Та "Internet explorer"-ийн сүүлийн хувилбар болох "Microsoft edge"-г ашиглана уу

Хэрэв "Microsoft edge"-г татах бол энд дарж татаж авна уу

ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠱᠠᠩᠬᠠᠢ ᠢᠢᠨ ᠬᠠᠮᠲᠤ ᠢᠢᠨ ᠠᠵᠢᠯᠯᠠᠭᠠᠨ ᠤ ᠪᠠᠢᠢᠭᠤᠯᠤᠯᠭ᠎ᠠ ᠤᠨ ᠥᠷᠭᠡᠳᠬᠡᠭᠰᠡᠨ ᠬᠤᠷᠠᠯᠳᠤᠭᠠᠨ ᠳᠤ ᠣᠷᠣᠯᠴᠠᠵᠤ ᠦᠭᠡ ᠬᠡᠯᠡᠯ᠎ᠡ

ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠪᠢᠱᠺᠧᠺ ᠬᠣᠲᠠ ᠢᠢᠨ 《ᠠᠯ ᠠᠷᠴᠠ》 ᠴᠣᠭᠴᠠᠯᠠᠪᠤᠷᠢ ᠢᠢᠨ ᠺᠣᠩᠷᠧᠰ ᠲᠥᠪ ᠦᠨ ᠶᠡᠬᠡ ᠲᠠᠩᠬᠢᠮ ᠳᠤ ᠪᠣᠯᠤᠭᠰᠠᠨ ᠱᠠᠩᠬᠠᠢ ᠢᠢᠨ ᠬᠠᠮᠲᠤ ᠢᠢᠨ ᠠᠵᠢᠯᠯᠠᠭᠠᠨ ᠤ ᠪᠠᠢᠢᠭᠤᠯᠤᠯᠭ᠎ᠠ ᠢᠢᠨ ᠭᠡᠰᠢᠭᠦᠨ᠂ ᠣᠷᠣᠯᠴᠠᠭᠴᠢ ᠣᠷᠣᠨ ᠨᠤᠭᠤᠳ ᠪᠣᠯᠤᠨ ᠣᠯᠠᠨ ᠤᠯᠤᠰ ᠤᠨ ᠪᠠᠢᠢᠭᠤᠯᠤᠯᠭ᠎ᠠ ᠨᠤᠭᠤᠳ ᠤᠨ ᠲᠥᠯᠥᠭᠡᠯᠡᠭᠴᠢᠳ ᠦᠨ ᠲᠡᠷᠢᠭᠦᠨ ᠨᠠᠷ ᠤᠨ ᠥᠷᠭᠡᠳᠬᠡᠭ᠍ᠰᠡᠨ ᠬᠤᠷᠠᠯᠳᠤᠭᠠᠨ ᠳᠤ ᠣᠷᠣᠯᠴᠠᠵᠤ ᠦᠭᠡ ᠬᠡᠯᠡᠯ᠎ᠡ᠃

ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠄

ᠡᠷᠬᠢᠮ ᠬᠦᠨᠳᠦᠳᠦ ᠰᠣᠣᠷᠤᠨ᠋ᠪᠠᠢ ᠱᠠᠷᠢᠫᠣᠸᠢᠴ᠂
ᠬᠤᠷᠠᠯᠳᠤᠭᠠᠨ ᠳᠤ ᠣᠷᠣᠯᠴᠠᠵᠤ ᠪᠤᠢ ᠤᠯᠤᠰ ᠣᠷᠣᠨ ᠨᠤᠭᠤᠳ ᠤᠨ ᠲᠡᠷᠢᠭᠦᠨ᠂ ᠣᠯᠠᠨ ᠤᠯᠤᠰ ᠤᠨ ᠪᠠᠢᠢᠭᠤᠯᠤᠯᠭ᠎ᠠ ᠨᠤᠭᠤᠳ ᠤᠨ ᠲᠥᠯᠥᠭᠡᠯᠡᠭᠴᠢᠳ ᠦᠨ ᠲᠡᠷᠢᠭᠦᠨ ᠨᠠᠷ ᠠ᠋᠂
ᠬᠠᠲᠤᠭᠲᠠᠢ᠂ ᠨᠣᠶᠠᠳ ᠠ᠋᠂ ᠨᠠᠢᠢᠵᠠ ᠨᠥᠬᠥᠳ ᠡ᠂

ᠱᠠᠩᠬᠠᠢ ᠢᠢᠨ ᠬᠠᠮᠲᠤ ᠢᠢᠨ ᠠᠵᠢᠯᠯᠠᠭᠠᠨ ᠤ ᠪᠠᠢᠢᠭᠤᠯᠤᠯᠭ᠎ᠠ ᠢᠢᠨ ᠭᠡᠰᠢᠭᠦᠨ ᠣᠷᠣᠨ ᠨᠤᠭᠤᠳ ᠤᠨ ᠲᠥᠷᠥ ᠢᠢᠨ ᠲᠡᠷᠢᠭᠦᠨ ᠨᠠᠷ ᠤᠨ ᠵᠥᠪᠯᠡᠯ ᠦᠨ ᠡᠭᠡᠯᠵᠢᠲᠦ ᠬᠤᠷᠠᠯᠳᠤᠭᠠᠨ ᠢ ᠡᠬᠡ ᠣᠷᠣᠨ ᠳᠤ ᠪᠠᠨ ᠵᠣᠬᠢᠶᠠᠨ ᠪᠠᠢᠢᠭᠤᠯᠵᠤ᠂ ᠪᠢᠳᠡᠨ ᠢ ᠬᠠᠯᠠᠭᠤᠨ ᠳᠣᠲᠣᠨᠣ ᠪᠠᠷ ᠬᠦᠯᠢᠶᠡᠨ ᠠᠪᠴᠤ ᠪᠤᠢ ᠪᠦᠭᠦᠳᠡ ᠨᠠᠢᠢᠷᠠᠮᠳᠠᠬᠤ ᠺᠢᠷᠭᠢᠽ ᠤᠯᠤᠰ ᠤᠨ ᠶᠡᠷᠦᠩᠬᠡᠢᠢᠯᠡᠭᠴᠢ ᠡᠷᠬᠢᠮᠰᠦᠭ ᠨᠣᠶᠠᠨ ᠰᠣᠣᠷᠤᠨ᠋ᠪᠠᠢ ᠱᠠᠷᠢᠫᠣᠸᠢᠴ ᠵᠧᠧᠨ᠋ᠪᠧᠺᠣᠸ ᠲᠠᠨ ᠳᠤ ᠭᠦᠨ ᠲᠠᠯᠠᠷᠬᠠᠯ ᠢᠯᠡᠷᠬᠡᠢᠢᠯᠡᠶ᠎ᠡ᠃ ᠮᠣᠩ᠋ᠭᠣᠯ ᠲᠦᠮᠡᠨ ᠦ ᠳᠣᠲᠣᠨᠣ ᠢᠢᠨ ᠠᠨᠳᠠ᠂ ᠲᠡᠦᠬᠡ᠂ ᠰᠤᠶᠤᠯ ᠤᠨ ᠡᠷᠲᠡᠨ ᠦ ᠬᠡᠯᠬᠢᠶ᠎ᠡ ᠬᠣᠯᠪᠣᠭ᠎ᠠ ᠲᠠᠢ ᠺᠢᠷᠭᠢᠽ ᠤᠯᠤᠰ ᠲᠤ ᠵᠣᠴᠢᠯᠠᠵᠤ ᠪᠠᠢᠢᠭ᠎ᠠ ᠳᠤ ᠪᠠᠨ ᠪᠠᠶᠠᠷᠲᠠᠢ ᠪᠠᠢᠢᠨ᠎ᠠ᠃

ᠺᠢᠷᠭᠢᠽ ᠤᠯᠤᠰ ᠱᠠᠩᠬᠠᠢ ᠢᠢᠨ ᠬᠠᠮᠲᠤ ᠢᠢᠨ ᠠᠵᠢᠯᠯᠠᠭᠠᠨ ᠤ ᠪᠠᠢᠢᠭᠤᠯᠤᠯᠭ᠎ᠠ ᠢᠢ ᠳᠠᠷᠤᠭᠠᠯᠠᠬᠤ ᠬᠤᠭᠤᠴᠠᠭᠠᠨ ᠳᠤ ᠪᠠᠨ ᠲᠤᠰ ᠪᠠᠢᠢᠭᠤᠯᠤᠯᠭ᠎ᠠ ᠢᠢᠨ ᠬᠦᠷᠢᠶᠡᠨ ᠦ ᠬᠠᠮᠲᠤ ᠢᠢᠨ ᠠᠵᠢᠯᠯᠠᠭ᠎ᠠ ᠢᠢ ᠥᠷᠭᠡᠵᠢᠭᠦᠯᠦᠨ ᠬᠥᠭ᠍ᠵᠢᠭᠦᠯᠬᠦ ᠲᠠᠯ᠎ᠠ ᠪᠠᠷ ᠢᠳᠡᠪᠬᠢ ᠵᠢᠳᠬᠦᠯᠲᠡᠢ ᠠᠵᠢᠯᠯᠠᠭᠰᠠᠨ ᠢ ᠣᠨᠴᠠᠯᠠᠨ ᠲᠡᠮᠳᠡᠭᠯᠡᠵᠦ ᠪᠠᠢᠢᠨ᠎ᠠ᠃

ᠬᠠᠲᠤᠭᠲᠠᠢ ᠨᠣᠶᠠᠳ ᠠ᠋᠂ ᠨᠠᠢᠢᠵᠠ ᠨᠥᠬᠥᠳ ᠡ

ᠮᠣᠩ᠋ᠭᠣᠯ ᠤᠯᠤᠰ ᠠᠽᠢᠶ᠎ᠠ᠂ ᠨᠣᠮᠣᠬᠠᠨ ᠳᠠᠯᠠᠢ ᠢᠢᠨ ᠪᠥᠰᠡ ᠨᠤᠲᠤᠭ ᠲᠤ ᠥᠷᠨᠢᠵᠦ ᠪᠤᠢ ᠤᠯᠤᠰ ᠲᠥᠷᠥ᠂ ᠡᠳ᠋ ᠍ ᠦᠨ ᠵᠠᠰᠠᠭ ᠤᠨ ᠣᠯᠠᠨ ᠲᠠᠯᠠᠲᠤ ᠦᠢᠯᠡ ᠶᠠᠪᠤᠴᠠ ᠳᠤ ᠢᠳᠡᠪᠬᠢᠲᠡᠢ᠂ ᠦᠷ᠎ᠡ ᠪᠦᠲᠦᠭᠡᠯ ᠲᠡᠢ ᠣᠷᠣᠯᠴᠠᠬᠤ ᠢᠢ ᠡᠷᠡᠮᠡᠯᠵᠡᠳᠡᠭ ᠶᠤᠮ᠃ ᠲᠡᠢᠢᠮᠦ ᠡᠴᠡ ᠪᠥᠰᠡ ᠨᠤᠲᠤᠭ ᠲᠤ ᠲᠣᠭᠲᠠᠪᠤᠷᠢᠲᠠᠢ᠂ ᠠᠶᠤᠯ ᠦᠭᠡᠢ ᠪᠠᠢᠢᠳᠠᠯ ᠢ ᠬᠠᠩᠭ᠋ᠠᠬᠤ᠂ ᠡᠳ᠋ ᠍ ᠦᠨ ᠵᠠᠰᠠᠭ ᠪᠣᠯᠤᠨ ᠪᠤᠰᠤᠳ ᠰᠠᠯᠪᠤᠷᠢ ᠢᠢᠨ ᠬᠠᠮᠲᠤ ᠢᠢᠨ ᠠᠵᠢᠯᠯᠠᠭ᠎ᠠ ᠢᠢ ᠥᠷᠭᠡᠵᠢᠭᠦᠯᠦᠨ ᠬᠥᠭ᠍ᠵᠢᠭᠦᠯᠬᠦ ᠳᠥ ᠴᠢᠬᠤᠯᠠ ᠡᠭᠦᠷᠭᠡ ᠭᠦᠢᠴᠡᠳᠭᠡᠬᠦ ᠮᠧᠬᠠᠨᠢᠰᠮ ᠪᠣᠯᠤᠨ ᠲᠥᠯᠥᠪᠰᠢᠵᠦ ᠪᠤᠢ ᠱᠠᠩᠬᠠᠢ ᠢᠢᠨ ᠬᠠᠮᠲᠤ ᠢᠢᠨ ᠠᠵᠢᠯᠯᠠᠭᠠᠨ ᠤ ᠪᠠᠢᠢᠭᠤᠯᠤᠯᠭ᠎ᠠ ᠳᠤ ᠮᠣᠩ᠋ᠭᠣᠯ ᠤᠯᠤᠰ ᠠᠴᠢ ᠬᠣᠯᠪᠣᠭᠳᠠᠯ ᠥᠭᠴᠦ ᠢᠷᠡᠭᠰᠡᠨ ᠪᠢᠯᠡ᠃

ᠡᠭᠦᠨ ᠦ ᠨᠢᠭᠡᠨ ᠢᠯᠡᠷᠬᠡᠢᠢᠯᠡᠯ ᠨᠢ ᠱᠠᠩᠬᠠᠢ ᠢᠢᠨ ᠬᠠᠮᠲᠤ ᠢᠢᠨ ᠠᠵᠢᠯᠯᠠᠭᠠᠨ ᠤ ᠪᠠᠢᠢᠭᠤᠯᠤᠯᠭ᠎ᠠ ᠤᠨ ᠳᠡᠭᠡᠳᠦ ᠲᠦᠪᠰᠢᠨ ᠦ ᠠᠭᠤᠯᠵᠠᠯᠲᠠ ᠳᠤ ᠮᠠᠨ ᠤ ᠤᠯᠤᠰ ᠤᠨ ᠲᠥᠷᠥ ᠢᠢᠨ ᠲᠡᠷᠢᠭᠦᠨ ᠨᠠᠷ ᠲᠣᠭᠲᠠᠮᠠᠯ ᠣᠷᠣᠯᠴᠠᠵᠤ ᠢᠷᠡᠭᠰᠡᠨ ᠶᠠᠪᠤᠳᠠᠯ ᠪᠥᠭᠡᠳ ᠮᠢᠨᠦ ᠪᠡᠶ᠎ᠡ ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠬᠤᠪᠢ ᠪᠠᠷ 2 ᠳᠠᠬᠢ ᠤᠳᠤᠭ᠎ᠠ ᠪᠠᠨ ᠣᠷᠣᠯᠴᠠᠵᠤ ᠪᠠᠢᠢᠨ᠎ᠠ᠃ ᠲᠡᠭᠦᠨᠴᠢᠯᠡᠨ ᠱᠠᠩᠬᠠᠢ ᠢᠢᠨ ᠬᠠᠮᠲᠤ ᠢᠢᠨ ᠠᠵᠢᠯᠯᠠᠭᠠᠨ ᠤ ᠪᠠᠢᠢᠭᠤᠯᠤᠯᠭ᠎ᠠ ᠤᠨ ᠬᠦᠷᠢᠶᠡᠨ ᠳᠥ ᠵᠣᠬᠢᠶᠠᠨ ᠪᠠᠢᠢᠭᠤᠯᠤᠭᠳᠠᠵᠤ ᠪᠤᠢ ᠪᠤᠰᠤᠳ ᠣᠯᠠᠨ ᠲᠠᠯᠠᠲᠤ ᠠᠭᠤᠯᠵᠠᠯᠲᠠ᠂ ᠠᠷᠭ᠎ᠠ ᠬᠡᠮᠵᠢᠶᠡᠨ ᠳᠥ ᠮᠠᠨ ᠤ ᠤᠯᠤᠰ ᠢᠳᠡᠪᠬᠢ ᠴᠢᠷᠮᠠᠢᠢᠯᠲᠠ ᠲᠠᠢ ᠣᠷᠣᠯᠴᠠᠵᠤ ᠢᠷᠡᠯ᠎ᠡ᠃

ᠮᠣᠩ᠋ᠭᠣᠯ ᠤᠯᠤᠰ ᠱᠠᠩᠬᠠᠢ ᠢᠢᠨ ᠬᠠᠮᠲᠤ ᠢᠢᠨ ᠠᠵᠢᠯᠯᠠᠭᠠᠨ ᠤ ᠪᠠᠢᠢᠭᠤᠯᠤᠯᠭ᠎ᠠ ᠳᠥ ᠱᠠᠲᠤ ᠠᠬᠢᠭᠤᠯᠤᠨ ᠤᠷᠤᠯᠴᠠᠬᠤ ᠪᠣᠯᠤᠮᠵᠢ ᠢᠢ ᠨᠠᠷᠢᠪᠴᠢᠯᠠᠨ ᠰᠤᠳᠤᠯᠵᠤ ᠪᠠᠢᠢᠭ᠎ᠠ ᠪᠥᠭᠡᠳ ᠵᠣᠬᠢᠬᠤ ᠬᠡᠯᠡᠯᠴᠡᠭᠦᠯᠭᠡ ᠢᠢ ᠤᠯᠤᠰ ᠲᠥᠷᠥ᠂ ᠨᠡᠢᠢᠭᠡᠮ ᠤᠨ ᠬᠦᠷᠢᠶᠡᠨ ᠳᠥ ᠶᠠᠪᠤᠭᠤᠯᠵᠤ ᠪᠠᠢᠢᠭ᠎ᠠ ᠲᠠᠯ᠎ᠠ ᠪᠠᠷ ᠲᠠ ᠪᠦᠬᠦᠨ ᠳᠥ ᠮᠡᠳᠡᠭᠡᠯᠡᠵᠦ ᠪᠠᠢᠢᠭᠰᠠᠨ ᠪᠢᠯᠡ᠃ ᠮᠣᠩ᠋ᠭᠣᠯ ᠤᠯᠤᠰ ᠢ ᠱᠠᠩᠬᠠᠢ ᠢᠢᠨ ᠬᠠᠮᠲᠤ ᠢᠢᠨ ᠠᠵᠢᠯᠯᠠᠭᠠᠨ ᠤ ᠪᠠᠢᠢᠭᠤᠯᠤᠯᠭ᠎ᠠ ᠳᠥ ᠡᠯᠰᠡᠭᠦᠯᠬᠦ ᠠᠰᠠᠭᠤᠳᠠᠯ ᠢᠶᠠᠷ ᠮᠠᠨ ᠤ ᠤᠯᠤᠰ ᠤᠨ ᠳᠣᠲᠣᠭᠠᠳᠤ ᠳᠤ ᠣᠯᠠᠨ ᠨᠡᠢᠢᠲᠡ ᠢᠢᠨ ᠰᠠᠨᠠᠯ ᠪᠣᠳᠣᠯ ᠬᠤᠪᠢᠶᠠᠭᠳᠠᠮᠠᠯ ᠪᠠᠢᠢᠳᠠᠯ ᠲᠠᠢ ᠪᠠᠢᠢᠨ᠎ᠠ᠃

ᠱᠠᠩᠬᠠᠢ ᠢᠢᠨ ᠬᠠᠮᠲᠤ ᠢᠢᠨ ᠠᠵᠢᠯᠯᠠᠭᠠᠨ ᠤ ᠪᠠᠢᠢᠭᠤᠯᠤᠯᠭ᠎ᠠ ᠤᠨ ᠠᠵᠢᠭᠯᠠᠭᠴᠢ ᠪᠣᠯᠤᠨ ᠶᠠᠷᠢᠶ᠎ᠠ ᠬᠡᠯᠡᠯᠴᠡᠭᠡᠨ ᠦ ᠲᠦᠩᠰᠢ ᠣᠷᠣᠨ ᠨᠤᠭᠤᠳ ᠪᠠ ᠨᠠᠷᠢᠨ ᠪᠢᠴᠢᠭ᠌ ᠦᠨ ᠳᠠᠷᠤᠭ᠎ᠠ ᠨᠠᠷ ᠤᠨ ᠭᠠᠵᠠᠷ ᠤᠨ ᠬᠠᠮᠲᠤ ᠢᠢᠨ ᠠᠵᠢᠯᠯᠠᠭ᠎ᠠ ᠢᠢ ᠳᠤᠮᠳᠠ ᠬᠤᠭᠤᠴᠠᠭᠠᠨ ᠳᠤ ᠬᠥᠭ᠍ᠵᠢᠭᠦᠯᠬᠦ ᠵᠠᠮ ᠤᠨ ᠵᠢᠷᠤᠭ ᠤᠨ ᠲᠥᠰᠥᠯ ᠢ ᠪᠣᠯᠪᠠᠰᠤᠷᠠᠭᠤᠯᠵᠤ᠂ ᠱᠠᠩᠬᠠᠢ ᠢᠢᠨ ᠬᠠᠮᠲᠤ ᠢᠢᠨ ᠠᠵᠢᠯᠯᠠᠭᠠᠨ ᠤ ᠪᠠᠢᠢᠭᠤᠯᠤᠯᠭ᠎ᠠ ᠤᠨ ᠠᠵᠢᠭᠯᠠᠭᠴᠢ ᠢᠢᠨ ᠰᠲ᠋ᠠᠲ᠋ᠦ᠋ᠰ ᠤᠨ ᠵᠢᠷᠤᠮ ᠳᠤ ᠥᠭᠡᠷᠡᠴᠢᠯᠡᠯᠲᠡ ᠤᠷᠤᠭᠤᠯᠬᠤ᠂ ᠱᠠᠩᠬᠠᠢ ᠢᠢᠨ ᠬᠠᠮᠲᠤ ᠢᠢᠨ ᠠᠵᠢᠯᠯᠠᠭᠠᠨ ᠤ ᠪᠠᠢᠢᠭᠤᠯᠤᠯᠭ᠎ᠠ ᠢᠢᠨ ᠭᠡᠰᠢᠭᠦᠨ ᠪᠣᠯᠤᠨ ᠠᠵᠢᠭᠯᠠᠭᠴᠢ ᠣᠷᠣᠨ ᠨᠤᠭᠤᠳ ᠲᠠᠢ ᠬᠠᠮᠲᠤ ᠢᠢᠨ ᠠᠵᠢᠯᠯᠠᠭ᠎ᠠ ᠢᠢ ᠢᠳᠡᠪᠬᠢᠵᠢᠭᠦᠯᠦᠨ ᠥᠷᠭᠡᠵᠢᠭᠦᠯᠬᠦ ᠪᠡᠷ ᠲᠥᠯᠥᠪᠯᠡᠵᠦ ᠪᠤᠢ ᠢᠢ ᠲᠠᠯᠠᠷᠬᠠᠨ ᠬᠦᠯᠢᠶᠡᠵᠦ ᠠᠪᠴᠤ ᠪᠠᠢᠢᠨ᠎ᠠ᠃

ᠬᠠᠲᠤᠭᠲᠠᠢ᠂ ᠨᠣᠶᠠᠳ ᠠ᠋᠂

ᠪᠥᠰᠡ ᠨᠤᠲᠤᠭ ᠤᠨ ᠣᠷᠣᠨ ᠨᠤᠭᠤᠳ ᠲᠠᠢ ᠬᠠᠷᠢᠯᠴᠠᠭ᠎ᠠ᠂ ᠬᠠᠮᠲᠤ ᠢᠢᠨ ᠠᠵᠢᠯᠯᠠᠭ᠎ᠠ ᠢᠢ ᠪᠠᠨ ᠬᠥᠭ᠍ᠵᠢᠭᠦᠯᠵᠦ᠂ ᠡᠳ᠋ ᠍ ᠦᠨ ᠵᠠᠰᠠᠭ ᠤᠨ ᠢᠨ᠋ᠲ᠋ᠧᠭᠷᠠᠼᠢ ᠳᠤ ᠣᠨᠣᠪᠴᠢᠲᠠᠢ ᠤᠷᠤᠯᠴᠠᠬᠤ ᠨᠢ ᠮᠠᠨ ᠤ ᠭᠠᠳᠠᠭᠠᠳᠤ ᠪᠣᠳᠣᠯᠭ᠎ᠠ ᠢᠢᠨ ᠲᠡᠷᠢᠭᠦᠯᠡᠬᠦ ᠵᠣᠷᠢᠯᠲᠠ ᠪᠠᠢᠢᠭᠰᠠᠭᠠᠷ ᠢᠷᠡᠭᠰᠡᠨ᠃ ᠠᠽᠢᠶ᠎ᠠ᠂ ᠨᠣᠮᠣᠬᠠᠨ ᠳᠠᠯᠠᠢ ᠢᠢᠨ ᠪᠥᠰᠡ ᠨᠤᠲᠤᠭ ᠤᠨ ᠣᠷᠣᠨ ᠨᠤᠭᠤᠳ ᠤᠨ ᠬᠠᠮᠲᠤ ᠢᠢᠨ ᠠᠵᠢᠯᠯᠠᠭ᠎ᠠ ᠢᠢ ᠡᠷᠴᠢᠮᠵᠢᠭᠦᠯᠬᠦ᠂ ᠲᠣᠭᠲᠠᠪᠤᠷᠢᠲᠠᠢ ᠬᠥᠭ᠍ᠵᠢᠯ ᠪᠤᠢ ᠪᠣᠯᠭᠠᠬᠤ ᠳᠤ ᠵᠡᠭᠦᠨ ᠬᠣᠢᠢᠳᠤ ᠠᠽᠢᠶ᠎ᠠ ᠳᠤ ᠠᠶᠤᠯ ᠦᠭᠡᠢ ᠪᠠᠢᠢᠳᠠᠯ ᠢ ᠬᠠᠩᠭ᠋ᠠᠬᠤ ᠶᠠᠪᠤᠳᠠᠯ ᠴᠢᠬᠤᠯᠠ ᠭᠡᠵᠦ ᠪᠢᠳᠡ ᠦᠵᠡᠳᠡᠭ᠃ ᠬᠡᠳᠦᠬᠡᠨ ᠬᠣᠨᠣᠭ ᠤᠨ ᠡᠮᠦᠨ᠎ᠡ 《ᠵᠡᠭᠦᠨ ᠬᠣᠢᠢᠳᠤ ᠠᠽᠢᠶ᠎ᠠ ᠢᠢᠨ ᠠᠶᠤᠯ ᠦᠭᠡᠢ ᠪᠠᠢᠢᠳᠠᠯ ᠤᠨ ᠠᠰᠠᠭᠤᠳᠠᠯ ᠢᠢᠠᠷ ᠬᠢ ᠤᠯᠠᠭᠠᠨᠪᠠᠭᠠᠲᠤᠷ ᠤᠨ ᠶᠠᠷᠢᠶ᠎ᠠ ᠬᠡᠯᠡᠯᠴᠡᠭᠡ》 ᠣᠯᠠᠨ ᠤᠯᠤᠰ ᠤᠨ 6 ᠳ᠋ᠤᠭᠠᠷ ᠪᠠᠭ᠎ᠠ ᠬᠤᠷᠠᠯ ᠢ ᠪᠢᠳᠡ ᠠᠮᠵᠢᠯᠲᠠᠲᠠᠢ ᠵᠣᠬᠢᠶᠠᠨ ᠪᠠᠢᠢᠭᠤᠯᠤᠭᠰᠠᠨ᠃ ᠵᠡᠭᠦᠨ ᠬᠣᠢᠢᠳᠤ ᠠᠽᠢᠶ᠎ᠠ ᠢᠢᠨ ᠠᠶᠤᠯ ᠦᠭᠡᠢ ᠪᠠᠢᠢᠳᠠᠯ ᠤᠨ ᠠᠰᠠᠭᠤᠳᠠᠯ ᠢᠢᠠᠷ ᠬᠢ 《ᠤᠯᠠᠭᠠᠨᠪᠠᠭᠠᠲᠤᠷ ᠤᠨ ᠶᠠᠷᠢᠶ᠎ᠠ ᠬᠡᠯᠡᠯᠴᠡᠭᠡ》 ᠰᠠᠨᠠᠭᠠᠴᠢᠯᠠᠭ᠎ᠠ ᠨᠢ ᠪᠥᠰᠡ ᠨᠤᠲᠤᠭ ᠤᠨ ᠠᠶᠤᠯ ᠦᠭᠡᠢ ᠪᠠᠢᠢᠳᠠᠯ᠂ ᠡᠷᠴᠢᠮ ᠬᠦᠴᠦ᠂ ᠳᠡᠳ᠋ ᠪᠦᠲᠦᠴᠡ ᠢᠢᠨ ᠰᠦᠯᠵᠢᠶ᠎ᠡ᠂ ᠨᠣᠭᠣᠭᠠᠨ ᠬᠥᠭ᠍ᠵᠢᠯ᠂ ᠬᠦᠮᠦᠨᠯᠢᠭ ᠦᠨ ᠬᠠᠮᠲᠤ ᠢᠢᠨ ᠠᠵᠢᠯᠯᠠᠭᠠᠨ ᠤ ᠪᠣᠯᠤᠮᠵᠢ ᠵᠡᠷᠭᠡ ᠥᠷᠭᠡᠨ ᠬᠦᠷᠢᠶᠡᠨ ᠦ ᠠᠰᠠᠭᠤᠳᠠᠯ ᠢ ᠬᠡᠯᠡᠯᠴᠡᠳᠡᠭ᠂ ᠳᠡᠳ᠋ ᠪᠥᠰᠡ ᠢᠢᠨ ᠪᠦᠬᠦ ᠤᠯᠤᠰ ᠤᠨ ᠣᠷᠣᠯᠴᠠᠭ᠎ᠠ ᠢᠢ ᠬᠠᠩᠭ᠋ᠠᠭᠰᠠᠨ᠂ ᠠᠯᠪᠠᠨ ᠤ ᠬᠦᠮᠦᠰ ᠪᠣᠯᠤᠨ ᠡᠷᠳᠡᠮᠲᠡᠨ ᠰᠤᠳᠤᠯᠤᠭᠠᠴᠢᠳ ᠤᠨ ᠥᠷᠭᠡᠨ ᠣᠷᠣᠯᠴᠠᠭ᠎ᠠ ᠲᠠᠢ᠂ ᠨᠡᠭᠡᠭᠡᠯᠲᠡ ᠲᠡᠢ ᠮᠧᠬᠠᠨᠢᠰᠮ ᠪᠣᠯᠤᠨ ᠲᠥᠯᠥᠪᠰᠢᠵᠦ ᠪᠠᠢᠢᠭ᠎ᠠ ᠢᠢ ᠲᠠ ᠪᠦᠬᠦᠨ ᠳᠥ ᠮᠡᠳᠡᠭᠡᠯᠡᠬᠦ ᠳᠥ ᠲᠠᠭᠠᠲᠠᠢ ᠪᠠᠢᠢᠨ᠎ᠠ᠃

ᠳᠡᠭᠡᠷᠡᠬᠢ ᠪᠠᠭ᠎ᠠ ᠬᠤᠷᠠᠯ ᠢᠶᠠᠷ ᠬᠡᠯᠡᠯᠴᠡᠭᠰᠡᠨ ᠴᠢᠬᠤᠯᠠ ᠠᠰᠠᠭᠤᠳᠠᠯ ᠤᠨ ᠨᠢᠭᠡ ᠨᠢ ᠪᠥᠰᠡ ᠨᠤᠲᠤᠭ ᠤᠨ ᠡᠷᠴᠢᠮ ᠬᠦᠴᠦᠨ ᠦ ᠬᠠᠮᠲᠤ ᠢᠢᠨ ᠠᠵᠢᠯᠯᠠᠭ᠎ᠠ ᠶᠤᠮ᠃ ᠮᠣᠩ᠋ᠭᠣᠯ ᠤᠯᠤᠰ ᠨᠢ ᠡᠷᠴᠢᠮ ᠬᠦᠴᠦᠨ ᠦ ᠠᠰᠤᠷᠤ ᠶᠡᠬᠡ ᠨᠥᠭᠡᠴᠡ ᠲᠡᠢ ᠪᠥᠭᠡᠳ ᠦᠷ᠎ᠡ ᠠᠰᠢᠭ ᠲᠠᠢ᠂ ᠬᠢᠮᠳᠠ ᠥᠷᠲᠡᠭ ᠪᠦᠬᠦᠢ ᠦᠢᠯᠡᠳᠪᠦᠷᠢᠯᠡᠯ ᠶᠠᠪᠤᠭᠤᠯᠬᠤ ᠥᠷᠭᠡᠨ ᠪᠣᠯᠤᠮᠵᠢ ᠲᠠᠢ᠃ ᠣᠷᠣᠰ ᠤᠨ ᠬᠣᠯᠪᠣᠭᠠᠨ ᠤ ᠤᠯᠤᠰ ᠤᠨ ᠸᠯᠠᠳᠢᠸᠤᠰᠲ᠋ᠣᠺ ᠬᠣᠲᠠ ᠳᠤ 2018 ᠣᠨ ᠤ 9  ᠳᠦᠭᠡᠷ ᠰᠠᠷ᠎ᠠ ᠳᠤ ᠪᠣᠯᠤᠭᠰᠠᠨ ᠳᠣᠷᠣᠨ᠎ᠠ ᠢᠢᠨ ᠡᠳ᠋ ᠍ ᠦᠨ ᠵᠠᠰᠠᠭ ᠤᠨ IV ᠴᠢᠭᠤᠯᠭᠠᠨ ᠳᠤ ᠤᠷᠤᠯᠴᠠᠬᠤ ᠦᠶ᠎ᠡ ᠪᠡᠷ ᠢᠶᠡᠨ ᠪᠢ ᠵᠡᠭᠦᠨ ᠬᠣᠢᠢᠳᠤ ᠠᠽᠢᠶ᠎ᠠ ᠢᠢᠨ ᠡᠷᠴᠢᠮ ᠬᠦᠴᠦᠨ ᠦ ᠰᠤᠫᠧᠷ ᠰᠦᠯᠵᠢᠶ᠎ᠡ ᠪᠠᠢᠢᠭᠤᠯᠤᠨ᠂ ᠲᠣᠳᠣᠷᠬᠠᠢ ᠮᠧᠬᠠᠨᠢᠰᠮ ᠪᠤᠢ ᠪᠣᠯᠭᠠᠬᠤ ᠰᠠᠨᠠᠯ ᠲᠠᠯᠪᠢᠭᠰᠠᠨ ᠪᠢᠯᠡ᠃ ᠪᠥᠰᠡ ᠨᠤᠲᠤᠭ ᠢ ᠬᠠᠮᠤᠷᠤᠭᠰᠠᠨ ᠬᠠᠮᠲᠤ ᠢᠢᠨ ᠠᠵᠢᠯᠯᠠᠭᠠᠨ ᠤ ᠬᠡᠯᠪᠡᠷᠢ ᠨᠦᠭᠦᠳ ᠨᠢ ᠪᠥᠰᠡ ᠨᠤᠲᠤᠭ ᠲᠤ ᠡᠩᠬᠡ ᠲᠠᠢᠢᠪᠤᠩ ᠤᠨ ᠢ ᠬᠠᠳᠠᠭᠠᠯᠠᠬᠤ᠂ ᠢᠲᠡᠭᠡᠯᠴᠡᠯ ᠢ ᠨᠡᠮᠡᠭᠳᠡᠭᠦᠯᠬᠦ ᠥᠨᠳᠥᠷ ᠠᠴᠢ ᠬᠣᠯᠪᠣᠭᠳᠠᠯ ᠲᠠᠢ ᠭᠡᠵᠦ ᠦᠵᠡᠵᠦ ᠪᠠᠢᠢᠨ᠎ᠠ᠃

ᠬᠠᠲᠤᠭᠲᠠᠢ᠂ ᠨᠣᠶᠠᠳ ᠠ᠋᠂

ᠮᠣᠩ᠋ᠭᠣᠯ ᠤᠯᠤᠰ ᠱᠠᠩᠬᠠᠢ ᠢᠢᠨ ᠬᠠᠮᠲᠤ ᠢᠢᠨ ᠠᠵᠢᠯᠯᠠᠭᠠᠨ ᠤ ᠪᠠᠢᠢᠭᠤᠯᠤᠯᠭ᠎ᠠ ᠢᠢᠨ ᠭᠡᠰᠢᠭᠦᠨ᠂ ᠠᠵᠢᠭᠯᠠᠭᠴᠢ ᠣᠷᠣᠨ ᠨᠤᠭᠤᠳ᠂ ᠲᠡᠭᠦᠨ ᠦ ᠳᠣᠲᠣᠷ᠎ᠠ ᠮᠠᠨ ᠤ ᠬᠥᠷᠰᠢ ᠨᠦᠭᠦᠳ ᠪᠣᠯᠬᠤ ᠣᠷᠣᠰ ᠤᠨ ᠬᠣᠯᠪᠣᠭᠠᠨ ᠤ ᠤᠯᠤᠰ᠂ ᠪᠦᠭᠦᠳᠡ ᠨᠠᠢᠢᠷᠠᠮᠳᠠᠬᠤ ᠬᠢᠲᠠᠳ ᠠᠷᠠᠳ ᠤᠯᠤᠰ ᠲᠠᠢ ᠳᠡᠳ᠋ ᠪᠦᠲᠦᠴᠡ᠂ ᠡᠳ᠋ ᠍ ᠦᠨ ᠵᠠᠰᠠᠭ᠂ ᠬᠥᠷᠥᠩᠭ᠋ᠡ ᠣᠷᠣᠭᠤᠯᠤᠯᠲᠠ᠂ ᠬᠤᠳᠠᠯᠳᠤᠭ᠎ᠠ᠂ ᠳᠠᠮᠵᠢᠨ ᠥᠩᠭᠡᠷᠡᠬᠦ ᠲᠡᠭᠡᠭᠡᠪᠦᠷᠢ ᠵᠡᠷᠭᠡ ᠰᠠᠯᠪᠤᠷᠢ ᠢᠢᠨ ᠬᠠᠮᠲᠤ ᠢᠢᠨ ᠠᠵᠢᠯᠯᠠᠭ᠎ᠠ ᠢᠢ ᠬᠠᠷᠢᠯᠴᠠᠨ ᠠᠰᠢᠭᠲᠠᠢ ᠪᠦᠲᠦᠭᠡᠯᠴᠢ ᠪᠡᠷ ᠰᠢᠢᠳᠪᠦᠷᠢᠯᠡᠬᠦ ᠳᠥ ᠣᠨᠴᠠᠭᠠᠢ ᠠᠩᠬᠠᠷᠴᠤ ᠢᠷᠡᠭᠰᠡᠨ᠃ ᠱᠠᠩᠬᠠᠢ ᠢᠢᠨ ᠬᠠᠮᠲᠤ ᠢᠢᠨ ᠠᠵᠢᠯᠯᠠᠭᠠᠨ ᠤ ᠪᠠᠢᠢᠭᠤᠯᠤᠯᠭ᠎ᠠ ᠤᠨ ᠳᠡᠭᠡᠳᠦ ᠲᠦᠪᠰᠢᠨ ᠦ ᠡᠨᠡᠬᠦ ᠠᠭᠤᠯᠵᠠᠯᠲᠠ ᠢᠢᠨ ᠦᠶ᠎ᠡ ᠪᠡᠷ ᠮᠣᠩ᠋ᠭᠣᠯ ᠤᠯᠤᠰ ᠤᠨ ᠶᠡᠷᠦᠩᠬᠡᠢᠢᠯᠡᠭᠴᠢ᠂ ᠣᠷᠣᠰ ᠤᠨ ᠬᠣᠯᠪᠣᠭᠠᠨ ᠤ ᠤᠯᠤᠰ ᠤᠨ ᠶᠡᠷᠦᠩᠬᠡᠢᠢᠯᠡᠭᠴᠢ᠂ ᠪᠦᠭᠦᠳᠡ ᠨᠠᠢᠢᠷᠠᠮᠳᠠᠬᠤ ᠬᠢᠲᠠᠳ ᠠᠷᠠᠳ ᠤᠯᠤᠰ ᠤᠨ ᠳᠠᠷᠤᠭ᠎ᠠ ᠨᠠᠷ ᠤᠨ ᠭᠤᠷᠪᠠᠨ ᠲᠠᠯᠠᠳᠤ ᠳᠡᠭᠡᠳᠦ ᠲᠦᠪᠰᠢᠨ ᠦ ᠡᠭᠡᠯᠵᠢᠲᠦ ᠲᠠᠪᠤᠳᠤᠭᠠᠷ ᠠᠭᠤᠯᠵᠠᠯᠲᠠ ᠢᠢ ᠬᠢᠵᠦ᠂ ᠭᠤᠷᠪᠠᠨ ᠲᠠᠯ᠎ᠠ ᠢᠢᠨ ᠬᠠᠮᠲᠤ ᠢᠢᠨ ᠠᠵᠢᠯᠯᠠᠭᠠᠨ ᠤ ᠴᠠᠭᠠᠰᠢᠳᠠ ᠢᠢᠨ ᠴᠢᠭ᠌ ᠬᠠᠨᠳᠤᠯᠭ᠎ᠠ ᠢᠢᠨ ᠲᠠᠯ᠎ᠠ ᠪᠠᠷ ᠶᠠᠷᠢᠯᠴᠠᠨ᠎ᠠ᠃ ᠭᠤᠷᠪᠠᠨ ᠲᠠᠯ᠎ᠠ ᠢᠢᠨ ᠬᠠᠮᠲᠤ ᠢᠢᠨ ᠠᠵᠢᠯᠯᠠᠭ᠎ᠠ ᠢᠢ ᠴᠢᠨᠠᠭᠰᠢᠳᠠ ᠤᠯᠠᠮ ᠢᠳᠡᠪᠬᠢᠵᠢᠭᠦᠯᠬᠦ᠂ ᠲᠡᠮᠦᠷ ᠵᠠᠮ᠂ ᠠᠦ᠋ᠲ᠋ᠣ᠋ ᠲᠡᠭᠡᠭᠡᠪᠦᠷᠢ᠂ ᠪᠠᠢᠢᠭᠠᠯᠢ ᠢᠢᠨ ᠬᠡᠢ ᠢᠢᠨ ᠬᠣᠭᠣᠯᠠᠢ᠂ ᠡᠷᠴᠢᠮ ᠬᠦᠴᠦᠨ ᠦ ᠨᠢᠭᠡᠳᠦᠭᠰᠡᠨ ᠰᠦᠯᠵᠢᠶ᠎ᠡ ᠵᠡᠷᠭᠡ ᠲᠣᠳᠣᠷᠬᠠᠢ ᠠᠰᠠᠭᠤᠳᠠᠯ ᠢᠶᠠᠷ ᠠᠬᠢᠴᠠ᠂ ᠳᠡᠪᠰᠢᠯ ᠭᠠᠷᠭᠠᠬᠤ ᠨᠢ ᠵᠥᠪᠬᠡᠨ ᠣᠷᠣᠯᠴᠠᠭᠴᠢ ᠤᠯᠤᠰ ᠤᠳ ᠲᠠᠭᠠᠨ ᠲᠡᠳᠦᠢ ᠦᠭᠡᠢ ᠱᠠᠩᠬᠠᠢ ᠢᠢᠨ ᠬᠠᠮᠲᠤ ᠢᠢᠨ ᠠᠵᠢᠯᠯᠠᠭᠠᠨ ᠤ ᠪᠠᠢᠢᠭᠤᠯᠤᠯᠭ᠎ᠠ ᠤᠨ ᠬᠦᠷᠢᠶᠡᠨ ᠳᠥ ᠬᠠᠮᠲᠤ ᠢᠢᠨ ᠠᠵᠢᠯᠯᠠᠭ᠎ᠠ ᠢᠢ ᠡᠷᠴᠢᠮᠵᠢᠭᠦᠯᠦᠨ ᠬᠥᠭ᠍ᠵᠢᠭᠦᠯᠬᠦ ᠳᠥ ᠴᠢᠬᠤᠯᠠ ᠲᠦᠯᠬᠢᠴᠡ ᠪᠣᠯᠬᠤ ᠨᠢ ᠳᠠᠮᠵᠢᠭ ᠦᠭᠡᠢ᠃

ᠮᠠᠨ ᠤ ᠤᠯᠤᠰ ᠤᠨ ᠲᠡᠮᠦᠷ ᠵᠠᠮ ᠤᠨ ᠲᠥᠪ ᠺᠣᠷᠢᠳᠣᠷ ᠠᠴᠠ ᠪᠠᠷᠠᠭᠤᠨ ᠵᠡᠭᠦᠨ ᠲᠡᠰᠢ ᠲᠤᠰ ᠪᠦᠷᠢ 500 ᠣᠷᠴᠢᠮ ᠺᠮ ᠰᠢᠨ᠎ᠡ ᠲᠡᠮᠦᠷ ᠵᠠᠮ ᠪᠠᠷᠢᠬᠤ ᠪᠦᠲᠦᠭᠡᠨ ᠪᠠᠢᠢᠭᠤᠯᠤᠯᠲᠠ ᠢᠢᠨ ᠠᠵᠢᠯ ᠰᠠᠶ᠋ᠢᠬᠠᠨ ᠡᠬᠢᠯᠡᠯ᠎ᠡ᠃ ᠡᠨᠡ ᠲᠡᠮᠦᠷ ᠵᠠᠮ ᠢ ᠮᠢᠩᠭ᠋᠎ᠠ ᠭᠠᠷᠤᠢ ᠺᠮ ᠦᠷᠭᠦᠯᠵᠢᠯᠡᠭᠦᠯᠦᠨ ᠮᠠᠨ ᠤ ᠤᠯᠤᠰ ᠤᠨ ᠪᠠᠷᠠᠭᠤᠨ ᠬᠢᠵᠠᠭᠠᠷ ᠤᠨ ᠪᠤᠷᠭᠠᠰᠤᠲᠠᠢ ᠬᠢᠯᠢ ᠢᠢᠨ ᠪᠣᠭᠣᠮᠲᠠ ᠬᠦᠷᠭᠡᠵᠦ᠂ ᠬᠢᠲᠠᠳ ᠤᠨ ᠰᠢᠨᠵᠢᠶᠠᠩ ᠤᠢᠢᠭᠤᠷ ᠤᠨ ᠬᠢᠯᠢ ᠢᠢᠨ ᠪᠣᠭᠣᠮᠲᠠ ᠤᠷᠤᠭᠤ ᠬᠤᠯᠪᠤᠬᠤ ᠲᠥᠯᠥᠪᠯᠡᠭᠡ ᠪᠤᠢ᠃ ᠥᠭᠡᠷ᠎ᠡ ᠪᠡᠷ ᠬᠡᠯᠡᠪᠡᠯ᠂ ᠲᠠ ᠪᠦᠬᠦᠨ ᠮᠣᠩ᠋ᠭᠣᠯ ᠤᠨ ᠨᠤᠲᠤᠭ ᠢᠶᠠᠷ ᠳᠠᠮᠵᠢᠨ ᠳᠡᠯᠡᠬᠡᠢ ᠢᠢᠨ ᠡᠳ᠋ ᠍ ᠦᠨ ᠵᠠᠰᠠᠭ ᠤᠨ ᠶᠡᠬᠡᠩᠬᠢ ᠬᠤᠪᠢ ᠢᠢ ᠪᠦᠷᠢᠳᠦᠭᠦᠯᠵᠦ ᠪᠤᠢ ᠵᠡᠭᠦᠨ ᠠᠽᠢᠶ᠎ᠠ ᠢᠢᠨ ᠵᠠᠬ᠎ᠠ ᠵᠡᠭᠡᠯᠢ ᠤᠷᠤᠭᠤ ᠭᠠᠷᠬᠤ ᠪᠣᠯᠤᠮᠵᠢ ᠨᠡᠭᠡᠭᠡᠭ᠍ᠳᠡᠨ᠎ᠡ ᠭᠡᠰᠡᠨ ᠦᠭᠡ ᠶᠤᠮ᠃

ᠤᠯᠠᠭᠠᠨᠪᠠᠭᠠᠲᠤᠷ ᠠᠴᠠ 1400 ᠭᠠᠷᠤᠢ ᠺᠮ ᠠᠯᠤᠰᠤᠯᠠᠭᠳᠠᠭᠰᠠᠨ ᠪᠠᠷᠠᠭᠤᠨ ᠬᠢᠵᠠᠭᠠᠷ ᠪᠣᠯᠬᠤ ᠠᠢᠢᠮᠠᠭ ᠤᠨ ᠬᠣᠪᠳᠣ ᠬᠣᠲᠠ ᠠᠴᠠ ᠺᠠᠰᠠᠭᠰᠲ᠋ᠠᠨ᠂ ᠦᠽᠪᠧᠺᠢᠰᠲ᠋ᠠᠨ ᠵᠡᠷᠭᠡ ᠳᠥᠲᠡ ᠭᠠᠷᠴᠠ ᠨᠡᠭᠡᠭᠡᠵᠦ᠂ ᠡᠬᠢᠨ ᠦ ᠡᠭᠡᠯᠵᠢᠨ ᠳᠥ ᠬᠠᠯᠠᠯ ᠮᠢᠬ᠎ᠠ ᠲᠡᠭᠡᠭᠡᠪᠦᠷᠢᠯᠡᠬᠦ ᠴᠢᠭᠯᠡᠯ ᠢᠶᠡᠷ ᠠᠵᠢᠯᠯᠠᠵᠤ ᠪᠠᠢᠢᠨ᠎ᠠ᠃ ᠡᠨᠡᠬᠦ ᠭᠠᠷᠴᠠ ᠢᠢ ᠠᠰᠢᠭᠯᠠᠨ ᠲᠥᠪ ᠠᠽᠢᠶ᠎ᠠ ᠢᠢᠨ ᠤᠯᠤᠰ ᠣᠷᠣᠨ ᠨᠤᠭᠤᠳ ᠲᠤ ᠬᠣᠨᠢᠨ ᠤ ᠮᠢᠬ᠎ᠠ᠂ ᠪᠤᠰᠤᠳ ᠪᠦᠲᠦᠭᠡᠭ᠍ᠳᠡᠬᠦᠨ ᠲᠡᠭᠡᠭᠡᠪᠦᠷᠢᠯᠡᠬᠦ ᠪᠣᠯᠤᠮᠵᠢ ᠨᠡᠭᠡᠭᠡᠭ᠍ᠳᠡᠵᠦ ᠪᠠᠢᠢᠨ᠎ᠠ᠃

ᠮᠣᠩ᠋ᠭᠣᠯ ᠤᠯᠤᠰ ᠱᠠᠩᠬᠠᠢ ᠢᠢᠨ ᠬᠠᠮᠲᠤ ᠢᠢᠨ ᠠᠵᠢᠯᠯᠠᠭᠠᠨ ᠤ ᠪᠠᠢᠢᠭᠤᠯᠤᠯᠭ᠎ᠠ ᠤᠨ ᠬᠦᠷᠢᠶᠡᠨ ᠳᠥ ᠡᠷᠴᠢᠮ ᠬᠦᠴᠦ᠂ ᠳᠡᠳ᠋ ᠪᠦᠲᠦᠴᠡ᠂ ᠳᠠᠮᠵᠢᠨ ᠥᠩᠭᠡᠷᠡᠬᠦ ᠲᠡᠭᠡᠭᠡᠪᠦᠷᠢ᠂ ᠠᠭᠤᠯᠠ ᠠᠭᠤᠷᠬᠠᠢ᠂ ᠬᠦᠨᠳᠦ ᠦᠢᠯᠡᠳᠪᠦᠷᠢ᠂ ᠬᠥᠳᠡᠭᠡ ᠠᠵᠤ ᠠᠬᠤᠢ᠂ ᠰᠤᠶᠤᠯ᠂ ᠪᠣᠯᠪᠠᠰᠤᠷᠠᠯ᠂ ᠡᠷᠡᠭᠦᠯ ᠮᠡᠨᠳᠦ᠂ ᠪᠠᠢᠢᠭᠠᠯᠢ ᠣᠷᠴᠢᠨ᠂ ᠪᠠᠢᠢᠭᠠᠯᠢ ᠢᠢᠨ ᠭᠠᠮᠰᠢᠭ ᠠᠴᠠ ᠤᠷᠢᠳᠴᠢᠯᠠᠨ ᠰᠡᠷᠭᠡᠢᠢᠯᠡᠬᠦ᠂ ᠭᠠᠮᠰᠢᠭ ᠤᠨ ᠬᠣᠬᠢᠷᠠᠯ ᠢ ᠪᠠᠭᠤᠷᠠᠭᠤᠯᠬᠤ᠂ ᠲᠧᠷᠷᠣᠷᠢᠰᠮ ᠲᠠᠢ ᠲᠡᠮᠡᠴᠡᠬᠦ ᠵᠡᠷᠭᠡ ᠣᠯᠠᠨ ᠰᠠᠯᠪᠤᠷᠢ ᠳᠤ ᠲᠠ ᠪᠦᠬᠦᠨ ᠲᠡᠢ ᠬᠠᠮᠲᠤᠷᠠᠨ ᠠᠵᠢᠯᠯᠠᠬᠤ ᠰᠣᠨᠢᠷᠬᠠᠯᠲᠠᠢ ᠪᠠᠢᠢᠨ᠎ᠠ᠃ ᠲᠡᠭᠦᠨᠴᠢᠯᠡᠨ ᠪᠥᠰᠡ ᠨᠤᠲᠤᠭ ᠤᠨ ᠡᠩᠬᠡ ᠲᠠᠢᠢᠪᠤᠩ᠂ ᠠᠶᠤᠯ ᠦᠭᠡᠢ ᠪᠠᠢᠢᠳᠠᠯ᠂ ᠤᠯᠤᠰ ᠣᠷᠣᠨ ᠨᠤᠭᠤᠳ ᠤᠨ ᠬᠥᠭ᠍ᠵᠢᠯ ᠳᠡᠪᠰᠢᠯ᠂ ᠠᠷᠠᠳ ᠲᠦᠮᠡᠨ ᠨᠦᠭᠦᠳ ᠦᠨ ᠰᠠᠢᠢᠨ ᠰᠠᠢᠢᠬᠠᠨ ᠤ ᠲᠥᠯᠦᠭᠡᠬᠢ ᠱᠠᠩᠬᠠᠢ ᠢᠢᠨ ᠬᠠᠮᠲᠤ ᠢᠢᠨ ᠠᠵᠢᠯᠯᠠᠭᠠᠨ ᠤ ᠪᠠᠢᠢᠭᠤᠯᠤᠯᠭ᠎ᠠ ᠤᠨ ᠦᠢᠯᠡ ᠬᠡᠷᠡᠭ ᠲᠥ ᠨᠡᠮᠡᠷᠢ ᠬᠠᠨᠳᠢᠪ ᠢᠶᠠᠨ ᠣᠷᠣᠭᠤᠯᠵᠤ᠂ ᠬᠦᠴᠦᠨ ᠴᠢᠷᠮᠠᠢᠢᠯᠲᠠ ᠪᠠᠨ ᠨᠢᠭᠡᠳᠬᠡᠬᠦ ᠪᠣᠯᠤᠨ᠎ᠠ᠃

ᠡᠨᠡ ᠢᠯᠳᠠᠮ ᠳᠤ ᠱᠠᠩᠬᠠᠢ ᠢᠢᠨ ᠬᠠᠮᠲᠤ ᠢᠢᠨ ᠠᠵᠢᠯᠯᠠᠭᠠᠨ ᠤ ᠪᠠᠢᠢᠭᠤᠯᠤᠯᠭ᠎ᠠ ᠢ ᠳᠠᠷᠤᠭᠠᠯᠠᠬᠤ ᠳᠠᠷᠤᠭ᠎ᠠ ᠢᠢᠨ ᠡᠷᠬᠡ ᠢᠢ ᠠᠪᠤᠭᠰᠠᠨ ᠣᠷᠣᠰ ᠤᠨ ᠬᠣᠯᠪᠣᠭᠠᠨ ᠤ ᠤᠯᠤᠰ ᠤᠨ ᠶᠡᠷᠦᠩᠬᠡᠢᠢᠯᠡᠭᠴᠢ ᠳᠥ ᠴᠢᠩ ᠰᠡᠳᠬᠢᠯ ᠦᠨ ᠪᠠᠶᠠᠷ ᠬᠦᠷᠭᠡᠵᠦ᠂ ᠥᠨᠳᠥᠷ ᠠᠮᠵᠢᠯᠲᠠ ᠬᠦᠰᠡᠶ᠎ᠡ᠃

ᠠᠩᠬᠠᠷᠤᠯ ᠲᠠᠯᠪᠢᠭᠰᠠᠨ ᠳᠤ ᠪᠠᠶᠠᠷᠯᠠᠯ᠎ᠠ》 ᠭᠡᠪᠡ᠃