠠᠢᠢᠭᠤᠯᠤᠭᠳᠠᠰᠤᠨ ᠤ 813 ᠵᠢᠯ᠂ ᠦᠨᠳᠦᠰᠦᠨ ᠦ ᠡᠷᠬᠡ ᠴᠢᠯᠦᠭᠡ᠂ ᠲᠤᠰᠠᠭᠠᠷ ᠲᠣᠭᠲᠠᠨᠢᠯ ᠢᠶᠠᠨ ᠰᠡᠷᠭᠦᠭᠡᠨ ᠮᠠᠨᠳᠤᠭᠤᠯᠤᠭᠰᠠᠨ ᠤ 108 ᠵᠢᠯ᠂ ᠠᠷᠠᠳ ᠤᠨ ᠬᠤᠪᠢᠰᠬᠠᠯ ᠤᠨ 98 ᠵᠢᠯ᠂ ᠠᠷᠠᠳᠴᠢᠯᠠᠭᠰᠠᠨ ᠬᠤᠪᠢᠰᠬᠠᠯ ᠤᠨ 30 ᠵᠢᠯ᠂ ᠮᠣᠩ᠋ᠭᠣᠯ ᠤᠨ ᠤᠯᠠᠮᠵᠢᠯᠠᠯᠲᠤ ᠰᠠᠷ᠎ᠠ ᠰᠢᠨ᠎ᠡ ᠢᠢᠨ ᠪᠠᠶᠠᠷ ᠴᠠᠭᠠᠨ ᠰᠠᠷ᠎ᠠ ᠢᠢ ᠲᠣᠬᠢᠶᠠᠯᠳᠤᠭᠤᠯᠤᠨ ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ 《ᠲᠥᠷᠥ ᠢᠢᠨ ᠱᠠᠩᠨᠠᠯ ᠬᠦᠷᠲᠡᠭᠡᠬᠦ ᠲᠤᠬᠠᠢ》 ᠵᠠᠷᠯᠢᠭ ᠭᠠᠷᠭᠠᠯ᠎ᠠ᠃

 

ᠵᠠᠷᠯᠢᠭ ᠲᠤ᠄

《…ᠮᠣᠩ᠋ᠭᠣᠯ ᠲᠦᠮᠡᠨ ᠦ ᠰᠡᠳᠬᠢᠯ ᠵᠢᠷᠦᠬᠡᠨ ᠳᠥ ᠬᠣᠨᠣᠭᠰᠢᠵᠤ᠂ ᠦᠶ᠎ᠡ ᠡᠴᠡ ᠦᠶ᠎ᠡ ᠳᠥ ᠳᠠᠭᠤᠷᠢᠰᠬᠤ ᠭᠠᠷᠮᠠᠭᠠᠢ ᠪᠦᠲᠦᠭᠡᠯ ᠦᠳ ᠢ ᠲᠤᠭᠤᠷᠪᠢᠨ ᠤᠷᠠᠯᠢᠭ᠂ ᠤᠷᠠᠨ ᠵᠣᠬᠢᠶᠠᠯ ᠤᠨ ᠪᠣᠯᠪᠠᠰᠤᠷᠠᠯ᠂ ᠭᠣᠸ᠎ᠠ ᠵᠦᠢ᠂ ᠲᠠᠨᠢᠨ ᠮᠡᠳᠡᠬᠦᠢ᠂ ᠰᠣᠶᠣᠨ ᠭᠡᠭᠡᠷᠡᠯ ᠦᠨ ᠪᠠᠬᠠᠷᠬᠠᠯᠲᠤ ᠦᠢᠯᠡᠰ ᠢ ᠪᠦᠲᠦᠭᠡᠵᠦ᠂ ᠮᠣᠩ᠋ᠭᠣᠯ ᠤᠨ ᠤᠷᠠᠨ ᠵᠣᠬᠢᠶᠠᠯ ᠤᠨ ᠬᠥᠭ᠍ᠵᠢᠯ᠂ ᠢᠷᠠᠭᠤ ᠨᠠᠢᠢᠷᠠᠭ ᠤᠨ ᠲᠤᠭᠤᠷᠪᠢᠯ ᠵᠦᠢ᠂ ᠣᠶᠤᠨ ᠰᠠᠨᠠᠭᠠᠨ ᠤ ᠳᠡᠪᠰᠢᠯ ᠳᠥ ᠣᠷᠣᠭᠤᠯᠤᠭᠰᠠᠨ ᠦᠨᠡᠲᠡᠢ ᠬᠤᠪᠢ ᠨᠡᠮᠡᠷᠢ ᠢᠢ ᠨᠢ ᠰᠣᠶᠣᠷᠬᠠᠨ ᠦᠨᠡᠯᠡᠵᠦ᠂ ᠦᠨᠳᠦᠰᠦᠨ ᠦ ᠤᠯᠠᠮᠵᠢᠯᠠᠯ ᠪᠡᠯᠭᠡᠳᠡᠯ ᠢ ᠡᠬᠡ ᠣᠷᠣᠨ ᠤ ᠪᠠᠨ ᠪᠠᠢᠢᠭᠠᠯᠢ᠂ ᠲᠡᠦᠬᠡ᠂ ᠰᠤᠶᠤᠯ᠂ ᠠᠬᠤᠢ ᠳᠤ ᠤᠶᠠᠯᠳᠤᠭᠤᠯᠤᠨ ᠰᠢᠩᠭᠡᠭᠡᠵᠦ᠂ ᠠᠷᠠᠳ ᠢᠷᠭᠡᠳ᠂ ᠵᠠᠯᠠᠭᠤ ᠬᠣᠢᠢᠴᠢ ᠦᠶ᠎ᠡ ᠳᠡᠭᠡᠨ ᠡᠷᠬᠡ ᠴᠢᠯᠦᠭᠡ᠂ ᠲᠤᠰᠠᠭᠠᠷ ᠲᠣᠭᠲᠠᠨᠢᠯ᠂ ᠡᠬᠡ ᠣᠷᠣᠨ ᠤ ᠪᠠᠨ ᠡᠩᠨᠡᠰᠢ ᠦᠭᠡᠢ ᠦᠨ᠎ᠡ ᠴᠡᠨ᠎ᠡ᠂ ᠢᠷᠠᠭᠤ ᠭᠠᠢᠢᠬᠠᠮᠰᠢᠭ ᠢ ᠲᠠᠨᠢᠭᠤᠯᠤᠭᠰᠠᠨ 《ᠶᠢᠰᠦᠨ ᠡᠷᠳᠡᠨᠢ ᠢᠢᠨ ᠣᠷᠣᠨ》 ᠨᠠᠢᠢᠷᠠᠭᠯᠠᠯ ᠲᠤᠭᠤᠷᠪᠢᠭᠰᠠᠨ ᠮᠣᠩ᠋ᠭᠣᠯ ᠤᠯᠤᠰ ᠤᠨ ᠠᠷᠠᠳ ᠤᠨ ᠤᠷᠠᠨ ᠵᠣᠬᠢᠶᠠᠯᠴᠢ ᠫᠤᠨᠴᠠᠭ ᠤᠨ ᠪᠠᠳᠢᠷᠴᠢ ᠳᠤ ᠮᠣᠩ᠋ᠭᠣᠯ ᠤᠯᠤᠰ ᠤᠨ ᠲᠥᠷᠥ ᠢᠢᠨ ᠱᠠᠩᠨᠠᠯ ᠬᠦᠷᠲᠡᠭᠡᠰᠦᠭᠡᠢ》 ᠭᠡᠵᠡᠢ᠃

 

ᠲᠥᠷᠥ ᠢᠢᠨ ᠱᠠᠩᠨᠠᠯ ᠬᠦᠷᠲᠡᠭᠡᠬᠦ ᠲᠤᠬᠠᠢ ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠵᠠᠷᠯᠢᠭ ᠢ ᠤᠩᠰᠢᠵᠤ ᠰᠣᠨᠣᠷᠳᠠᠭᠤᠯᠤᠭᠰᠠᠨ ᠤ ᠳᠠᠷᠠᠭ᠎ᠠ ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠲᠥᠷᠥ ᠢᠢᠨ ᠰᠣᠶᠣᠷᠬᠠᠯ ᠢ ᠠᠷᠠᠳ ᠤᠨ ᠤᠷᠠᠨ ᠵᠣᠬᠢᠶᠠᠯᠴᠢ ᠫᠤᠨᠴᠠᠭ ᠤᠨ ᠪᠠᠳᠢᠷᠴᠢ ᠳᠤ ᠭᠠᠷᠳᠠᠭᠤᠯᠵᠤ᠂ ᠦᠭᠡ ᠬᠡᠯᠡᠯ᠎ᠡ᠃

 

ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠄

《ᠪᠢᠯᠢᠭ᠌ ᠦᠨ ᠲᠣᠭᠠᠯᠠᠯ ᠤᠨ ᠰᠢᠨ᠎ᠡ ᠢᠢᠨ ᠨᠢᠭᠡᠨ᠂ ᠰᠠᠷ᠎ᠠ ᠰᠢᠨ᠎ᠡ ᠢᠢᠨ ᠪᠠᠶᠠᠷ ᠤᠨ ᠪᠣᠰᠬᠠᠨ ᠳᠡᠭᠡᠷ᠎ᠡ ᠠᠷᠠᠳ ᠤᠨ ᠤᠷᠠᠨ ᠵᠣᠬᠢᠶᠠᠯᠴᠢ ᠫᠤᠨᠴᠠᠭ ᠤᠨ ᠪᠠᠳᠢᠷᠴᠢ ᠭᠤᠸᠠᠢ ᠲᠥᠷᠥ ᠢᠢᠨ ᠱᠠᠩᠨᠠᠯ ᠢ ᠬᠦᠷᠲᠡᠵᠦ ᠪᠠᠢᠢᠨ᠎ᠠ᠃

 

ᠮᠣᠩ᠋ᠭᠣᠯ ᠬᠦᠮᠦᠨ ᠪᠦᠷᠢ ᠫᠤ ∙ ᠪᠠᠳᠢᠷᠴᠢ ᠭᠤᠸᠠᠢ ᠢᠢᠨ ᠰᠢᠯᠦᠭ᠂ ᠨᠠᠢᠢᠷᠠᠭᠯᠠᠯ ᠤᠳ ᠢ ᠤᠩᠰᠢᠵᠤ ᠥᠰᠦᠭᠰᠡᠨ᠂ ᠡᠬᠡ ᠬᠡᠯᠡᠨ ᠦ ᠪᠡᠨ ᠢᠷᠠᠭᠤ ᠰᠠᠢᠢᠬᠠᠨ ᠢ ᠲᠡᠭᠦᠨ ᠦ ᠪᠦᠲᠦᠭᠡᠯ ᠦᠳ ᠡᠴᠡ ᠮᠡᠳᠡᠷᠡᠳᠡᠭ ᠪᠣᠯᠤᠭᠰᠠᠨ ᠭᠡᠬᠦ ᠳᠥ ᠡᠷᠡᠭᠡᠯᠵᠡᠬᠦ᠂ ᠮᠠᠷᠭᠤᠯᠳᠤᠬᠤ ᠬᠦᠮᠦᠨ ᠪᠠᠢᠢᠬᠤ ᠦᠭᠡᠢ ᠪᠢᠵᠡ ᠡ᠃ 1976 ᠣᠨ ᠳᠤ ᠫᠤ ∙ ᠪᠠᠳᠢᠷᠴᠢ ᠢᠢᠨ 《ᠶᠢᠰᠦᠨ ᠡᠷᠳᠡᠨᠢ ᠢᠢᠨ ᠣᠷᠣᠨ》 ᠨᠠᠢᠢᠷᠠᠭᠯᠠᠯ ᠶᠡᠷᠦᠩᠬᠡᠢ ᠪᠣᠯᠪᠠᠰᠤᠷᠠᠯ ᠤᠨ ᠰᠤᠷᠭᠠᠭᠤᠯᠢ ᠢᠢᠨ ᠰᠤᠷᠬᠤ ᠪᠢᠴᠢᠭ᠌ ᠲᠥ ᠣᠷᠣᠭᠰᠠᠨ ᠪᠠᠢᠢᠳᠠᠭ ᠠᠭᠠᠳ ᠡᠨᠡ ᠪᠦᠲᠦᠭᠡᠯ ᠢᠶᠡᠷ ᠬᠡᠦᠬᠡᠳ ᠪᠠᠭᠠᠴᠤᠳ ᠡᠬᠡ ᠣᠷᠣᠨ ᠢᠶᠠᠨ ᠬᠠᠢᠢᠷᠠᠯᠠᠬᠤ ᠠᠩᠬᠠᠳᠠᠭᠴᠢ ᠰᠡᠳᠬᠢᠬᠦᠢ᠂ ᠮᠡᠳᠡᠷᠡᠮᠵᠢ ᠪᠡᠨ ᠣᠯᠵᠤ ᠠᠪᠳᠠᠭ ᠶᠤᠮ᠃

 

ᠫᠤ ∙ ᠪᠠᠳᠢᠷᠴᠢ ᠭᠤᠸᠠᠢ ᠢᠢᠨ ᠬᠢᠭ᠍ᠰᠡᠨ ᠪᠦᠲᠦᠭᠡᠭ᠍ᠰᠡᠨ ᠵᠦᠢᠯᠡᠰ ᠨᠢ ᠣᠯᠠᠨ ᠤ ᠨᠢᠳᠦᠨ ᠳᠥ ᠢᠯᠡᠬᠡᠨ᠂ ᠨᠣᠮᠣᠨ ᠳᠤ ᠰᠢᠩᠭᠡᠵᠦ᠂ ᠠᠷᠠᠳ ᠤᠨ ᠢᠶᠠᠨ ᠰᠡᠳᠬᠢᠯ ᠳᠥ ᠬᠣᠨᠣᠭᠰᠢᠭᠰᠠᠨ ᠲᠤᠯᠠ ᠪᠢ ᠢᠯᠡᠭᠦᠦ ᠢᠢ ᠲᠣᠭᠣᠴᠢᠵᠤ ᠴᠠᠭ ᠪᠠᠷᠠᠬᠤ ᠨᠢ ᠢᠯᠡᠭᠦᠴᠡ ᠪᠢᠵᠡ᠃

 

ᠢᠩᠭᠢᠭᠡᠳ ᠲᠥᠷᠥ ᠢᠢᠨ ᠱᠠᠩᠨᠠᠯ ᠬᠦᠷᠢᠲᠦᠭᠰᠡᠨ ᠫᠤ ∙ ᠪᠠᠳᠢᠷᠴᠢ ᠭᠤᠸᠠᠢ ᠲᠠᠨ ᠳᠤ ᠡᠷᠡᠭᠦᠯ ᠡᠩᠬᠡ ᠤᠷᠲᠤ ᠤᠳᠠᠭᠠᠨ ᠨᠠᠰᠤᠯᠠᠵᠤ᠂ ᠶᠡᠬᠡ ᠢᠢ ᠪᠦᠲᠦᠭᠡᠬᠦ ᠢᠢ ᠢᠷᠦᠭᠡᠶ᠎ᠡ᠃ ᠮᠢᠨᠦ ᠡᠬᠡ ᠣᠷᠣᠨ ᠠᠪᠢᠶᠠᠰ ᠡᠷᠳᠡᠨᠢ ᠢᠢᠨ ᠪᠢᠯᠡ᠃

 

ᠮᠥᠩᠬᠡ ᠲᠩᠷᠢ ᠢᠢᠨ ᠬᠦᠴᠦᠨ ᠳᠣᠣᠷ᠎ᠠ ᠮᠣᠩ᠋ᠭᠣᠯ ᠤᠨ ᠤᠷᠠᠯᠢᠭ ᠰᠤᠶᠤᠯ ᠳᠡᠯᠭᠡᠷᠡᠵᠦ᠂ ᠠᠪᠢᠶᠠᠰ ᠪᠢᠯᠢᠭᠲᠡᠨ ᠨᠦᠭᠦᠳ ᠤᠷᠠᠯᠠᠨ ᠲᠤᠭᠤᠷᠪᠢᠬᠤ ᠨᠢ ᠥᠷᠭᠡᠨ ᠪᠣᠯᠬᠤ ᠪᠣᠯᠲᠤᠭᠠᠢ》 ᠭᠡᠪᠡ᠃

 

ᠠᠷᠠᠳ ᠤᠨ ᠤᠷᠠᠨ ᠵᠣᠬᠢᠶᠠᠯᠴᠢ ᠫᠤ ∙ ᠪᠠᠳᠢᠷᠴᠢ ᠭᠤᠸᠠᠢ ᠲᠥᠷᠥ ᠢᠢᠨ ᠰᠣᠶᠣᠷᠬᠠᠯ ᠬᠦᠷᠲᠡᠭᠰᠡᠨ ᠦ ᠪᠡᠨ ᠳᠠᠷᠠᠭ᠎ᠠ ᠶᠢᠰᠦᠨ ᠡᠷᠳᠡᠨᠢ ᠢᠢᠨ ᠣᠷᠣᠨ ᠨᠠᠢᠢᠷᠠᠭᠯᠠᠯ ᠢᠶᠠᠨ ᠬᠡᠷᠬᠢᠨ ᠪᠢᠴᠢᠬᠦ ᠪᠣᠯᠤᠭᠰᠠᠨ ᠲᠠᠯ᠎ᠠ ᠪᠠᠷ ᠢᠶᠠᠨ ᠳᠤᠷᠠᠰᠤᠨ ᠶᠠᠷᠢᠵᠤ᠂

 

《…ᠢᠯᠴᠢ ᠭᠡᠷᠡᠯ ᠦᠨ ᠭᠠᠢᠢᠬᠠᠮᠰᠢᠭ ᠮᠠᠨᠳᠤᠭᠰᠠᠨ ᠨᠠᠷᠠ ᠠᠯᠲᠠᠨ ᠪᠢᠯᠡ

ᠡᠩ ᠦᠭᠡᠢ ᠥᠷᠭᠡᠨ ᠲᠠᠯ᠎ᠠ ᠢᠢᠨ ᠰᠢᠮᠡᠲᠦ ᠬᠥᠷᠦᠭᠰᠡᠨ ᠳᠥ ᠲᠥᠯᠵᠢᠵᠦ

ᠡᠷᠳᠡᠨᠢ ᠢᠢᠨ ᠲᠦᠷᠦᠭᠦᠦ ᠰᠤᠭᠰᠤᠷᠤᠭᠤᠯᠤᠭᠰᠠᠨ ᠠᠮᠤ ᠲᠠᠷᠢᠶ᠎ᠠ ᠠᠯᠲᠠᠨ ᠪᠢᠯᠡ

ᠡᠨᠡ ᠰᠠᠢᠢᠬᠠᠨ ᠮᠣᠩ᠋ᠭᠣᠯ ᠤᠨ ᠤᠳᠤᠮ ᠵᠠᠯᠭᠠᠭᠰᠠᠨ ᠪᠦᠯᠢ

ᠡᠩᠬᠦᠷᠡᠢ ᠬᠣᠣᠰ ᠠᠮᠠᠷᠠᠭ ᠤᠨ ᠳᠤᠷᠠᠰᠬᠠᠯ ᠤᠨ ᠪᠥᠭᠡᠵᠢ ᠨᠢ ᠠᠯᠲᠠᠨ ᠪᠢᠯᠡ

ᠡᠨᠡᠷᠢᠯᠲᠦ ᠲᠥᠷᠥ ᠢᠢᠨ ᠳᠠᠯᠪᠠᠭᠠᠨ ᠳᠤ ᠡᠭᠡᠨᠡᠭᠲᠡ ᠥᠩᠭᠡᠯᠢᠭ᠌ ᠭᠢᠯᠠᠯᠵᠠᠭ᠍ᠰᠠᠨ

ᠡᠷᠳᠡᠨᠢ ᠢᠢᠨ ᠰᠣᠶᠣᠮᠪᠣ ᠦᠰᠦᠭ

ᠡᠯᠡᠭᠳᠡᠰᠢ ᠦᠭᠡᠢ ᠠᠯᠲᠠᠨ ᠪᠢᠯᠡ

ᠠᠪᠤᠷᠠᠯ ᠤᠨ ᠭᠡᠭᠡᠨ ᠨᠠᠷᠠᠨ ᠨᠢ ᠠᠯᠲᠠᠨ

ᠠᠴᠢᠲᠤ ᠲᠥᠷᠥ ᠢᠢᠨ ᠰᠦᠯᠳᠡ ᠨᠢ ᠠᠯᠲᠠᠨ

ᠠᠷᠪᠠᠢ ᠢᠢᠨ ᠲᠦᠮᠡᠨ ᠲᠦᠷᠦᠭᠦᠦ ᠨᠢ ᠠᠯᠲᠠᠨ

ᠠᠮᠠᠷᠠᠭ ᠬᠣᠣᠰ ᠤᠨ ᠳᠤᠷᠠᠰᠬᠠᠯ ᠨᠢ ᠠᠯᠲᠠᠨ

ᠮᠢᠨᠦ ᠡᠬᠡ ᠣᠷᠣᠨ ᠠᠯᠲᠠᠨ ᠡᠷᠳᠡᠨᠢ ᠢᠢᠨ ᠪᠢᠯᠡ…》 ᠬᠡᠮᠡᠨ ᠰᠢᠯᠦᠭᠯᠡᠯ᠎ᠡ᠃