Та "Internet explorer"-ийн сүүлийн хувилбар болох "Microsoft edge"-г ашиглана уу

Хэрэв "Microsoft edge"-г татах бол энд дарж татаж авна уу

ᠮᠣᠩᠭᠤᠯ ᠤᠯᠤᠰ ᠤᠨ ᠶᠡᠷᠦᠩᠬᠡᠢᠢᠯᠡᠭᠴᠢ ᠬᠠᠯᠲᠠᠮ᠎ᠠ ᠶᠢᠨ ᠪᠠᠲᠤᠲᠤᠯᠭ᠎ᠠ ᠢᠢᠨ ᠦᠨᠳᠦᠰᠦᠨ ᠦ ᠶᠡᠬᠡ ᠪᠠᠶᠠᠷ ᠨᠠᠭᠠᠳᠤᠮ ᠢ ᠨᠡᠭᠡᠭᠡᠵᠦ ᠬᠡᠯᠡᠭᠰᠡᠨ ᠦᠭᠡ

 

ᠡᠷᠬᠢᠮ ᠬᠦᠨᠳᠦᠲᠦ ᠠᠷᠠᠳ ᠢᠷᠭᠡᠳ ᠡ᠂

 

ᠡᠷᠬᠢᠮ ᠵᠣᠴᠢᠳ ᠭᠡᠶᠢᠴᠢᠳ ᠡ᠂

 

ᠡᠷᠬᠢᠮ ᠬᠦᠨᠳᠦᠲᠦ ᠨᠠᠭᠠᠳᠤᠮᠴᠢᠳ ᠠ᠋᠂

 

ᠲᠤᠭᠤᠷᠭ᠎ᠠ ᠲᠤᠰᠠᠭᠠᠷ ᠮᠣᠩᠭ᠋ᠤᠯ ᠤᠯᠤᠰ ᠤᠨ ᠨᠡᠢᠢᠰᠯᠡᠯ ᠤᠯᠠᠭᠠᠨᠪᠠᠭᠠᠲᠤᠷ ᠬᠣᠲᠠ ᠠᠴᠠ ᠲᠥᠷᠥᠷᠦ ᠶᠣᠰᠣᠨ ᠤ ᠶᠡᠬᠡ ᠪᠠᠶᠠᠷ ᠮᠣᠩᠭ᠋ᠤᠯ ᠨᠠᠭᠠᠳᠤᠮ ᠤᠨ ᠡᠨᠡ ᠭᠡᠭᠡᠨ ᠰᠠᠢᠢᠬᠠᠨ ᠡᠳᠦᠷ ᠦᠨ ᠬᠠᠯᠠᠭᠤᠨ ᠮᠡᠨᠳᠦ ᠢᠢ ᠨᠠᠭᠠᠳᠤᠮᠴᠢᠨ ᠣᠯᠠᠨ ᠲᠠ ᠪᠦᠬᠦᠨ ᠳᠥ ᠪᠡᠨ ᠳᠡᠪᠰᠢᠭᠦᠯᠵᠦ᠂ ᠠᠮᠤᠷ ᠢ ᠠᠢᠢᠯᠠᠳᠬᠠᠨ ᠮᠡᠨᠳᠦᠴᠢᠯᠡᠶ᠎ᠡ᠃

 

ᠮᠣᠩᠭ᠋ᠤᠯ ᠤᠨ ᠲᠤᠯᠭᠤᠷ ᠲᠥᠷᠥ ᠢᠢᠨ 2226 ᠵᠢᠯ᠂ ᠶᠡᠬᠡ ᠮᠣᠩᠭ᠋ᠤᠯ ᠤᠯᠤᠰ ᠤᠨ 811 ᠵᠢᠯ᠂ ᠦᠨᠳᠦᠰᠦᠨ ᠦ ᠡᠷᠬᠡ ᠴᠢᠯᠦᠭᠡ᠂ ᠲᠤᠰᠠᠭᠠᠷ ᠲᠣᠭᠲᠠᠨᠢᠯ ᠢᠶᠠᠨ ᠰᠡᠷᠭᠦᠭᠡᠨ ᠮᠠᠨᠳᠤᠭᠤᠯᠤᠭᠰᠠᠨ ᠤ 106 ᠵᠢᠯ᠂ ᠠᠷᠠᠳ ᠤᠨ ᠬᠤᠪᠢᠰᠬᠠᠯ ᠤᠨ 96 ᠵᠢᠯ᠂ ᠠᠷᠠᠳᠴᠢᠯᠠᠭᠰᠠᠨ ᠬᠤᠪᠢᠰᠬᠠᠯ ᠤᠨ 27 ᠵᠢᠯ ᠦᠨ ᠣᠢ ᠡᠨᠡ ᠵᠢᠯ ᠲᠣᠬᠢᠶᠠᠵᠤ ᠪᠠᠢᠢᠨ᠎ᠠ᠃

 

ᠮᠣᠩᠭ᠋ᠤᠯ ᠤᠨ ᠰᠠᠢᠢᠨ ᠨᠡᠷ᠎ᠡ ᠢᠢ ᠥᠨᠳᠥᠷ ᠲᠥ ᠡᠷᠭᠦᠵᠦ ᠶᠠᠪᠤᠭ᠎ᠠ ᠬᠦᠮᠦᠨ ᠪᠦᠷᠢ ᠢᠢᠨ ᠬᠠᠯᠠᠭᠤᠨ ᠰᠡᠳᠬᠢᠯ᠂ ᠬᠥᠳᠡᠯᠮᠦᠷᠢ ᠵᠢᠳᠬᠦᠯ ᠥᠪᠡᠷᠰᠡᠳ ᠢᠶᠡᠨ ᠥᠪᠡᠷᠰᠡᠳ ᠲᠥ ᠪᠡᠨ ᠡᠵᠡᠨ ᠪᠠᠢᠢᠬᠤ ᠶᠡᠬᠡ ᠤᠬᠠᠭᠠᠨ ᠳᠡᠭᠡᠷ᠎ᠡ ᠡᠬᠡ ᠣᠷᠣᠨ ᠮᠢᠨᠢ ᠥᠭᠡᠳᠡᠯᠡᠨ ᠳᠡᠪᠵᠢᠵᠦ ᠶᠠᠪᠤᠨ᠎ᠠ᠃ ᠲᠤᠰᠠᠭᠠᠷ ᠲᠣᠭᠲᠠᠨᠢᠯ ᠮᠢᠨᠢ ᠪᠠᠲᠤ᠂ ᠲᠤᠭ ᠰᠦᠯᠳᠡ ᠮᠢᠨᠢ ᠴᠡᠬᠡ ᠪᠠᠢᠢᠨ᠎ᠠ᠃ ᠬᠥᠳᠡᠯᠮᠦᠷᠢᠴᠢ᠂ ᠬᠢᠴᠢᠶᠡᠩᠭᠦᠢ ᠮᠣᠩᠭ᠋ᠤᠯ ᠢᠯᠠᠵᠤ᠂ ᠬᠥᠭ᠍ᠵᠢᠯ ᠳᠡᠪᠰᠢᠯ ᠦᠨ ᠶᠡᠬᠡ ᠵᠠᠮ ᠳᠤ ᠲᠡᠮᠡᠦᠯᠵᠦ ᠪᠠᠢᠢᠨ᠎ᠠ᠃

 

ᠪᠠᠶᠠᠷ ᠨᠠᠭᠠᠳᠤᠮ ᠤᠨ ᠡᠨᠡ ᠡᠳᠦᠷ ᠴᠤ ᠭᠡᠰᠡᠨ ᠪᠢᠳᠡ ᠬᠢᠵᠦ ᠬᠡᠷᠡᠭᠵᠢᠭᠦᠯᠬᠦ ᠪᠡᠷ ᠵᠣᠷᠢᠵᠤ ᠪᠤᠢ ᠣᠯᠠᠨ ᠠᠵᠢᠯ ᠢᠶᠠᠨ ᠰᠠᠨᠠᠵᠤ᠂ ᠲᠥᠯᠥᠪᠯᠡᠵᠦ᠂ ᠶᠠᠷᠢᠵᠤ ᠬᠡᠯᠡᠵᠦ ᠪᠠᠢᠢᠬᠤ ᠶᠣᠰᠣᠲᠠᠢ ᠭᠡᠵᠦ ᠪᠢ ᠪᠣᠳᠣᠵᠤ ᠪᠠᠢᠢᠨ᠎ᠠ᠃ ᠤᠯᠤᠰ ᠣᠷᠣᠨ᠂ ᠠᠷᠠᠳ ᠢᠷᠭᠡᠳ ᠦᠨ ᠮᠠᠨᠢ ᠡᠮᠦᠨ᠎ᠡ ᠲᠤᠯᠭᠠᠮᠳᠠᠭᠰᠠᠨ ᠠᠵᠢᠯᠭᠦᠢᠢᠳᠡᠯ ᠶᠠᠳᠠᠭᠤᠷᠠᠯ᠂ ᠢᠷᠭᠡᠳ ᠦᠨ ᠠᠮᠵᠢᠷᠭ᠎ᠠ ᠤᠯᠠᠮ ᠪᠦᠷ ᠳᠣᠣᠷᠠᠳᠠᠭᠤᠯᠬᠤ ᠳᠤ ᠨᠡᠷᠮᠡᠭᠡᠰᠦ ᠪᠣᠯᠵᠤ ᠪᠠᠢᠢᠭ᠎ᠠ ᠵᠠᠷᠢᠮ ᠥᠷᠢ ᠢᠢᠨ ᠠᠰᠠᠭᠤᠳᠠᠯ ᠢ ᠰᠢᠢᠳᠬᠦ ᠳᠥ ᠠᠩᠬᠠᠷᠤᠯ ᠢᠶᠠᠨ ᠬᠠᠨᠳᠤᠭᠤᠯᠵᠤ ᠪᠠᠢᠢᠨ᠎ᠠ᠃ ᠮᠥᠨ ᠡᠳ᠋ ᠍ ᠦᠨ ᠵᠠᠰᠠᠭ ᠢᠶᠠᠨ ᠰᠡᠷᠭᠦᠭᠡᠨ ᠲᠣᠭᠲᠠᠪᠤᠷᠢᠵᠢᠭᠤᠯᠬᠤ᠂ ᠪᠦᠲᠦᠭᠡᠨ ᠪᠠᠢᠢᠭᠤᠯᠤᠯᠲᠠ ᠢᠢᠨ ᠶᠡᠬᠡ ᠠᠵᠢᠯ ᠢᠶᠠᠨ ᠴᠠᠭ ᠠᠯᠠᠳᠠᠯ ᠦᠭᠡᠢ ᠥᠷᠨᠢᠭᠦᠯᠬᠦ ᠲᠣᠮᠣ ᠵᠣᠷᠢᠯᠲᠠ ᠪᠢᠳᠡᠨ ᠦ ᠡᠮᠦᠨ᠎ᠡ ᠪᠠᠢᠢᠭ᠎ᠠ ᠢᠢ ᠨᠠᠭᠠᠳᠤᠮ ᠤᠨ ᠡᠨᠡ ᠶᠡᠨᠳᠡᠷ ᠡᠴᠡ ᠪᠢ ᠵᠣᠷᠢᠭᠤᠳᠠ ᠳᠤᠷᠠᠳᠴᠤ ᠪᠠᠢᠢᠭ᠎ᠠ ᠶᠤᠮ ᠠ᠋᠃

 

ᠮᠣᠩᠭ᠋ᠤᠯ ᠬᠡᠮᠡᠬᠦ ᠨᠢᠭᠡᠨ ᠨᠡᠷ᠎ᠡ ᠢᠢ ᠶᠢᠷᠲᠢᠨᠴᠦ ᠢᠢᠨ ᠴᠢᠬᠢᠨ᠎ᠡ ᠳᠠᠭᠤᠷᠢᠰᠬᠠᠵᠤ ᠪᠤᠢ ᠮᠣᠩᠭ᠋ᠤᠯ ᠨᠠᠭᠠᠳᠤᠮ ᠮᠠᠨᠢ ᠪᠢᠳᠡᠨ ᠦ ᠨᠢᠭᠡᠨ ᠴᠢᠬᠤᠯᠠ ᠥᠪ ᠰᠤᠶᠤᠯ ᠪᠢᠯᠡ᠃ ᠲᠥᠷᠦᠲᠦ ᠶᠣᠰᠣᠨ ᠤ ᠶᠡᠬᠡ ᠤᠯᠠᠮᠵᠢᠯᠠᠯ᠂ ᠲᠡᠦᠬᠡ ᠰᠤᠶᠤᠯ ᠤᠨ ᠭᠠᠢᠢᠬᠠᠮᠰᠢᠭ᠂ ᠲᠦᠮᠡᠨ ᠣᠯᠠᠨ ᠤ ᠰᠡᠳᠬᠢᠯ ᠦᠨ ᠴᠡᠩᠭᠡᠯ ᠬᠣᠣᠰᠯᠠᠭᠰᠠᠨ ᠦᠨᠳᠦᠰᠦᠨ ᠦ ᠶᠡᠬᠡ ᠪᠠᠶᠠᠷ ᠨᠠᠭᠠᠳᠤᠮ ᠮᠠᠨᠢ ᠳᠡᠯᠭᠡᠷ ᠵᠤᠨ ᠤ ᠰᠠᠢᠢᠨ ᠴᠠᠭ ᠲᠤ ᠡᠢᠢᠨ ᠬᠦ ᠡᠬᠢᠯᠡᠵᠦ ᠪᠠᠢᠢᠨ᠎ᠠ᠃

 

ᠡᠬᠡ ᠲᠡᠦᠬᠡ᠂ ᠬᠡᠯᠡ ᠰᠤᠶᠤᠯ ᠢᠶᠠᠷ ᠢᠶᠠᠨ ᠪᠠᠬᠠᠷᠬᠠᠨ ᠣᠮᠣᠭᠰᠢᠳᠠᠭ ᠮᠣᠩᠭ᠋ᠤᠯ ᠬᠦᠮᠦᠨ ᠪᠦᠷᠢ ᠢᠢᠨ ᠰᠡᠳᠬᠢᠯ ᠳᠤ ᠨᠠᠷᠠ ᠭᠡᠢᠢᠭᠰᠡᠨ ᠨᠠᠭᠠᠳᠤᠮ ᠤᠨ ᠰᠠᠢᠢᠬᠠᠨ ᠡᠳᠦᠷ ᠵᠣᠨ ᠣᠯᠠᠨ ᠤ ᠮᠢᠨᠢ ᠰᠡᠳᠬᠢᠯ ᠲᠡᠨᠢᠭᠦᠨ ᠴᠣᠭ ᠵᠣᠯᠪᠣᠭ᠎ᠠ ᠳᠦᠭᠦᠷᠡᠩ ᠮᠣᠷᠢ ᠨᠢ ᠬᠤᠷᠳᠤᠨ᠂ ᠪᠥᠬᠡ ᠨᠢ ᠬᠦᠴᠦᠲᠡᠢ᠂ ᠬᠠᠷᠪᠤᠭᠠᠴᠢ ᠨᠢ ᠮᠡᠷᠭᠡᠨ ᠪᠠᠢᠢᠭ ᠡ᠃

 

ᠳᠡᠯᠡᠬᠡᠢ ᠳᠥ ᠭᠠᠭᠴᠠᠬᠠᠨ ᠮᠣᠩᠭ᠋ᠤᠯ ᠨᠠᠭᠠᠳᠤᠮ ᠳᠡᠨᠵᠢ ᠳᠦᠭᠦᠷᠭᠡᠨ ᠡᠬᠢᠯᠡᠵᠦ ᠪᠠᠢᠢᠭ᠎ᠠ ᠢᠢ ᠳᠠᠶᠠᠭᠠᠷ ᠣᠯᠠᠨ᠎ᠠ ᠳᠠᠭᠤᠷᠢᠰᠬᠠᠨ ᠵᠠᠷᠯᠠᠶ᠎ᠠ᠃

 

ᠰᠠᠢᠢᠬᠠᠨ ᠨᠠᠭᠠᠳᠤᠭᠠᠷᠠᠢ᠃

 

ᠲᠤᠭᠤᠷᠭ᠎ᠠ ᠲᠤᠰᠠᠭᠠᠷ ᠤᠯᠤᠰ ᠣᠷᠣᠨ ᠮᠢᠨᠢ ᠬᠥᠭ᠍ᠵᠢᠨ ᠪᠠᠳᠠᠷᠠᠭ᠃

 

ᠲᠦᠮᠡᠨ ᠣᠯᠠᠨ ᠮᠢᠨᠢ ᠠᠮᠤᠷ ᠠᠮᠤᠭᠤᠯᠠᠩ ᠵᠢᠷᠭᠠᠭ᠃