Та "Internet explorer"-ийн сүүлийн хувилбар болох "Microsoft edge"-г ашиглана уу

Хэрэв "Microsoft edge"-г татах бол энд дарж татаж авна уу

ᠠᠮᠧᠷᠢᠺᠠ ᠶᠢᠨ ᠨᠢᠭᠡᠳᠦᠭᠰᠡᠨ ᠤᠯᠤᠰ ᠠᠴᠠ ᠮᠣᠩ᠋ᠭᠣᠯ ᠤᠯᠤᠰ ᠲᠤ ᠰᠠᠭᠤᠬᠤ ᠣᠨᠴᠠ ᠪᠥᠭᠡᠳ ᠪᠥᠷᠢᠨ ᠡᠷᠬᠡᠲᠦ ᠡᠯᠴᠢᠨ ᠰᠠᠶᠢᠳ ᠮᠠᠶᠢᠺᠯ ᠰᠲ᠋ᠧᠨ᠋ᠯᠢ ᠺᠯᠧᠴᠧᠰᠺᠢ ᠢᠲᠡᠭᠡᠮᠵᠢᠯᠡᠬᠦ ᠵᠢᠭᠤᠬᠤ ᠪᠢᠴᠢᠭ ᠢᠶᠡᠨ ᠡᠷᠭᠦᠨ ᠪᠠᠷᠢᠪᠠ

ᠠᠮᠧᠷᠢᠺᠠ ᠶᠢᠨ ᠨᠢᠭᠡᠳᠦᠭᠰᠡᠨ ᠤᠯᠤᠰ ᠠᠴᠠ ᠮᠣᠩ᠋ᠭᠣᠯ ᠤᠯᠤᠰ ᠲᠤ ᠰᠠᠭᠤᠬᠤ ᠣᠨᠴᠠ ᠪᠥᠭᠡᠳ ᠪᠦᠷᠢᠨ ᠡᠷᠬᠡᠲᠦ ᠡᠯᠴᠢᠨ ᠰᠠᠶᠢᠳ ᠮᠠᠶᠢᠺᠯ ᠰᠲ᠋ᠧᠨ᠋ᠯᠢ ᠺᠯᠧᠴᠧᠰᠺᠢ ᠥᠨᠥᠳᠥᠷ ᠮᠣᠩ᠋ᠭᠣᠯ ᠤᠯᠤᠰ ᠤᠨ ᠶᠡᠷᠦᠩᠬᠡᠶᠢᠯᠡᠭᠴᠢ ᠬ ∙ ᠪᠠᠲᠤᠲᠤᠯᠭ᠎ᠠ ᠳᠤ ᠢᠲᠡᠭᠡᠮᠵᠢᠯᠡᠬᠦ ᠵᠢᠭᠤᠬᠤ ᠪᠢᠴᠢᠭ᠌ ᠢᠶᠡᠨ ᠡᠷᠭᠦᠨ ᠪᠠᠷᠢᠯ᠎ᠠ᠃

 

ᠮᠣᠩ᠋ᠭᠣᠯ ᠤᠯᠤᠰ ᠤᠨ ᠶᠡᠷᠦᠩᠬᠡᠶᠢᠯᠡᠭᠴᠢ ᠬ ∙ ᠪᠠᠲᠤᠲᠤᠯᠭ᠎ᠠ ᠡᠯᠴᠢᠨ ᠰᠠᠶᠢᠳ ᠺᠯᠧᠴᠧᠰᠺᠢ ᠢᠢ ᠢᠲᠡᠭᠡᠮᠵᠢᠯᠡᠬᠦ ᠵᠢᠭᠤᠬᠤ ᠪᠢᠴᠢᠭ᠌ ᠢᠶᠡᠨ ᠡᠷᠬᠦᠨ ᠪᠠᠷᠢᠭᠰᠠᠨ ᠲᠠᠢ ᠨᠢ ᠬᠣᠯᠪᠣᠭᠳᠠᠭᠤᠯᠤᠨ ᠬᠦᠯᠢᠶᠡᠨ ᠠᠪᠴᠤ ᠠᠭᠤᠯᠵᠠᠭᠠᠳ᠂ ᠳ᠋ᠢᠫᠯᠣᠮᠠᠲ ᠬᠠᠷᠢᠯᠴᠠᠭ᠎ᠠ ᠲᠣᠭᠲᠠᠭᠠᠭᠰᠠᠨ ᠠᠴᠠ ᠬᠣᠶᠢᠰᠢᠬᠢ 30 ᠵᠢᠯ ᠦᠨ ᠬᠤᠭᠤᠴᠠᠭᠠᠨ ᠳᠤ ᠠᠮᠧᠷᠢᠺᠠ ᠶᠢᠨ ᠨᠢᠭᠡᠳᠦᠭᠰᠡᠨ ᠤᠯᠤᠰ ᠠᠴᠠ ᠮᠣᠩ᠋ᠭᠣᠯ ᠤᠯᠤᠰ ᠲᠤ ᠰᠠᠭᠤᠬᠤ ᠡᠯᠴᠢᠨ ᠰᠠᠶᠢᠳ ᠨᠠᠷ ᠲᠤᠭᠤᠰᠢᠲᠠᠢ᠂ ᠢᠳᠡᠪᠬᠢᠲᠡᠢ ᠠᠵᠢᠯᠯᠠᠵᠤ ᠢᠷᠡᠭᠰᠡᠨ ᠵᠢᠱᠢᠭ ᠢᠶᠡᠷ ᠲᠡᠳᠡᠨ ᠦ ᠦᠢᠯᠡ ᠠᠵᠢᠯᠯᠠᠭ᠎ᠠ ᠶᠢ ᠦᠷᠭᠦᠯᠵᠢᠭᠦᠯᠵᠦ᠂ ᠲᠤᠭᠤᠰᠢᠲᠠᠢ ᠠᠵᠢᠯᠯᠠᠨ᠎ᠠ ᠭᠡᠳᠡᠭ ᠲᠥ ᠢᠲᠡᠭᠡᠯ ᠲᠡᠢ ᠪᠠᠶᠢᠭ᠎ᠠ ᠪᠠᠨ ᠢᠯᠡᠷᠬᠡᠶᠢᠯᠡᠯ᠎ᠡ᠃

 

ᠮᠥᠨ ᠨᠣᠶᠠᠨ ᠡᠯᠴᠢᠨ ᠰᠠᠶᠢᠳ ᠺᠯᠧᠴᠧᠰᠺᠢ ᠮᠣᠩ᠋ᠭᠣᠯ ᠤᠯᠤᠰ ᠲᠤ ᠰᠠᠭᠤᠬᠤ ᠡᠯᠴᠢᠨ ᠰᠠᠶᠢᠳ ᠢᠶᠠᠷ ᠢᠷᠡᠵᠦ ᠪᠠᠶᠢᠭ᠎ᠠ ᠨᠢ ᠨᠡᠷ᠎ᠡ ᠲᠥᠷᠦ ᠶᠢᠨ ᠬᠡᠷᠡᠭ ᠭᠡᠳ ᠠᠷᠠᠳᠴᠢᠯᠠᠯ ᠤᠨ ᠪᠠᠶᠠᠨᠪᠦᠷᠢᠳᠦ ᠪᠣᠯᠤᠭᠰᠠᠨ ᠮᠣᠩ᠋ᠭᠣᠯ ᠤᠯᠤᠰ ᠲᠠᠢ ᠪᠤᠢ ᠪᠣᠯᠤᠭᠰᠠᠨ ᠪᠠᠲᠤ ᠪᠡᠬᠢ ᠬᠠᠷᠢᠯᠴᠠᠭ᠎ᠠ ᠶᠢ ᠴᠢᠨᠠᠭᠰᠢᠳᠠ ᠤᠯᠠᠮ ᠪᠠᠲᠤᠵᠢᠭᠤᠯᠬᠤ ᠶᠢᠨ ᠲᠥᠯᠦᠭᠡ ᠠᠵᠢᠯᠯᠠᠨ᠎ᠠ ᠭᠡᠳᠡᠭ ᠢᠶᠡᠨ ᠢᠯᠡᠷᠬᠡᠶᠢᠯᠡᠪᠡ᠃

 

ᠮᠣᠩ᠋ᠭᠣᠯ ᠤᠯᠤᠰ ᠤᠨ ᠶᠡᠷᠦᠩᠬᠡᠶᠢᠯᠡᠭᠴᠢ ᠬ ∙ ᠪᠠᠲᠤᠲᠤᠯᠭ᠎ᠠ ᠠᠮᠧᠷᠢᠺᠠ ᠶᠢᠨ ᠨᠢᠭᠡᠳᠦᠭᠰᠡᠨ ᠤᠯᠤᠰ ᠤᠨ ᠶᠡᠷᠦᠩᠬᠡᠶᠢᠯᠡᠭᠴᠢ ᠳ ∙ ᠲᠷᠠᠮᠫ ᠲᠤ ᠵᠠᠬᠢᠳᠠᠯ ᠶᠠᠪᠤᠭᠤᠯᠵᠤ᠂ ᠵᠠᠬᠢᠳᠠᠯ ᠳᠤ ᠪᠠᠨ ᠮᠣᠩ᠋ᠭᠣᠯ ᠤᠨ ᠣᠶᠣᠮᠠᠯ᠂ ᠰᠦᠯᠵᠢᠮᠡᠯ ᠪᠦᠲᠦᠭᠡᠭ᠍ᠳᠡᠬᠦᠨ ᠠᠮᠧᠷᠢᠺᠠ ᠶᠢᠨ ᠨᠢᠭᠡᠳᠦᠭᠰᠡᠨ ᠤᠯᠤᠰ ᠶᠢᠨ ᠵᠠᠬ᠎ᠠ ᠵᠡᠭᠡᠯᠢ ᠳᠥ ᠲᠠᠲᠠᠪᠤᠷᠢ ᠦᠭᠡᠢ ᠡᠺᠰᠫᠣᠷᠲ᠋ᠯᠠᠭᠳᠠᠬᠤ ᠪᠣᠯᠤᠭᠠᠳ ᠮᠣᠩ᠋ᠭᠣᠯ ᠤᠯᠤᠰ-ᠠᠮᠧᠷᠢᠺᠠ ᠶᠢᠨ ᠨᠢᠭᠡᠳᠦᠭᠰᠡᠨ ᠤᠯᠤᠰ ᠤᠨ ᠬᠣᠭᠣᠷᠣᠨᠳᠣᠬᠢ ᠬᠤᠳᠠᠯᠳᠤᠭ᠎ᠠ ᠨᠡᠮᠡᠭᠳᠡᠬᠦ᠂ ᠡᠮᠡᠭᠲᠡᠶᠢᠴᠦᠳ ᠦᠨ ᠠᠵᠢᠯ ᠤᠨ ᠪᠠᠶᠢᠷᠢ ᠪᠤᠢ ᠪᠣᠯᠭᠠᠬᠤ ᠠᠰᠠᠭᠤᠳᠠᠯ ᠢ ᠲᠤᠰᠬᠠᠭᠰᠠᠨ ᠨᠢ ᠡᠳᠦᠭᠡ ᠠᠵᠢᠯ ᠬᠡᠷᠡᠭ ᠪᠣᠯᠵᠤ ᠪᠠᠶᠢᠭ᠎ᠠ ᠲᠠᠯ᠎ᠠ ᠪᠠᠷ ᠶᠠᠷᠢᠵᠤ᠂ ᠠᠮᠧᠷᠢᠺᠠ ᠶᠢᠨ ᠨᠢᠭᠡᠳᠦᠭᠰᠡᠨ ᠤᠯᠤᠰ ᠤᠨ ᠺᠣᠩᠷᠧᠰ ᠲᠤ ᠡᠷᠬᠦᠨ ᠪᠠᠷᠢᠭᠳᠠᠭᠰᠠᠨ ᠭᠤᠷᠪᠠᠳᠠᠭᠴᠢ ᠬᠥᠷᠰᠢ ᠶᠢᠨ ᠬᠤᠳᠠᠯᠳᠤᠭᠠᠨ ᠤ ᠲᠤᠬᠠᠢ ᠬᠠᠤᠯᠢ ᠶᠢ ᠲᠤᠭᠤᠰᠢᠲᠠᠢ ᠳᠡᠮᠵᠢᠵᠦ ᠥᠭ᠍ᠬᠦ ᠶᠢ ᠬᠦᠰᠡᠯ᠎ᠡ᠃

 

ᠮᠥᠨ ᠰᠡᠷᠭᠦᠭᠡᠭ᠍ᠳᠡᠬᠦ ᠡᠷᠴᠢᠮ ᠬᠦᠴᠦ ᠪᠣᠯᠤᠭᠠᠳ ᠵᠠᠷᠢᠮ ᠰᠠᠯᠪᠤᠷᠢ ᠶᠢᠨ ᠬᠠᠮᠲᠤ ᠶᠢᠨ ᠠᠵᠢᠯᠯᠠᠭᠠᠨ ᠤ ᠠᠰᠠᠭᠤᠳᠠᠯ ᠢᠶᠠᠷ ᠮᠣᠩ᠋ᠭᠣᠯ ᠤᠯᠤᠰ ᠤᠨ ᠶᠡᠷᠦᠩᠬᠡᠶᠢᠯᠡᠭᠴᠢ ᠬ ∙ ᠪᠠᠲᠤᠲᠤᠯᠭ᠎ᠠ ᠪᠠᠶᠢᠷᠢ᠂ ᠰᠠᠭᠤᠷᠢ ᠪᠠᠨ ᠢᠯᠡᠷᠬᠡᠶᠢᠯᠡᠵᠦ᠂ ᠶᠠᠷᠢᠯᠴᠠᠭᠰᠠᠨ ᠳᠤ ᠨᠣᠶᠠᠨ ᠡᠯᠴᠢᠨ ᠰᠠᠶᠢᠳ ᠲᠠᠯᠠᠷᠬᠠᠯ ᠢᠯᠡᠷᠬᠡᠶᠢᠯᠡᠭᠡᠳ ᠶᠠᠷᠢᠭᠳᠠᠭᠰᠠᠨ ᠠᠰᠠᠭᠤᠳᠠᠯ ᠤᠳ ᠤᠨ ᠬᠦᠷᠢᠶᠡᠨ ᠳᠥ ᠠᠵᠢᠯ ᠬᠡᠷᠡᠭᠴᠢ ᠬᠠᠨᠳᠤᠵᠤ᠂ ᠢᠯᠠᠩ᠋ᠭᠤᠶ᠎ᠠ ᠡᠳ᠋ ᠍ ᠦᠨ ᠵᠠᠰᠠᠭ ᠤᠨ ᠬᠠᠷᠢᠯᠴᠠᠭ᠎ᠠ ᠶᠢ ᠨᠡᠮᠡᠭᠳᠡᠭᠦᠯᠬᠦ ᠨᠥᠭᠡᠴᠡ ᠪᠤᠢ ᠭᠡᠵᠦ ᠬᠠᠷᠠᠵᠤ ᠪᠠᠶᠢᠭ᠎ᠠ ᠲᠤᠯᠠ ᠪᠦᠬᠦᠢ ᠯᠠ ᠬᠦᠴᠦᠨ ᠴᠢᠷᠮᠠᠶᠢᠯᠲᠠ ᠪᠠᠨ ᠭᠠᠷᠭᠠᠨ ᠠᠵᠢᠯᠯᠠᠨ᠎ᠠ ᠭᠡᠳᠡᠭ ᠢᠶᠡᠨ ᠢᠯᠡᠷᠬᠡᠶᠢᠯᠡᠯ᠎ᠡ᠃