Та "Internet explorer"-ийн сүүлийн хувилбар болох "Microsoft edge"-г ашиглана уу

Хэрэв "Microsoft edge"-г татах бол энд дарж татаж авна уу

ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠢᠢᠨ ᠰᠠᠷ᠎ᠠ ᠰᠢᠨ᠎ᠡ ᠢᠢᠨ ᠮᠡᠨᠳᠦᠴᠢᠯᠡᠭᠡ

XVII ᠵᠢᠷᠠᠨ ᠤ 《ᠤᠷᠪᠠᠭᠤᠯᠤᠭᠴᠢ》 ᠬᠡᠮᠡᠬᠦ ᠰᠢᠷᠠᠭᠴᠢᠨ ᠭᠠᠬᠠᠢ ᠵᠢᠯ ᠦᠨ ᠬᠠᠪᠤᠷ ᠤᠨ ᠲᠡᠷᠢᠭᠦᠨ ᠰᠠᠷ᠎ᠠ ᠢᠢᠨ ᠰᠠᠷ᠎ᠠ ᠰᠢᠨ᠎ᠡ ᠢᠢᠨ ᠪᠠᠶᠠᠷ ᠲᠤ ᠵᠣᠷᠢᠭᠤᠯᠤᠨ ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠠᠷᠠᠳ ᠲᠦᠮᠡᠨ ᠳᠥ ᠪᠡᠨ ᠬᠠᠨᠳᠤᠨ ᠮᠡᠨᠳᠦᠴᠢᠯᠡᠭᠡ ᠳᠡᠪᠰᠢᠭᠦᠯᠦᠯ᠎ᠡ᠃

 

ᠮᠡᠨᠳᠦᠴᠢᠯᠡᠭᠡ ᠄

 

ᠳᠠᠭ᠎ᠠ ᠳᠠᠯᠩ ᠲᠠᠢ᠂ ᠪᠢᠷᠠᠭᠤ ᠪᠤᠯᠴᠢᠩ ᠲᠠᠢ᠂ ᠰᠦᠷᠦᠭ ᠮᠠᠯ ᠣᠨ ᠳᠤ ᠮᠡᠨᠳᠦ᠂ ᠲᠠᠷᠭᠠᠨ ᠲᠠᠪᠠᠲᠠᠢ ᠰᠠᠢᠢᠬᠠᠨ ᠤᠷᠤᠪᠠ ᠤᠤ?

 

ᠠᠮᠤᠷ ᠪᠠᠢᠢᠨ᠎ᠠ ᠤᠤ? ᠬᠣᠲᠠᠯᠠ ᠣᠯᠠᠨ ᠢᠶᠠᠷ ᠢᠶᠠᠨ 《ᠲᠡᠢᠢᠨ ᠤᠨᠵᠢᠯᠭᠠᠳᠤ》 ᠬᠡᠮᠡᠬᠦ ᠰᠢᠷᠤᠶ ᠨᠣᠬᠠᠢ ᠵᠢᠯ ᠢᠶᠡᠨ ᠦᠳᠡᠵᠦ᠂ ᠤᠭᠲᠤᠵᠤ ᠪᠤᠢ ᠰᠢᠷᠠᠭᠴᠢᠨ ᠭᠠᠬᠠᠢ ᠵᠢᠯ ᠦᠨ ᠬᠠᠪᠤᠷ ᠤᠨ ᠲᠡᠷᠢᠭᠦᠨ ᠰᠠᠷ᠎ᠠ ᠢᠢᠨ ᠰᠢᠨ᠎ᠡ ᠢᠢᠨ ᠨᠢᠭᠡᠨ ᠦ ᠪᠡᠯᠭᠡᠲᠦ ᠰᠠᠢᠢᠨ ᠡᠳᠦᠷ ᠦᠨ ᠮᠡᠨᠳᠦᠴᠢᠯᠡᠭᠡ ᠢᠢ ᠡᠷᠭᠦᠨ ᠳᠡᠪᠰᠢᠭᠦᠯᠦᠶ᠎ᠡ!

 

ᠲᠤᠰᠠᠭᠠᠷ ᠤᠯᠤᠰ ᠢᠶᠠᠨ ᠰᠡᠷᠭᠦᠭᠡᠨ ᠮᠠᠨᠳᠤᠭᠤᠯᠤᠭᠰᠠᠨ ᠴᠠᠭᠠᠭᠴᠢᠨ ᠭᠠᠬᠠᠢ ᠵᠢᠯ ᠡᠴᠡ ᠡᠨᠡ ᠰᠢᠷᠠᠭᠴᠢᠨ ᠭᠠᠬᠠᠢ ᠵᠢᠯ ᠢ ᠬᠦᠷᠲᠡᠯ᠎ᠡ ᠭᠤᠷᠪᠠᠨ ᠵᠢᠷᠠᠨ ᠳᠠᠮᠨᠠᠭᠤᠯᠤᠨ ᠤᠯᠤᠰ ᠣᠷᠣᠨ ᠤ ᠪᠠᠨ ᠲᠤᠰᠠᠭᠠᠷ ᠲᠣᠭᠲᠠᠨᠢᠯ᠂ ᠬᠥᠭ᠍ᠵᠢᠯ ᠴᠡᠴᠡᠭᠯᠡᠯ᠂ ᠮᠠᠨᠳᠤᠯ ᠪᠠᠳᠠᠷᠠᠯ ᠤᠨ ᠲᠥᠯᠥᠭᠡ ᠠᠮᠢ ᠪᠡᠶ᠎ᠡ ᠦᠯᠦ ᠬᠠᠢᠢᠷᠠᠯᠠᠨ ᠵᠢᠳᠬᠦᠭ᠍ᠰᠡᠨ ᠠᠬᠠᠮᠠᠳ ᠦᠶ᠎ᠡ ᠪᠡᠨ ᠬᠦᠨᠳᠦᠳᠭᠡᠵᠦ᠂ ᠨᠠᠰᠤᠲᠠᠨ ᠪᠤᠭᠤᠷᠤᠯ ᠤᠳ ᠤᠨ ᠢᠶᠠᠨ ᠠᠮᠤᠷ ᠢ ᠡᠷᠢᠨ ᠮᠡᠨᠳᠦᠴᠢᠯᠡᠶ᠎ᠡ!

 

ᠢᠵᠢᠯ ᠮᠥᠷᠡᠨ ᠦ ᠴᠢᠨᠠᠳᠤ ᠠᠴᠠ ᠶᠡᠬᠡ ᠴᠠᠭᠠᠨ ᠬᠡᠷᠡᠮ ᠢ ᠬᠦᠷᠲᠡᠯᠡᠬᠢ ᠥᠷᠭᠡᠨ ᠠᠭᠤᠳᠠᠮ ᠨᠤᠲᠤᠭ ᠲᠤ ᠮᠣᠩ᠋ᠭᠣᠯ ᠬᠡᠯᠡᠲᠡᠨ᠂ ᠮᠣᠩ᠋ᠭᠣᠯ ᠰᠣᠶᠣᠯᠲᠠᠨ᠂ ᠮᠣᠩ᠋ᠭᠣᠯ ᠶᠣᠰᠣᠲᠤᠨ ᠬᠣᠲᠠᠯᠠ ᠣᠯᠠᠨ 《ᠮᠣᠩ᠋ᠭᠣᠯ ᠤᠨ ᠴᠠᠭᠠᠨ ᠰᠠᠷ᠎ᠠ》 ᠍ ᠢ ᠥᠷᠭᠡᠨ ᠳᠡᠯᠭᠡᠷ ᠲᠡᠮᠳᠡᠭᠯᠡᠵᠦ ᠪᠠᠢᠢᠨ᠎ᠠ᠃

 

ᠴᠠᠭᠠᠨ ᠰᠠᠷ᠎ᠠ ᠪᠣᠯ ᠤᠳᠤᠮ ᠰᠤᠳᠤᠷ᠂ ᠤᠷᠤᠭ ᠲᠥᠷᠦᠯ ᠢᠶᠡᠨ ᠮᠡᠳᠡᠯᠴᠡᠬᠦ᠂ ᠲᠥᠷᠦᠳᠦ ᠶᠣᠰᠣ᠂ ᠲᠡᠦᠬᠡ ᠤᠯᠠᠮᠵᠢᠯᠠᠯ ᠢᠶᠠᠨ ᠡᠷᠬᠢᠮᠯᠡᠬᠦ᠂ ᠡᠪ ᠡᠶ᠎ᠡ ᠢᠢ ᠳᠡᠭᠡᠳᠦᠯᠡᠬᠦ᠂ ᠪᠠᠢᠢᠭᠠᠯᠢ ᠳᠡᠯᠡᠬᠡᠢ ᠪᠡᠨ ᠰᠢᠲᠦᠨ ᠵᠣᠬᠢᠴᠠᠯᠳᠤᠬᠤ ᠭᠦᠨ ᠤᠳᠬ᠎ᠠ ᠠᠭᠤᠯᠠᠭᠰᠠᠨ᠂ ᠮᠣᠩ᠋ᠭᠣᠯ ᠲᠦᠮᠡᠨ ᠥᠨᠢᠳᠡ ᠣᠷᠣᠰᠢᠬᠤᠢ ᠢᠢᠨ ᠪᠡᠯᠭᠡᠳᠡᠯ ᠪᠣᠯᠤᠭᠰᠠᠨ ᠮᠣᠩ᠋ᠭᠣᠯ ᠲᠤᠭᠤᠷᠭᠠᠲᠠᠨ ᠤ ᠶᠡᠬᠡ ᠪᠠᠶᠠᠷ ᠶᠣᠰᠣᠯᠠᠯ ᠶᠤᠮ᠃

 

ᠵᠣᠯᠭᠠᠨ ᠪᠤᠢ ᠵᠢᠯ ᠳᠥ ᠪᠡᠨ ᠮᠣᠩ᠋ᠭᠣᠯ ᠤᠨ ᠠᠷᠠᠳ ᠲᠦᠮᠡᠨ ᠨᠡᠢᠢᠲᠡ ᠪᠡᠷ ᠢᠶᠡᠨ ᠪᠠᠶᠠᠯᠢᠭ ᠲᠤ ᠪᠠᠨ ᠡᠵᠡᠨ ᠪᠠᠢᠢᠵᠤ᠂ ᠵᠦᠢ ᠵᠣᠬᠢᠰᠲᠠᠢ ᠠᠰᠢᠭᠯᠠᠵᠤ᠂ ᠦᠷ᠎ᠡ ᠰᠢᠮ᠎ᠡ ᠢᠢ ᠨᠡᠢᠢᠲᠡ ᠪᠡᠷ ᠲᠡᠭᠰᠢ ᠬᠦᠷᠲᠡᠬᠦ ᠢᠢᠨ ᠲᠥᠯᠥᠭᠡ ᠰᠡᠳᠬᠢᠯ ᠢᠶᠡᠨ ᠴᠢᠯᠡᠭᠡᠭ᠍ᠰᠡᠨ ᠣᠨ ᠵᠢᠯ ᠦᠳ ᠦᠨ ᠦᠷ᠎ᠡ ᠳ᠋ᠦᠩ ᠢ ᠪᠣᠳᠠᠲᠤ ᠪᠠᠷ ᠬᠦᠷᠲᠡᠭᠰᠡᠨ ᠵᠢᠯ ᠪᠣᠯᠤᠭᠠᠰᠠᠢ ᠭᠡᠵᠦ ᠢᠲᠡᠭᠡᠵᠦ ᠪᠠᠢᠢᠨ᠎ᠠ᠃

 

ᠨᠡᠢᠢᠲᠡ ᠪᠡᠷ ᠰᠢᠨᠵᠢᠯᠡᠬᠦ ᠤᠬᠠᠭᠠᠨ ᠢ ᠪᠠᠷᠢᠮᠲᠠᠯᠠᠵᠤ᠂ ᠪᠦᠲᠦᠭᠡᠯᠴᠢ ᠪᠡᠷ ᠰᠡᠳᠬᠢᠵᠦ᠂ ᠣᠷᠴᠢᠨ ᠦᠶ᠎ᠡ ᠢᠢᠨ ᠳᠡᠯᠡᠬᠡᠢ ᠳᠠᠬᠢᠨ ᠤ ᠴᠢᠭ᠌ ᠬᠠᠨᠳᠤᠯᠭ᠎ᠠ ᠠᠴᠠ ᠬᠣᠴᠣᠷᠤᠯ ᠦᠭᠡᠢ ᠰᠤᠷᠤᠯᠴᠠᠵᠤ᠂ ᠣᠯᠤᠯᠲᠠ ᠪᠦᠲᠦᠭᠡᠯ ᠢ ᠰᠢᠮᠳᠠᠨ ᠡᠵᠡᠮᠰᠢᠵᠦ᠂ ᠤᠯᠤᠰ ᠣᠷᠣᠨ ᠢᠶᠠᠨ ᠬᠥᠭ᠍ᠵᠢᠭᠦᠯᠦᠨ ᠪᠠᠳᠠᠷᠠᠭᠠᠵᠠᠭᠠᠶ᠎ᠠ!

 

ᠵᠣᠯᠭᠠᠨ ᠪᠤᠢ 《ᠤᠷᠪᠠᠭᠤᠯᠤᠭᠴᠢ》 ᠬᠡᠮᠡᠬᠦ ᠰᠢᠷᠠᠭᠴᠢᠨ ᠭᠠᠬᠠᠢ ᠵᠢᠯ ᠳᠥ ᠪᠡᠨ ᠮᠣᠩ᠋ᠭᠣᠯᠴᠤᠳ ᠮᠠᠨᠢ ᠡᠯᠢᠭᠡ ᠪᠡᠷ ᠢᠶᠡᠨ ᠡᠩᠬᠡ ᠠᠮᠤᠭᠤᠯᠠᠩ᠂ ᠲᠥᠷᠦᠯ ᠢᠶᠡᠷ ᠢᠶᠡᠨ ᠲᠥᠪᠰᠢᠨ ᠠᠮᠤᠭᠤᠯᠠᠩ ᠪᠠᠢᠢᠵᠤ᠂ ᠶᠠᠭᠤ ᠰᠠᠨᠠᠭᠰᠠᠨ ᠶᠢᠰᠦᠨ ᠴᠠᠭᠠᠨ ᠬᠦᠰᠡᠯ ᠲᠠᠨᠢ ᠰᠡᠳᠬᠢᠯᠴᠢᠯᠡᠨ ᠪᠦᠲᠦᠬᠦ ᠢᠢᠨ ᠥᠯᠵᠡᠢ ᠲᠡᠢ ᠰᠠᠢᠢᠬᠠᠨ ᠢᠷᠦᠭᠡᠯ ᠢ ᠲᠥᠷᠦ ᠢᠢᠨ ᠲᠡᠷᠢᠭᠦᠨ ᠮᠢᠨᠤ ᠪᠡᠶ᠎ᠡ ᠲᠦᠮᠡᠨ ᠣᠯᠠᠨ ᠲᠠ ᠪᠦᠬᠦᠨ ᠳᠥ ᠪᠡᠨ ᠡᠷᠭᠦᠨ ᠳᠡᠪᠰᠢᠭᠦᠯᠵᠦ ᠪᠠᠢᠢᠨ᠎ᠠ᠃

 

ᠮᠥᠩᠬᠡ ᠲᠩᠷᠢ ᠮᠣᠩ᠋ᠭᠣᠯ ᠲᠥᠷᠥ ᠢᠢ ᠥᠨᠢᠳᠡ ᠢᠪᠡᠭᠡᠵᠦ᠂ ᠮᠣᠩ᠋ᠭᠣᠯ ᠲᠦᠮᠡᠨ ᠢ ᠠᠰᠢᠳᠠ ᠲᠡᠳᠭᠦᠬᠦ ᠪᠣᠯᠲᠤᠭᠠᠢ!

 

ᠰᠠᠷ᠎ᠠ ᠰᠢᠨ᠎ᠡ ᠳᠦ ᠪᠡᠨ ᠰᠠᠢᠢᠬᠠᠨ ᠰᠢᠨᠡᠯᠡᠭᠡᠷᠡᠢ!