Та "Internet explorer"-ийн сүүлийн хувилбар болох "Microsoft edge"-г ашиглана уу

Хэрэв "Microsoft edge"-г татах бол энд дарж татаж авна уу

ᠤᠩ᠋ᠭᠠᠷᠢ ᠤᠯᠤᠰ ᠤᠨ ᠭᠠᠳᠠᠭᠠᠳᠤ ᠬᠡᠷᠡᠭ᠂ ᠬᠤᠳᠠᠯᠳᠤᠭᠠᠨ ᠤ ᠰᠠᠢᠢᠳ ᠫᠧᠲ᠋ᠧᠷ ᠰᠢᠶᠶᠠᠷᠲ᠋ᠣ᠋ ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠳᠤ ᠪᠠᠷᠠᠭᠠᠯᠬᠠᠯ᠎ᠠ

ᠭᠠᠳᠠᠭᠠᠳᠤ ᠬᠠᠷᠢᠯᠴᠠᠭᠠᠨ ᠤ ᠰᠠᠢᠢᠳ ᠳ ∙ ᠴᠣᠭᠲᠤᠪᠠᠭᠠᠲᠤᠷ ᠤᠨ ᠤᠷᠢᠯᠭ᠎ᠠ ᠪᠠᠷ ᠮᠣᠩ᠋ᠭᠣᠯ ᠤᠯᠤᠰ ᠲᠤ ᠠᠢᠢᠯᠴᠢᠯᠠᠵᠤ ᠪᠤᠢ ᠤᠩ᠋ᠭᠠᠷᠢ ᠤᠯᠤᠰ ᠤᠨ ᠭᠠᠳᠠᠭᠠᠳᠤ ᠬᠡᠷᠡᠭ᠂ ᠬᠤᠳᠠᠯᠳᠤᠭᠠᠨ ᠤ ᠰᠠᠢᠢᠳ ᠫᠧᠲ᠋ᠧᠷ ᠰᠢᠶᠶᠠᠷᠲ᠋ᠣ᠋ ᠥᠨᠥᠳᠥᠷ ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠳᠤ ᠪᠠᠷᠠᠭᠠᠯᠬᠠᠪᠠ᠃

ᠠᠭᠤᠯᠵᠠᠯᠲᠠ ᠢᠢᠨ ᠡᠬᠢᠨ ᠳᠥ᠂ ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠢᠷᠡᠬᠦ ᠣᠨ ᠳᠤ ᠲᠣᠬᠢᠶᠠᠬᠤ ᠮᠣᠩ᠋ᠭᠣᠯ-ᠤᠩ᠋ᠭᠠᠷᠢ ᠢᠢᠨ ᠳ᠋ᠢᠫᠯᠣᠮᠠᠲ ᠬᠠᠷᠢᠯᠴᠠᠭ᠎ᠠ ᠲᠣᠭᠲᠠᠭᠠᠭᠰᠠᠨ ᠤ 70 ᠵᠢᠯ ᠦᠨ ᠣᠢ ᠢᠢᠨ ᠡᠮᠦᠨ᠎ᠡ ᠬᠣᠶᠠᠷ ᠤᠯᠤᠰ ᠤᠨ ᠬᠠᠷᠢᠯᠴᠠᠭᠠᠨ ᠤ ᠲᠡᠦᠬᠡᠨ ᠪᠦᠲᠦᠭᠡᠨ ᠪᠠᠢᠢᠭᠤᠯᠤᠯᠲᠠ ᠪᠣᠯᠬᠤ ᠪᠢᠣᠺᠣᠮᠪᠢᠨᠠᠲ ᠤᠨ ᠲᠧᠭᠨᠣᠯᠣᠭᠢ ᠢᠢ ᠰᠢᠨᠡᠳᠭᠡᠬᠦ ᠠᠵᠢᠯ ᠢ ᠲᠦᠷᠭᠡᠳᠬᠡᠬᠦ ᠠᠰᠠᠭᠤᠳᠠᠯ ᠢ ᠣᠨᠴᠠᠯᠠᠨ ᠲᠡᠮᠳᠡᠭᠯᠡᠯ᠎ᠡ᠃

ᠤᠩ᠋ᠭᠠᠷᠢ ᠢᠢᠨ ᠲᠠᠯ᠎ᠠ ᠠᠴᠠ ᠳᠡᠭᠡᠷᠡᠬᠢ ᠲᠧᠭᠨᠣᠯᠣᠭᠢ ᠢᠢᠨ ᠰᠢᠨᠡᠴᠢᠯᠡᠯ ᠳᠥ ᠵᠣᠷᠢᠭᠤᠯᠤᠨ 57 ᠰᠠᠶ᠎ᠠ ᠠᠮ‍.ᠳ᠋ᠣᠯᠯᠠᠷ ᠤᠨ ᠵᠡᠭᠡᠯᠢ ᠢᠢᠨ ᠠᠰᠠᠭᠤᠳᠠᠯ ᠢ ᠡᠴᠦᠰᠯᠡᠨ ᠰᠢᠢᠳᠪᠦᠷᠢᠯᠡᠭᠰᠡᠨ ᠪᠣᠯ ᠮᠠᠨ ᠤ ᠤᠯᠤᠰ ᠳᠣᠲᠣᠭᠠᠳᠤ ᠳᠤ ᠪᠠᠨ ᠵᠡᠭᠡᠯᠢ ᠢᠢᠨ ᠠᠰᠠᠭᠤᠳᠠᠯ ᠢ ᠰᠣᠶᠣᠷᠬᠠᠨ ᠪᠠᠲᠤᠯᠠᠬᠤ ᠱᠠᠭᠠᠷᠳᠠᠯᠭ᠎ᠠ ᠲᠠᠢ ᠪᠠᠢᠢᠭ᠎ᠠ ᠶᠤᠮ ᠪᠠᠢᠢᠨ᠎ᠠ᠃

ᠤᠩ᠋ᠭᠠᠷᠢ ᠤᠯᠤᠰ ᠤᠨ ᠭᠠᠳᠠᠭᠠᠳᠤ ᠬᠡᠷᠡᠭ᠂ ᠬᠤᠳᠠᠯᠳᠤᠭᠠᠨ ᠤ ᠰᠠᠢᠢᠳ ᠨᠣᠶᠠᠨ ᠫᠧᠲ᠋ᠧᠷ ᠰᠢᠶᠶᠠᠷᠲ᠋ᠣ᠋ ᠮᠥᠨ ᠪᠢᠣᠺᠣᠮᠪᠢᠨᠠᠲ ᠢ ᠪᠣᠭᠣᠨᠢ ᠬᠤᠭᠤᠴᠠᠭᠠᠨ ᠳᠤ ᠰᠢᠨᠡᠳᠭᠡᠬᠦ ᠠᠰᠠᠭᠤᠳᠠᠯ ᠢᠶᠠᠷ ᠪᠠᠢᠢᠷᠢ ᠰᠠᠭᠤᠷᠢ ᠢᠵᠢᠯ ᠪᠤᠢ ᠢᠢ ᠪᠠᠨ ᠢᠯᠡᠷᠬᠡᠢᠢᠯᠡᠵᠦ᠂ ᠡᠨᠡ ᠨᠢ ᠤᠩ᠋ᠭᠠᠷᠢ᠂ ᠮᠣᠩ᠋ᠭᠣᠯ ᠤᠯᠤᠰ ᠤᠨ ᠬᠣᠭᠣᠷᠣᠨᠳᠣ ᠬᠡᠷᠡᠭᠵᠢᠭᠦᠯᠵᠦ ᠪᠤᠢ ᠲᠣᠮᠣᠬᠠᠨ ᠲᠥᠰᠦᠯ ᠪᠣᠯᠤᠨ᠎ᠠ ᠭᠡᠳᠡᠭ ᠲᠥ ᠢᠲᠡᠭᠡᠯ ᠲᠡᠢ ᠪᠠᠢᠢᠭ᠎ᠠ ᠭᠡᠯ᠎ᠡ᠃

ᠮᠥᠨ ᠨᠣᠶᠠᠨ ᠰᠢᠶᠶᠠᠷᠲ᠋ᠣ᠋ ᠤᠩ᠋ᠭᠠᠷᠢ ᠤᠯᠤᠰ ᠤᠨ ᠧᠺᠰᠢᠮ ᠪᠠᠩᠬᠢ ᠬᠣᠶᠠᠷ ᠤᠯᠤᠰ ᠤᠨ ᠬᠠᠮᠲᠤ ᠢᠢᠨ ᠠᠵᠢᠯᠯᠠᠭᠠᠨ ᠳᠤ ᠵᠣᠷᠢᠭᠤᠯᠤᠨ 46 ᠰᠠᠶ᠎ᠠ ᠠᠮ‍.ᠳ᠋ᠣᠯᠯᠠᠷ ᠤᠨ ᠵᠡᠭᠡᠯᠢ ᠢᠢᠨ ᠱᠤᠭᠤᠮ ᠨᠡᠭᠡᠭᠡᠭ᠍ᠰᠡᠨ ᠬᠡᠮᠡᠨ ᠮᠡᠳᠡᠭᠳᠡᠭᠡᠳ᠂ ᠡᠨᠡᠬᠦ ᠵᠡᠭᠡᠯᠢ ᠢᠢ ᠠᠰᠢᠭᠯᠠᠨ ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠳᠡᠪᠰᠢᠭᠦᠯᠦᠭᠰᠡᠨ ᠰᠠᠨᠠᠯ ᠤᠨ ᠳᠠᠭᠠᠭᠤ ᠤᠩ᠋ᠭᠠᠷᠢ ᠢᠢᠨ ᠲᠧᠭᠨᠣᠯᠣᠭᠢ ᠢᠢ ᠮᠣᠩ᠋ᠭᠣᠯ ᠤᠨ ᠨᠥᠭᠡᠴᠡ ᠪᠣᠯᠤᠮᠵᠢ ᠲᠠᠢ ᠬᠣᠣᠰᠯᠠᠭᠤᠯᠤᠨ ᠡᠺᠰᠫᠣᠷᠲ ᠤᠨ ᠪᠦᠲᠦᠭᠡᠭ᠍ᠳᠡᠬᠦᠨ ᠦᠢᠯᠡᠳᠪᠦᠷᠢᠯᠡᠬᠦ ᠪᠣᠯᠤᠮᠵᠢ ᠲᠠᠢ ᠭᠡᠵᠦ ᠦᠵᠡᠵᠦ ᠪᠤᠢ ᠢᠢ ᠪᠠᠨ ᠢᠯᠡᠷᠬᠡᠢᠢᠯᠡᠪᠡ᠃

ᠡᠢᠢᠨ ᠬᠦ ᠪᠢᠽᠢᠨ᠋᠋ᠧᠰ ᠦᠨ ᠬᠠᠮᠲᠤ ᠢᠢᠨ ᠠᠵᠢᠯᠯᠠᠭ᠎ᠠ ᠢᠢ ᠥᠷᠭᠡᠵᠢᠭᠦᠯᠬᠦ ᠳᠥ ᠳᠡᠭᠡᠳᠦ ᠬᠡᠮᠵᠢᠶᠡᠨ ᠦ ᠠᠭᠤᠯᠵᠠᠯᠲᠠ᠂ ᠠᠢᠢᠯᠴᠢᠯᠠᠯ ᠠᠴᠠ ᠢᠯᠡᠭᠦᠦ ᠲᠡᠢ ᠡᠳ᠋ ᠍ ᠦᠨ ᠵᠠᠰᠠᠭ ᠤᠨ ᠬᠠᠷᠢᠯᠴᠠᠭ᠎ᠠ ᠢᠢ ᠳᠡᠮᠵᠢᠬᠦ ᠪᠠᠢᠢᠩ᠋ᠭᠤ ᠢᠢᠨ ᠮᠧᠬᠠᠨᠢᠰᠮ ᠲᠠᠢ ᠪᠣᠯᠬᠤ᠂ ᠡᠨᠡ ᠠᠰᠠᠭᠤᠳᠠᠯ ᠢ ᠭᠠᠳᠠᠭᠠᠳᠤ ᠬᠠᠷᠢᠯᠴᠠᠭᠠᠨ ᠤ ᠰᠠᠢᠢᠳ ᠨᠠᠷ ᠣᠨᠴᠠᠭᠠᠢᠢᠯᠠᠨ ᠠᠩᠬᠠᠷᠬᠤ ᠨᠢ ᠵᠦᠢᠲᠡᠢ ᠬᠡᠮᠡᠨ ᠦᠵᠡᠵᠦ ᠪᠤᠢ ᠢᠢ ᠪᠠᠨ ᠲᠥᠷᠦ ᠢᠢᠨ ᠲᠡᠷᠢᠭᠦᠨ ᠬᠡᠯᠡᠯ᠎ᠡ᠃

ᠮᠥᠨ ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠬᠣᠶᠠᠷ ᠤᠯᠤᠰ ᠠᠶᠠᠯᠠᠯ ᠵᠢᠭᠤᠯᠴᠢᠯᠠᠯ᠂ ᠤᠰᠤᠨ ᠤ ᠮᠧᠨᠧᠵᠮᠧᠨ᠋ᠲ᠂ ᠡᠺᠰᠫᠣᠷᠲ ᠤᠨ ᠴᠢᠭᠯᠡᠯ ᠢᠶᠡᠷ ᠬᠠᠮᠲᠤᠷᠠᠨ ᠠᠵᠢᠯᠯᠠᠬᠤ ᠨᠥᠭᠡᠴᠡ ᠪᠣᠯᠤᠯᠴᠠᠭ᠎ᠠ ᠠᠷᠪᠢᠨ ᠪᠤᠢ ᠢᠢ ᠣᠨᠴᠠᠯᠠᠵᠤ᠂ ᠡᠳᠡᠭᠡᠷ ᠰᠠᠯᠪᠤᠷᠢ ᠳᠤ ᠬᠠᠮᠲᠤ ᠢᠢᠨ ᠠᠵᠢᠯᠯᠠᠭ᠎ᠠ ᠢᠢ ᠪᠠᠨ ᠥᠷᠭᠡᠵᠢᠭᠦᠯᠬᠦ ᠠᠰᠠᠭᠤᠳᠠᠯ ᠢᠶᠠᠷ ᠰᠠᠨᠠᠯ ᠰᠤᠯᠢᠯᠴᠠᠪᠠ᠃