Та "Internet explorer"-ийн сүүлийн хувилбар болох "Microsoft edge"-г ашиглана уу

Хэрэв "Microsoft edge"-г татах бол энд дарж татаж авна уу

ᠮᠣᠩ᠋ᠭᠣᠯ ᠤᠯᠤᠰ ᠤᠨ ᠶᠡᠷᠦᠩᠬᠡᠢᠢᠯᠡᠭᠴᠢ᠂ ᠵᠡᠪᠰᠡᠭᠲᠦ ᠬᠦᠴᠦᠨ ᠦ ᠶᠡᠷᠦᠩᠬᠡᠢ ᠺᠣᠮᠠᠨ᠋ᠳᠠᠯᠠᠭᠴᠢ ᠬ ∙ ᠪᠠᠲᠤᠲᠤᠯᠭ᠎ᠠ 《ᠬᠠᠭᠠᠨ ᠤ ᠡᠷᠢᠯ ᠳᠥ》 ᠡᠩᠬᠡ ᠢᠢ ᠳᠡᠮᠵᠢᠬᠦ ᠠᠵᠢᠯᠯᠠᠭᠠᠨ ᠤ ᠬᠠᠮᠲᠤᠷᠠᠭᠰᠠᠨ ᠰᠤᠷᠭᠠᠭᠤᠯᠢ ᠢᠢ ᠨᠡᠭᠡᠭᠡᠵᠦ ᠦᠭᠡ ᠬᠡᠯᠡᠪᠡ

ᠮᠣᠩ᠋ᠭᠣᠯ ᠤᠯᠤᠰ ᠤᠨ ᠵᠡᠪᠰᠡᠭᠲᠦ ᠬᠦᠴᠦᠨ ᠦ ᠵᠠᠩᠵᠤᠨ ᠱᠲ᠋ᠠᠪ᠂ ᠠᠮᠧᠷᠢᠺᠠ ᠢᠢᠨ ᠨᠢᠭᠡᠳᠦᠭᠰᠡᠨ ᠤᠯᠤᠰ ᠤᠨ ᠲᠡᠩᠭᠢᠰ ᠦᠨ ᠴᠡᠷᠢᠭ ᠦᠨ ᠺᠣᠮᠠᠨ᠋ᠳ᠋ᠯᠠᠯ ᠲᠠᠢ ᠬᠠᠮᠲᠤᠷᠠᠨ ᠮᠣᠩ᠋ᠭᠣᠯ ᠤᠯᠤᠰ ᠲᠤ ᠵᠢᠯ ᠪᠦᠷᠢ ᠵᠣᠬᠢᠶᠠᠨ ᠪᠠᠢᠢᠭᠤᠯᠳᠠᠭ 《ᠬᠠᠭᠠᠨ ᠤ ᠡᠷᠢᠯ ᠳᠥ》 ᠡᠩᠬᠡ ᠢᠢ ᠳᠡᠮᠵᠢᠬᠦ ᠠᠵᠢᠯᠯᠠᠭᠠᠨ ᠤ ᠣᠯᠠᠨ ᠤᠯᠤᠰ ᠤᠨ ᠬᠠᠮᠲᠤᠷᠠᠭᠰᠠᠨ ᠰᠤᠷᠭᠠᠭᠤᠯᠢ ᠢᠢᠨ ᠨᠡᠭᠡᠭᠡᠯᠲᠡ ᠥᠨᠥᠳᠥᠷ ᠲᠠᠪᠤᠨᠲᠣᠯᠣᠭᠠᠢ ᠳᠠᠬᠢ ᠵᠡᠪᠰᠡᠭᠲᠦ ᠬᠦᠴᠦᠨ ᠦ ᠰᠤᠷᠭᠠᠯᠲᠠ ᠢᠢᠨ ᠨᠢᠭᠡᠳᠦᠭᠰᠡᠨ ᠲᠥᠪ ᠳᠥ ᠪᠣᠯᠤᠯ᠎ᠠ᠃

ᠨᠡᠭᠡᠭᠡᠯᠲᠡ ᠢᠢᠨ ᠶᠣᠰᠣᠯᠠᠯ ᠳᠤ ᠮᠣᠩ᠋ᠭᠣᠯ ᠤᠯᠤᠰ ᠤᠨ ᠶᠡᠷᠦᠩᠬᠡᠢᠢᠯᠡᠭᠴᠢ᠂ ᠵᠡᠪᠰᠡᠭᠲᠦ ᠬᠦᠴᠦᠨ ᠦ ᠶᠡᠷᠦᠩᠬᠡᠢ ᠺᠣᠮᠠᠨ᠋ᠳ᠋ᠯᠠᠭᠴᠢ ᠬ ∙ ᠪᠠᠲᠤᠲᠤᠯᠭ᠎ᠠ᠂ ᠪᠠᠲᠤᠯᠠᠨ ᠬᠠᠮᠠᠭᠠᠯᠠᠬᠤ ᠢᠢᠨ ᠰᠠᠢᠢᠳ ᠨ ∙ ᠡᠩᠬᠡᠪᠣᠯᠤᠳ᠂ ᠵᠡᠪᠰᠡᠭᠲᠦ ᠬᠦᠴᠦᠨ ᠦ ᠵᠠᠩᠵᠤᠨ ᠱᠲ᠋ᠠᠪ ᠤᠨ ᠳᠠᠷᠤᠭ᠎ᠠ᠂ ᠬᠣᠰᠢᠭᠤᠴᠢ ᠭᠧᠨᠧᠷᠠᠯ ᠠ᠊ ∙ ᠭᠠᠩᠪᠠᠲᠤ᠂ ᠡᠨᠡᠳᠬᠡᠭ᠌-ᠨᠣᠮᠣᠬᠠᠨ ᠳᠠᠯᠠᠢ ᠳᠠᠬᠢ ᠠᠮᠧᠷᠢᠺᠠ ᠢᠢᠨ ᠨᠢᠭᠡᠳᠦᠭᠰᠡᠨ ᠤᠯᠤᠰ ᠤᠨ ᠴᠡᠷᠢᠭ ᠦᠨ ᠺᠣᠮᠠᠨ᠋ᠳ᠋ᠯᠠᠭᠴᠢ᠂ ᠠᠳ᠋ᠮᠢᠷᠠᠯ ᠹᠢᠯᠢᠫᠫ ᠳ᠋ᠧᠪᠢᠳ᠋ᠰᠣᠨ᠂ ᠪᠠᠲᠤᠯᠠᠨ ᠬᠠᠮᠠᠭᠠᠯᠠᠬᠤ ᠶᠠᠮᠥᠣᠨ᠂ ᠵᠡᠪᠰᠡᠭᠲᠦ ᠬᠦᠴᠦᠨ ᠦ ᠵᠠᠩᠵᠤᠨ ᠱᠲ᠋ᠠᠪ ᠤᠨ ᠤᠳᠤᠷᠢᠳᠤᠯᠭ᠎ᠠ᠂ 《ᠬᠠᠭᠠᠨ ᠤ ᠡᠷᠢᠯ ᠳᠥ》 ᠡᠩᠬᠡ ᠢᠢ ᠳᠡᠮᠵᠢᠬᠦ ᠠᠵᠢᠯᠯᠠᠭᠠᠨ ᠤ ᠣᠯᠠᠨ ᠤᠯᠤᠰ ᠤᠨ ᠬᠠᠮᠲᠤᠷᠠᠭᠰᠠᠨ ᠰᠤᠷᠭᠠᠭᠤᠯᠢ ᠳᠤ ᠣᠷᠣᠯᠴᠠᠵᠤ ᠪᠤᠢ ᠣᠷᠣᠨ ᠨᠤᠭᠤᠳ ᠤᠨ ᠡᠯᠴᠢᠨ ᠰᠠᠢᠢᠳ ᠨᠠᠷ ᠵᠡᠷᠭᠡ ᠠᠯᠪᠠᠨ ᠤ ᠬᠦᠮᠦᠰ ᠣᠷᠣᠯᠴᠠᠯ᠎ᠠ᠃

《ᠬᠠᠭᠠᠨ ᠤ ᠡᠷᠢᠯ ᠳᠥ》 ᠡᠩᠬᠡ ᠢᠢ ᠳᠡᠮᠵᠢᠬᠦ ᠠᠵᠢᠯᠯᠠᠭᠠᠨ ᠤ ᠬᠠᠮᠲᠤᠷᠠᠭᠰᠠᠨ ᠰᠤᠷᠭᠠᠭᠤᠯᠢ ᠢᠢ ᠨᠡᠭᠡᠭᠡᠵᠦ ᠮᠣᠩ᠋ᠭᠣᠯ ᠤᠯᠤᠰ ᠤᠨ ᠶᠡᠷᠦᠩᠬᠡᠢᠢᠯᠡᠭᠴᠢ᠂ ᠵᠡᠪᠰᠡᠭᠲᠦ ᠬᠦᠴᠦᠨ ᠦ ᠶᠡᠷᠦᠩᠬᠡᠢ ᠺᠣᠮᠠᠨ᠋ᠳ᠋ᠯᠠᠭᠴᠢ ᠬ ∙ ᠪᠠᠲᠤᠲᠤᠯᠭ᠎ᠠ ᠄

《ᠡᠷᠬᠢᠮ ᠵᠣᠴᠢᠳ᠂ ᠲᠥᠯᠥᠭᠡᠯᠡᠭᠴᠢᠳ ᠡ᠂
《ᠬᠠᠭᠠᠨ ᠤ ᠡᠷᠢᠯ ᠳᠥ-2019》 ᠡᠩᠬᠡ ᠢᠢ ᠳᠡᠮᠵᠢᠬᠦ ᠠᠵᠢᠯᠯᠠᠭᠠᠨ ᠤ ᠣᠯᠠᠨ ᠤᠯᠤᠰ ᠤᠨ ᠰᠤᠷᠭᠠᠭᠤᠯᠢ ᠳᠤ ᠣᠷᠣᠯᠴᠠᠬᠤ ᠪᠠᠷ ᠢᠷᠡᠭᠰᠡᠨ ᠳᠠᠢᠢᠴᠢᠳ ᠠ᠂
ᠲᠠ ᠪᠦᠬᠦᠨ ᠦ ᠠᠮᠤᠷ ᠢ ᠡᠷᠢᠵᠦ᠂ ᠮᠣᠩ᠋ᠭᠣᠯ ᠣᠷᠣᠨ ᠳᠤ ᠲᠠᠪᠠᠲᠠᠢ ᠮᠣᠷᠢᠯᠠᠬᠤ ᠢᠢ ᠤᠷᠢᠶ᠎ᠠ᠃

ᠡᠩᠬᠡ ᠢᠢ ᠰᠠᠬᠢᠭᠤᠯᠬᠤ ᠠᠵᠢᠯᠯᠠᠭ᠎ᠠ ᠨᠢ ᠵᠡᠪᠰᠡᠭᠲᠦ ᠮᠥᠷᠭᠥᠯᠳᠦᠭᠡᠨ ᠢ ᠵᠣᠭᠰᠣᠬᠤ᠂ ᠡᠩ ᠦᠨ ᠠᠷᠠᠳ ᠢᠷᠭᠡᠳ ᠢ ᠬᠠᠮᠠᠭᠠᠯᠠᠬᠤ᠂ ᠪᠠᠢᠢᠭᠠᠯᠢ ᠢᠢᠨ ᠭᠠᠮᠰᠢᠭ ᠲᠤ ᠨᠡᠷᠪᠡᠭ᠍ᠳᠡᠭᠰᠡᠨ ᠪᠥᠰᠡ ᠨᠤᠲᠤᠭ ᠲᠤ ᠠᠪᠤᠷᠠᠬᠤ᠂ ᠬᠦᠮᠦᠨᠯᠢᠭ ᠦᠨ ᠲᠤᠰᠠᠯᠠᠯᠴᠠᠭ᠎ᠠ ᠦᠵᠡᠭᠦᠯᠬᠦ᠂ ᠰᠡᠷᠭᠦᠭᠡᠨ ᠪᠣᠰᠬᠠᠬᠤ ᠠᠵᠢᠯᠯᠠᠭ᠎ᠠ ᠨᠤᠭᠤᠳ ᠢ ᠶᠠᠪᠤᠭᠤᠯᠬᠤ ᠳᠤ ᠴᠢᠬᠤᠯᠠ ᠬᠡᠷᠡᠭᠰᠡᠯ ᠦᠳ ᠦᠨ ᠨᠢᠭᠡ ᠬᠡᠪ ᠢᠶᠡᠷ ᠪᠠᠢᠢᠭᠰᠠᠭᠠᠷ ᠪᠠᠢᠢᠨ᠎ᠠ᠃

ᠮᠣᠩ᠋ᠭᠣᠯ ᠤᠯᠤᠰ ᠳᠡᠯᠡᠬᠡᠢ ᠢᠢᠨ ᠬᠠᠮᠲᠤ ᠢᠢᠨ ᠨᠡᠢᠢᠭᠡᠮᠯᠢᠭ᠌ ᠦᠨ ᠪᠦᠷᠢᠨ ᠡᠷᠬᠡᠲᠦ ᠭᠡᠰᠢᠭᠦᠨ᠂ ᠡᠩᠬᠡ ᠢᠢ ᠡᠷᠬᠢᠮᠯᠡᠭᠴᠢ ᠤᠯᠤᠰ ᠤᠨ ᠬᠤᠪᠢ ᠳᠤ 2002 ᠣᠨ ᠠᠴᠠ ᠡᠬᠢᠯᠡᠨ ᠵᠡᠪᠰᠡᠭᠲᠦ ᠬᠦᠴᠦᠨ ᠢᠶᠡᠨ ᠡᠩᠬᠡ ᠢᠢ ᠰᠠᠬᠢᠭᠤᠯᠬᠤ ᠠᠵᠢᠯᠯᠠᠭᠠᠨ ᠳᠤ ᠣᠷᠤᠯᠴᠠᠭᠤᠯᠵᠤ᠂ ᠥᠨᠥᠳᠥᠷ ᠢ ᠬᠦᠷᠲᠡᠯ᠎ᠡ ᠨᠡᠢᠢᠲᠡ ᠳᠥ ᠪᠡᠨ 17 ᠮᠢᠩ᠋ᠭ᠎ᠠ ᠭᠠᠷᠤᠢ ᠴᠡᠷᠢᠭ ᠦᠨ ᠠᠯᠪᠠ ᠬᠠᠭᠠᠭᠴᠢ ᠣᠯᠠᠨ ᠤᠯᠤᠰ ᠲᠤ ᠡᠭᠦᠷᠭᠡ ᠭᠦᠢᠴᠡᠳᠭᠡᠵᠡᠢ᠃

ᠡᠩᠬᠡ ᠢᠢ ᠰᠠᠬᠢᠭᠤᠯᠬᠤ ᠨᠢ ᠴᠡᠷᠢᠭ ᠡᠷᠡᠰ ᠡᠴᠡ ᠪᠡᠯᠡᠳᠬᠡᠯ ᠰᠤᠷᠭᠠᠭᠤᠯᠢᠯᠠᠯᠲᠠ᠂ ᠲᠡᠰᠪᠦᠷᠢ ᠲᠡᠪᠴᠢᠶᠡᠷᠢ᠂ ᠡᠷ᠎ᠡ ᠵᠣᠷᠢᠭ᠂ ᠠᠪᠬᠠᠯᠵᠢ ᠰᠠᠮᠪᠠᠭ᠎ᠠ᠂ ᠤᠷ᠎ᠠ ᠴᠢᠳᠠᠪᠤᠷᠢ ᠱᠠᠭᠠᠷᠳᠠᠭᠰᠠᠨ ᠬᠦᠨᠳᠦ ᠠᠵᠢᠯ ᠶᠤᠮ ᠠ᠋᠃ ᠡᠩᠬᠡ ᠢᠢ ᠰᠠᠬᠢᠭᠤᠯᠬᠤ ᠪᠡᠶ᠎ᠡ ᠪᠦᠷᠢᠯᠳᠦᠬᠦᠨ ᠪᠡᠯᠡᠳᠬᠡᠯ ᠰᠤᠷᠭᠠᠭᠤᠯᠢᠯᠠᠯᠲᠠ ᠲᠣᠭᠲᠠᠮᠠᠯ ᠬᠢᠬᠦ ᠨᠢ ᠡᠷᠦᠰᠳᠡᠯ ᠳᠥ ᠨᠥᠬᠥᠴᠡᠯ ᠢ ᠭᠠᠷᠤᠵᠠ ᠬᠣᠬᠢᠷᠠᠯ ᠪᠠᠭ᠎ᠠ ᠲᠠᠢ ᠳᠠᠪᠠᠨ ᠲᠤᠭᠤᠯᠬᠤ ᠨᠥᠬᠥᠴᠡᠯ ᠪᠣᠯᠤᠭᠰᠠᠨ ᠡᠭᠦᠷᠭᠡ ᠭᠦᠢᠴᠡᠳᠭᠡᠬᠦ ᠴᠢᠳᠠᠪᠤᠷᠢ ᠢᠢ ᠡᠷᠡᠰ ᠰᠠᠢᠢᠵᠢᠷᠠᠭᠤᠯᠳᠠᠭ ᠲᠡᠳᠦᠢ ᠦᠭᠡᠢ ᠬᠠᠮᠲᠤ ᠢᠢᠨ ᠠᠵᠢᠯᠯᠠᠭ᠎ᠠ ᠪᠠᠨ᠂ ᠬᠠᠷᠢᠯᠴᠠᠨ ᠣᠢᠢᠯᠠᠭᠠᠯᠴᠠᠯ ᠢ ᠪᠡᠬᠢᠵᠢᠭᠦᠯᠳᠡᠭ ᠣᠯᠠᠨ ᠲᠠᠯᠠᠲᠤ ᠠᠴᠢ ᠬᠣᠯᠪᠣᠭᠳᠠᠯ ᠲᠠᠢ᠃

ᠡᠨᠡ ᠤᠳᠠᠭ᠎ᠠ ᠢᠢᠨ 《ᠬᠠᠭᠠᠨ ᠤ ᠡᠷᠢᠯ ᠳᠥ-2019》 ᠣᠯᠠᠨ ᠤᠯᠤᠰ ᠤᠨ ᠰᠤᠷᠭᠠᠭᠤᠯᠢ ᠢᠢ ᠡᠨᠡᠳᠬᠡᠭ᠌-ᠨᠣᠮᠣᠬᠠᠨ ᠳᠠᠯᠠᠢ ᠳ᠋ᠠᠬᠢ ᠠᠮᠧᠷᠢᠺᠠ ᠢᠢᠨ ᠨᠢᠭᠡᠳᠦᠭᠰᠡᠨ ᠤᠯᠤᠰ ᠤᠨ ᠴᠡᠷᠢᠭ ᠦᠨ ᠺᠣᠮᠠᠨ᠋ᠳ᠋ᠯᠠᠯ ᠪᠣᠯᠤᠨ 《ᠳᠡᠯᠡᠬᠡᠢ ᠢᠢᠨ ᠡᠩᠬᠡ ᠢᠢᠨ ᠲᠥᠯᠦᠭᠡ ᠰᠠᠨᠠᠭᠠᠴᠢᠯᠭ᠎ᠠ》 ᠬᠥᠲᠦᠯᠪᠦᠷᠢ ᠲᠡᠢ ᠬᠠᠮᠲᠤᠷᠠᠨ ᠵᠣᠬᠢᠶᠠᠨ ᠪᠠᠢᠢᠭᠤᠯᠵᠤ ᠪᠠᠢᠢᠭ᠎ᠠ ᠶᠤᠮ᠃ ᠤᠯᠠᠮᠵᠢᠯᠠᠯᠲᠤ ᠴᠡᠷᠢᠭ ᠦᠨ ᠰᠤᠷᠭᠠᠭᠤᠯᠢ ᠡᠩᠬᠡ ᠢᠢ ᠰᠠᠬᠢᠭᠤᠯᠤᠭᠴᠢ ᠲᠠ ᠪᠦᠬᠦᠨ ᠦ ᠮᠡᠷᠭᠡᠵᠢᠯ ᠦᠨ ᠤᠷ᠎ᠠ ᠴᠢᠳᠠᠪᠤᠷᠢ᠂ ᠰᠠᠬᠢᠯᠭ᠎ᠠ ᠵᠣᠬᠢᠶᠠᠨ ᠪᠠᠢᠢᠭᠤᠯᠤᠯᠲᠠ᠂ ᠮᠡᠳᠡᠯᠭᠡ ᠳᠠᠳᠤᠯᠭ᠎ᠠ᠂ ᠲᠤᠷᠰᠢᠯᠭ᠎ᠠ᠂ ᠲᠡᠰᠪᠦᠷᠢ ᠬᠠᠲᠠᠭᠤᠵᠢᠯ ᠢ ᠳᠡᠭᠡᠭᠰᠢᠯᠡᠭᠦᠯᠬᠦ ᠳᠥ ᠥᠭᠭᠦᠭᠡᠴᠢ ᠥᠭᠭᠦᠨ᠎ᠡ ᠭᠡᠳᠡᠭ ᠲᠦ ᠢᠲᠡᠭᠡᠯ ᠲᠡᠢ ᠪᠠᠢᠢᠨ᠎ᠠ᠃

ᠢᠩᠭᠢᠭᠡᠳ 17 ᠳ᠋ᠠᠬᠢ ᠤᠳᠠᠭ᠎ᠠ ᠢᠢᠨ ᠬᠠᠭᠠᠨ ᠤ ᠡᠷᠢᠯ ᠳᠥ ᠣᠯᠠᠨ ᠤᠯᠤᠰ ᠤᠨ ᠰᠤᠷᠭᠠᠭᠤᠯᠢ ᠳᠤ ᠣᠷᠣᠯᠴᠠᠬᠤ ᠪᠠᠷ ᠬᠦᠷᠦᠯᠴᠡᠨ ᠢᠷᠡᠭᠰᠡᠨ ᠴᠡᠩᠬᠡᠷ ᠳᠠᠭᠤᠯᠭᠠᠲᠠᠨ ᠳᠠᠢᠢᠴᠢᠳᠠᠳ ᠲᠤ ᠪᠠᠨ ᠠᠮᠵᠢᠯᠲᠠ ᠬᠦᠰᠡᠶ᠎ᠡ᠃

ᠳᠠᠶᠠᠩ ᠳᠡᠯᠡᠬᠡᠢ ᠳᠥ ᠡᠩᠬᠡ ᠲᠠᠢᠢᠪᠤᠩ ᠪᠡᠬᠢᠵᠢᠵᠦ᠂ ᠦᠨᠳᠦᠰᠦᠲᠡᠨ ᠨᠦᠭᠦᠳ ᠠᠮᠤᠭᠤᠯᠠᠩ ᠪᠠᠢᠢᠬᠤ ᠪᠣᠯᠲᠤᠭᠠᠢ》 ᠭᠡᠯ᠎ᠡ᠃

17 ᠳ᠋ᠠᠬᠢ ᠤᠳᠠᠭ᠎ᠠ ᠢᠢᠨ 《ᠬᠠᠭᠠᠨ ᠤ ᠡᠷᠢᠯ ᠳᠥ》 ᠡᠩᠬᠡ ᠢᠢ ᠳᠡᠮᠵᠢᠬᠦ ᠠᠵᠢᠯᠯᠠᠭᠠᠨ ᠤ ᠣᠯᠠᠨ ᠤᠯᠤᠰ ᠤᠨ ᠰᠤᠷᠭᠠᠭᠤᠯᠢ ᠢᠢ ᠡᠨᠡᠳᠬᠡᠭ᠌-ᠨᠣᠮᠣᠬᠠᠨ ᠳᠠᠯᠠᠢ ᠳ᠋ᠠᠬᠢ ᠠᠮᠧᠷᠢᠺᠠ ᠢᠢᠨ ᠨᠢᠭᠡᠳᠦᠭᠰᠡᠨ ᠤᠯᠤᠰ ᠤᠨ ᠴᠡᠷᠢᠭ ᠦᠨ ᠺᠣᠮᠠᠨ᠋ᠳ᠋ᠯᠠᠯ (USINSDOPACOM) ᠍ ᠢᠢᠨ 《ᠳᠡᠯᠡᠬᠡᠢ ᠢᠢᠨ ᠡᠩᠬᠡ ᠢᠢᠨ ᠠᠵᠢᠯᠯᠠᠭᠠᠨ ᠤ ᠰᠠᠨᠠᠭᠠᠴᠢᠯᠠᠭ᠎ᠠ》 (GPOI) ᠬᠥᠲᠦᠯᠪᠦᠷᠢ ᠲᠡᠢ ᠳᠥᠷᠪᠡ ᠳ᠋ᠡᠬᠢ ᠤᠳᠤᠭ᠎ᠠ ᠪᠠᠨ ᠬᠠᠮᠲᠤᠷᠠᠨ ᠵᠣᠬᠢᠶᠠᠨ ᠪᠠᠢᠢᠭᠤᠯᠵᠤ ᠪᠠᠢᠢᠨ᠎ᠠ᠃

ᠡᠨᠡ ᠤᠳᠠᠭ᠎ᠠ ᠢᠢᠨ ᠰᠤᠷᠭᠠᠭᠤᠯᠢ ᠳᠤ 38 ᠣᠷᠣᠨ ᠤ 1700 ᠭᠠᠷᠤᠢ ᠴᠡᠷᠢᠭ ᠦᠨ ᠠᠯᠪᠠ ᠬᠠᠭᠠᠭᠴᠢᠳ ᠣᠷᠣᠯᠴᠠᠵᠤ ᠪᠠᠢᠢᠭ᠎ᠠ ᠠᠴᠠ ᠪᠦᠭᠦᠳᠡ ᠨᠠᠢᠢᠷᠠᠮᠳᠠᠬᠤ ᠪᠧᠨᠢᠨ ᠤᠯᠤᠰ᠂ ᠪᠦᠭᠦᠳᠡ ᠨᠠᠢᠢᠷᠠᠮᠳᠠᠬᠤ ᠽᠠᠮᠪᠢ ᠤᠯᠤᠰ᠂ ᠪᠦᠭᠦᠳᠡ ᠨᠠᠢᠢᠷᠠᠮᠳᠠᠬᠤ ᠮᠣᠯᠳᠤᠸᠠ ᠤᠯᠤᠰ᠂ ᠪᠦᠭᠦᠳᠡ ᠨᠠᠢᠢᠷᠠᠮᠳᠠᠬᠤ ᠷᠤᠸᠠᠨ᠋ᠳᠠ ᠤᠯᠤᠰ᠂ ᠪᠦᠭᠦᠳᠡ ᠨᠠᠢᠢᠷᠠᠮᠳᠠᠬᠤ ᠲᠣᠭᠣ᠋ ᠤᠯᠤᠰ᠂ ᠢᠣᠷᠳᠠᠨ ᠤ ᠬᠠᠰᠢᠮᠢᠲ᠋ ᠢᠢᠨ ᠬᠠᠭᠠᠨᠲᠤ ᠤᠯᠤᠰ ᠵᠡᠷᠭᠡ 7 ᠣᠷᠣᠨ ᠠᠩᠬ᠎ᠠ ᠤᠳᠤᠭ᠎ᠠ ᠪᠠᠨ ᠣᠷᠣᠯᠴᠠᠵᠤ ᠪᠠᠢᠢᠭ᠎ᠠ ᠶᠤᠮ᠃