Та "Internet explorer"-ийн сүүлийн хувилбар болох "Microsoft edge"-г ашиглана уу

Хэрэв "Microsoft edge"-г татах бол энд дарж татаж авна уу

ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠶᠢᠰᠦᠨ ᠬᠥᠯᠲᠦ ᠴᠠᠭᠠᠨ ᠲᠤᠭ ᠳᠤ ᠬᠦᠨᠳᠦᠳᠬᠡᠯ ᠦᠵᠡᠭᠦᠯᠵᠦ᠂ ᠲᠥᠷᠥ ᠢᠢᠨ ᠵᠣᠯᠭᠠᠯᠲᠠ ᠬᠢᠪᠡ

XVII ᠵᠢᠷᠠᠨ ᠤ 《ᠤᠷᠪᠠᠭᠤᠯᠤᠭᠴᠢ》 ᠬᠡᠮᠡᠬᠦ ᠰᠢᠷᠠᠭᠴᠢᠨ ᠭᠠᠬᠠᠢ ᠵᠢᠯ ᠦᠨ ᠬᠠᠪᠤᠷ ᠤᠨ ᠲᠡᠷᠢᠭᠦᠨ ᠰᠠᠷ᠎ᠠ ᠢᠢᠨ ᠰᠢᠨ᠎ᠡ ᠢᠢᠨ ᠨᠢᠭᠡᠨ ᠦ ᠥᠷᠯᠥᠭᠡ 09᠄00 ᠴᠠᠭ ᠲᠤ ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠮᠣᠩ᠋ᠭᠣᠯ ᠤᠯᠤᠰ ᠤᠨ ᠲᠥᠷᠥ ᠥᠨᠢ ᠮᠥᠩᠬᠡᠳᠡ ᠮᠠᠨᠳᠤᠨ ᠪᠠᠳᠠᠷᠠᠵᠤ᠂ ᠲᠥᠷᠥ ᠤᠯᠤᠰ᠂ ᠲᠦᠮᠡᠨ ᠣᠯᠠᠨ ᠠᠮᠤᠷ ᠲᠥᠪᠰᠢᠨ ᠠᠵᠤ ᠲᠥᠷᠥᠬᠦ ᠢᠢᠨ ᠪᠡᠯᠭᠡᠳᠡᠯ ᠪᠣᠯᠤᠭᠰᠠᠨ ᠲᠥᠷᠥ ᠢᠢᠨ ᠶᠢᠰᠦᠨ ᠬᠥᠯᠲᠦ ᠴᠠᠭᠠᠨ ᠲᠤᠭ ᠳᠤ ᠬᠦᠨᠳᠦᠳᠬᠡᠯ ᠦᠵᠡᠭᠦᠯᠦᠯ᠎ᠡ᠃

 

ᠡᠭᠦᠨ ᠦ ᠳᠠᠷᠠᠭ᠎ᠠ ᠲᠥᠷᠥ ᠢᠢᠨ ᠶᠣᠰᠣᠯᠠᠯ ᠬᠦᠨᠳᠦᠳᠬᠡᠯ ᠦᠨ ᠥᠷᠭᠥᠭᠡ ᠭᠡᠷ ᠲᠥ ᠮᠣᠩ᠋ᠭᠣᠯ ᠤᠯᠤᠰ ᠤᠨ ᠶᠡᠬᠡ ᠬᠤᠷᠠᠯ ᠤᠨ ᠳᠠᠷᠤᠭ᠎ᠠ ᠭ ∙ ᠽᠠᠨᠳᠠᠨᠰᠢᠲᠠᠷ᠎ᠠ᠂ ᠮᠣᠩ᠋ᠭᠣᠯ ᠤᠯᠤᠰ ᠤᠨ ᠶᠡᠷᠦᠩᠬᠡᠢ ᠰᠠᠢᠢᠳ ᠤ᠊ ∙ ᠬᠦᠷᠦᠯᠰᠦ᠋ᠬᠡ ᠨᠠᠷ ᠠᠯᠳᠠ ᠴᠡᠩᠬᠡᠷ ᠬᠠᠳᠠᠭ ᠳᠡᠯᠭᠡᠨ ᠲᠥᠷᠥ ᠢᠢᠨ ᠲᠡᠷᠢᠭᠦᠨ ᠦ ᠠᠮᠤᠷ ᠮᠡᠨᠳᠦ ᠢᠢ ᠠᠢᠢᠯᠠᠳᠬᠠᠨ ᠵᠣᠯᠭᠠᠵᠤ᠂ ᠬᠥᠭᠦᠷᠭᠡ ᠵᠥᠷᠢᠭᠦᠯᠦᠨ ᠮᠡᠨᠳᠦ ᠮᠡᠳᠡᠯᠴᠡᠵᠦ᠂ ᠨᠠᠯᠠᠭᠠᠷ ᠬᠠᠪᠤᠷ ᠲᠠᠢ ᠵᠣᠯᠭᠠᠵᠤ ᠪᠠᠢᠢᠭ᠎ᠠ ᠲᠠᠯ᠎ᠠ ᠪᠠᠷ ᠶᠠᠷᠢᠯᠴᠠᠯ᠎ᠠ᠃

 

ᠤᠯᠠᠮᠵᠢᠯᠠᠯ ᠶᠣᠰᠣᠭᠠᠷ ᠲᠥᠷᠥ ᠢᠢᠨ ᠵᠣᠯᠭᠠᠯᠲᠠ ᠢᠢᠨ ᠳᠠᠷᠠᠭ᠎ᠠ ᠮᠣᠩ᠋ᠭᠣᠯ ᠤᠯᠤᠰ ᠤᠨ ᠠᠷᠠᠳ ᠤᠨ ᠵᠦᠵᠦᠭᠡᠴᠢᠨ᠂ ᠰᠤᠶᠤᠯ ᠤᠨ ᠭᠠᠪᠢᠶᠠᠲᠤ ᠵᠢᠳᠬᠦᠯᠲᠡᠨ ᠢᠷᠦᠭᠡᠯᠴᠢ᠂ ᠮᠠᠭᠲᠠᠭᠠᠯᠴᠢ᠂ ᠳᠥᠷᠦ ᠢᠢᠨ ᠬᠠᠨ ᠬᠤᠭᠤᠷᠴᠢ ᠴ ∙ ᠴᠡᠷᠢᠩᠳᠣᠷᠵᠢ ᠲᠥᠷᠥ ᠢᠢᠨ ᠬᠠᠨ ᠬᠤᠭᠤᠷ ᠤᠨ ᠬᠥᠭ᠌ ᠠᠶᠠᠯᠭᠤ ᠢᠢ ᠲᠠᠭᠠᠷᠠᠭᠤᠯᠵᠤ᠂ ᠬᠠᠨ ᠬᠤᠭᠤᠷ ᠢ ᠡᠭᠡᠰᠢᠭᠯᠡᠭᠦᠯᠦᠨ ᠲᠤᠬᠠᠢ ᠢᠢᠨ ᠵᠢᠯ ᠦᠨ ᠵᠢᠪᠠᠷ ᠢ ᠦᠷᠭᠦᠭᠡᠬᠦ ᠶᠣᠰᠣᠯᠠᠯ ᠦᠢᠯᠡᠳᠪᠡ᠃

 

ᠳᠠᠷᠠᠭ᠎ᠠ ᠮᠣᠩ᠋ᠭᠣᠯ ᠤᠯᠤᠰ ᠤᠨ ᠠᠷᠠᠳ ᠤᠨ ᠵᠦᠵᠦᠭᠡᠴᠢᠨ᠂ ᠰᠤᠶᠤᠯ ᠤᠨ ᠭᠠᠪᠢᠶᠠᠲᠤ ᠵᠢᠳᠬᠦᠯᠲᠡᠨ ᠢᠷᠦᠭᠡᠯᠴᠢ᠂ ᠮᠠᠭᠲᠠᠭᠠᠯᠴᠢ᠂ ᠳᠥᠷᠦ ᠢᠢᠨ ᠬᠠᠨ ᠬᠤᠭᠤᠷᠴᠢ ᠴ ∙ ᠴᠡᠷᠢᠩᠳᠣᠷᠵᠢ ᠬᠠᠨ ᠬᠤᠭᠤᠷ ᠤᠨ ᠡᠭᠡᠰᠢᠭ᠌ ᠳᠣᠣᠷ᠎ᠠ ᠠᠶᠠᠯᠭᠤᠯᠠᠨ ᠬᠡᠯᠡᠭᠰᠡᠨ ᠮᠠᠭᠲᠠᠭᠠᠯ ᠳᠤ ᠪᠠᠨ᠄

 

《ᠵᠡ ᠬᠥ᠂ ᠲᠡᠭᠦᠯᠳᠡᠷ ᠮᠣᠩ᠋ᠭᠣᠯ ᠣᠷᠣᠨ ᠤ ᠪᠠᠨ

ᠲᠥᠷᠥ ᠢᠢᠨ ᠮᠠᠭᠲᠠᠭᠠᠯ ᠢ ᠠᠶᠠᠯᠭᠤᠯᠠᠨ ᠠᠢᠢᠯᠠᠳᠬᠠᠶ᠎ᠠ᠃

 

ᠡᠬᠡ ᠣᠷᠣᠨ ᠲᠤᠰᠠᠭᠠᠷ ᠲᠣᠭᠲᠠᠨᠢᠯ ᠢᠶᠠᠨ

ᠡᠷᠬᠢᠮ ᠲᠥᠷᠥ ᠪᠡᠨ᠂ ᠲᠠᠮᠠᠭ᠎ᠠ᠂ ᠰᠦᠯᠳᠡ ᠪᠡᠨ

ᠠᠯᠲᠠᠨ ᠰᠣᠶᠣᠮᠪᠣ ᠳᠤ ᠳᠠᠯᠪᠠᠭ᠎ᠠ ᠢᠢ ᠪᠠᠨ

ᠠᠭᠤᠤ ᠵᠢᠪᠬᠤᠯᠠᠩᠳᠤ ᠲᠥᠷᠥ ᠢᠢᠨ ᠰᠦᠯᠳᠡ ᠪᠡᠨ

ᠡᠴᠢᠭᠡ ᠲᠩᠷᠢ᠂ ᠡᠬᠡ ᠭᠠᠵᠠᠷ ᠲᠤ ᠪᠠᠨ

ᠡᠵᠡᠨ ᠶᠡᠬᠡ ᠴᠢᠩᠭᠢᠰ ᠬᠠᠭᠠᠨ ᠳᠤ ᠪᠠᠨ

ᠶᠢᠰᠦᠨ ᠴᠠᠭᠠᠨ ᠲᠤᠭ ᠲᠤ ᠪᠠᠨ

ᠰᠦᠰᠦᠯᠡᠨ ᠳᠡᠭᠡᠳᠦᠯᠡᠵᠦ ᠳᠠᠭᠠᠳᠬᠠᠶ᠎ᠠ᠃

 

ᠠᠰᠢᠳᠠ ᠮᠥᠩᠬᠡ ᠢᠢᠨ ᠨᠢᠭᠤᠴᠠ ᠲᠣᠪᠴᠢᠶ᠎ᠠ ᠢᠢ ᠪᠠᠨ

ᠠᠶᠠᠯᠭᠤ ᠡᠭᠡᠰᠢᠭᠯᠡᠩᠲᠦ ᠬᠠᠨ ᠬᠤᠭᠤᠷ ᠢᠶᠠᠨ

ᠬᠠᠢᠢᠷᠠᠯᠠᠨ ᠰᠠᠬᠢᠳᠠᠭ ᠦᠨᠳᠦᠰᠦᠨ ᠬᠠᠤᠯᠢ ᠪᠠᠨ

ᠬᠠᠷ᠎ᠠ ᠰᠦᠯᠳᠡ᠂ ᠲᠥᠷᠥ ᠢᠢᠨ ᠣᠷᠳᠣᠨ ᠢᠶᠠᠨ

ᠡᠴᠢᠭᠡ ᠲᠩᠷᠢ᠂ ᠡᠬᠡ ᠭᠠᠵᠠᠷ ᠲᠤ ᠪᠠᠨ

ᠡᠵᠡᠨ ᠶᠡᠬᠡ ᠴᠢᠩᠭᠢᠰ ᠬᠠᠭᠠᠨ ᠳᠤ ᠪᠠᠨ

ᠶᠢᠰᠦᠨ ᠴᠠᠭᠠᠨ ᠲᠤᠭ ᠲᠤ ᠪᠠᠨ

ᠰᠦᠰᠦᠯᠡᠨ ᠳᠡᠭᠡᠳᠦᠯᠡᠵᠦ ᠳᠠᠭᠠᠳᠬᠠᠶ᠎ᠠ᠃

 

ᠬᠠᠨᠠᠲᠤ ᠮᠣᠩ᠋ᠭᠣᠯ᠂ ᠬᠠᠭᠠᠨ ᠴᠢᠩᠭᠢᠰ ᠢᠶᠡᠨ ᠪᠢᠰᠢᠷᠡᠲᠦᠭᠡᠢ᠃

ᠡᠷᠦᠬᠡᠳᠦ ᠮᠣᠩ᠋ᠭᠣᠯ ᠥᠷᠨᠢᠨ ᠳᠡᠪᠵᠢᠭᠰᠡᠭᠡᠷ ᠬᠥᠭ᠍ᠵᠢᠲᠦᠭᠡᠢ᠃

ᠡᠵᠡᠨ ᠲᠦᠮᠡᠨ ᠡᠪ ᠡᠶᠡᠲᠡᠢ ᠠᠮᠤᠭᠤᠯᠠᠩ ᠪᠠᠢᠢᠲᠤᠭᠠᠢ᠃

ᠡᠷᠡᠯᠬᠡᠭ᠌ ᠮᠣᠩ᠋ᠭᠣᠯ ᠮᠥᠩᠬᠡ ᠲᠩᠷᠢ ᠢᠢᠨ ᠬᠦᠴᠦᠨ ᠳᠣᠣᠷ᠎ᠠ ᠮᠠᠨᠳᠤᠨ ᠪᠠᠳᠠᠷᠠᠲᠤᠭᠠᠢ》 ᠬᠡᠮᠡᠨ ᠢᠷᠦᠭᠡᠵᠦ ᠭᠤᠷᠪᠠᠨᠲᠠ ᠤᠤᠬᠠᠢᠢᠯᠠᠪᠠ᠃

 

ᠲᠥᠷᠥ ᠢᠢᠨ ᠥᠨᠳᠥᠷᠯᠢᠭ ᠦᠳ ᠬᠠᠨ ᠬᠤᠭᠤᠷ ᠤᠨ ᠬᠥᠭ᠌ ᠡᠭᠡᠰᠢᠭ᠌ ᠰᠠᠢᠢᠬᠠᠨ ᠵᠣᠬᠢᠷᠠᠵᠤ᠂ ᠴᠡᠭᠡᠯ ᠰᠠᠢᠢᠬᠠᠨ ᠳᠤᠤᠭᠠᠷᠴᠤ ᠪᠠᠢᠢᠭᠠᠳ ᠪᠡᠯᠭᠡᠰᠢᠶᠡᠵᠦ ᠪᠠᠢᠢᠨ᠎ᠠ ᠭᠡᠯ᠎ᠡ᠃

 

ᠡᠭᠦᠨ ᠦ ᠳᠠᠷᠠᠭ᠎ᠠ ᠮᠣᠩ᠋ᠭᠣᠯ ᠤᠨ ᠪᠤᠷᠬᠠᠨ ᠱᠠᠰᠢᠨᠲᠠᠨ ᠤ ᠲᠥᠪ ᠭᠠᠨᠳᠠᠩᠳᠡᠭᠴᠡᠩᠯᠢᠩ ᠬᠡᠢᠢᠳ ᠦᠨ ᠲᠡᠷᠢᠭᠦᠨ ᠬᠠᠩᠪᠤ ᠯᠠᠮᠠ᠂ ᠭᠠᠪᠵᠤ ᠲ ∙ ᠴᠣᠢᠢᠵᠠᠮᠴᠤ ᠲᠥᠷᠥ ᠢᠢᠨ ᠬᠦᠨᠳᠦᠳᠬᠡᠯ ᠦᠨ ᠥᠷᠭᠥᠭᠡ ᠭᠡᠷ ᠲᠥ ᠮᠣᠷᠢᠯᠠᠨ ᠢᠷᠡᠵᠦ ᠮᠣᠩ᠋ᠭᠣᠯ ᠤᠯᠤᠰ ᠤᠨ ᠶᠡᠷᠦᠩᠬᠡᠢᠢᠯᠡᠭᠴᠢ᠂ ᠤᠯᠤᠰ ᠤᠨ ᠶᠡᠬᠡ ᠬᠤᠷᠠᠯ ᠤᠨ ᠳᠠᠷᠤᠭ᠎ᠠ᠂ ᠮᠣᠩ᠋ᠭᠣᠯ ᠤᠯᠤᠰ ᠤᠨ ᠶᠡᠷᠦᠩᠬᠡᠢ ᠰᠠᠢᠢᠳ ᠨᠠᠷ ᠲᠤ ᠪᠠᠷᠠᠭᠠᠯᠬᠠᠨ ᠵᠣᠯᠭᠠᠨ ᠢᠷᠡᠵᠦ ᠪᠤᠢ ᠰᠢᠷᠠᠭᠴᠢᠨ ᠭᠠᠬᠠᠢ ᠵᠢᠯ ᠦᠨ ᠥᠩᠭᠡ ᠢᠢ ᠬᠡᠯᠡᠯᠴᠡᠪᠡ᠃