Та "Internet explorer"-ийн сүүлийн хувилбар болох "Microsoft edge"-г ашиглана уу

Хэрэв "Microsoft edge"-г татах бол энд дарж татаж авна уу

ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠢᠪᠡᠭᠡᠯ ᠳᠦᠷ 《ᠮᠣᠩ᠋ᠭᠣᠯ ᠳᠠᠷᠬᠠᠨ》 ᠦᠵᠡᠰᠬᠦᠯᠡᠩ ᠵᠣᠬᠢᠶᠠᠨ ᠪᠠᠢᠢᠭᠤᠯᠵᠤ ᠪᠠᠢᠢᠨ᠎ᠠ

ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠢᠪᠡᠭᠡᠯ ᠳᠦᠷ ᠵᠣᠬᠢᠶᠠᠨ ᠪᠠᠢᠢᠭᠤᠯᠵᠤ ᠪᠤᠢ 《ᠮᠣᠩ᠋ᠭᠣᠯ ᠳᠠᠷᠬᠠᠨ》 ᠦᠵᠡᠰᠬᠦᠯᠡᠩ ᠥᠨᠥᠳᠥᠷ ᠮᠣᠩ᠋ᠭᠣᠯ  ᠤᠨ ᠤᠷᠠᠨ ᠵᠢᠷᠤᠭ ᠤᠨ ᠭᠠᠯᠧᠷᠧᠢ ᠳᠥ ᠨᠡᠭᠡᠭᠡᠯᠲᠡ ᠪᠡᠨ ᠬᠢᠯ᠎ᠡ᠃

ᠦᠵᠡᠰᠬᠦᠯᠡᠩ ᠦᠨ ᠨᠡᠭᠡᠭᠡᠯᠲᠡ ᠳᠥ ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠬᠦᠷᠦᠯᠴᠡᠨ ᠣᠴᠢᠵᠤ᠂ ᠳᠠᠷᠬᠠᠴᠤᠳ ᠤᠨ ᠤᠷ᠎ᠠ ᠤᠬᠠᠭᠠᠨ ᠰᠢᠩᠭᠡᠭ᠍ᠰᠡᠨ ᠪᠦᠲᠦᠭᠡᠯ ᠦᠳ ᠲᠡᠢ ᠲᠠᠨᠢᠯᠴᠠᠯ᠎ᠠ᠃

ᠡᠨᠡ ᠤᠳᠠᠭ᠎ᠠ ᠢᠢᠨ ᠦᠵᠡᠰᠬᠦᠯᠡᠩ ᠳᠥ 142 ᠳᠠᠷᠬᠠᠨ 160 ᠭᠠᠷᠤᠢ ᠪᠦᠲᠦᠭᠡᠯ ᠢᠶᠡᠨ ᠳᠡᠯᠭᠡᠨ ᠦᠵᠡᠭᠦᠯᠦᠭᠰᠡᠨ ᠡᠴᠡ ᠤᠲᠠᠰᠤᠨ ᠰᠦᠯᠵᠢᠮᠡᠯ᠂ ᠭᠠᠩ ᠬᠥᠭᠡᠭᠡᠮᠡᠯ᠂ ᠰᠡᠢᠢᠯᠪᠦᠷᠢ᠂ ᠭᠣᠶᠣᠯ ᠴᠢᠮᠡᠭᠯᠡᠯ᠂ ᠪᠤᠷᠬᠠᠨ ᠱᠠᠰᠢᠨ ᠤ ᠬᠣᠯᠪᠣᠭᠳᠠᠯ ᠲᠠᠢ ᠤᠷᠠᠯᠠᠯ ᠤᠳ ᠳᠠᠪᠠᠮᠠᠭᠠᠢᠢᠯᠠᠵᠤ ᠪᠠᠢᠢᠨ᠎ᠠ᠃

ᠳᠠᠷᠬᠠᠴᠤᠳ ᠤᠨ ᠬᠡᠯᠡᠵᠦ ᠪᠤᠢ ᠪᠠᠷ 《…ᠳᠠᠷᠬᠠᠳ ᠬᠡᠷᠡᠭᠯᠡᠭᠡᠨ ᠦ ᠭᠡᠬᠦ ᠡᠴᠡ ᠢᠯᠡᠭᠦᠦ ᠲᠡᠢ ᠴᠡᠪᠡᠷ ᠤᠷᠠᠨ ᠪᠦᠲᠦᠭᠡᠯ ᠲᠤᠭᠤᠷᠪᠢᠵᠤ᠂ ᠵᠠᠬᠢᠶᠠᠯᠠᠭ᠎ᠠ ᠪᠠᠷ ᠪᠦᠲᠦᠭᠡᠯ ᠤᠷᠠᠯᠠᠬᠤ ᠨᠢ ᠶᠡᠬᠡ》 ᠪᠠᠢᠢᠳᠠᠭ ᠪᠠᠢᠢᠨ᠎ᠠ᠃ ᠬᠠᠷᠢᠨ ᠡᠢᠢᠨ ᠬᠦ ᠦᠵᠡᠰᠬᠦᠯᠡᠩ ᠵᠣᠬᠢᠶᠠᠨ ᠪᠠᠢᠢᠭᠤᠯᠵᠤ᠂ ᠪᠦᠲᠦᠭᠡᠯ ᠢᠶᠡᠨ ᠣᠯᠠᠨ ᠨᠡᠢᠢᠲᠡ ᠳᠥ ᠳᠡᠯᠭᠡᠨ ᠦᠵᠡᠭᠦᠯᠦᠭᠰᠡᠨ ᠢᠶᠡᠷ ᠴᠢᠨᠠᠭᠰᠢᠳᠠ ᠪᠠᠨ ᠢᠯᠡᠭᠦᠦ ᠬᠡᠷᠡᠭᠯᠡᠭᠡᠨ ᠳᠥ ᠴᠢᠭᠯᠡᠭᠰᠡᠨ ᠤᠷᠠᠨ ᠳᠠᠷᠬᠠᠨ ᠤ ᠪᠦᠲᠦᠭᠡᠯ ᠬᠢᠬᠦ ᠬᠡᠷᠡᠭᠴᠡᠭᠡ ᠨᠡᠮᠡᠭᠳᠡᠨ᠎ᠡ ᠬᠡᠮᠡᠨ ᠬᠠᠷᠠᠵᠤ ᠪᠤᠢ ᠠᠵᠢ᠃

ᠣᠳᠣ ᠪᠠᠷ ᠳᠠᠷᠬᠠᠴᠤᠳ ᠤᠨ ᠪᠦᠲᠦᠭᠡᠯ ᠳᠤᠮᠳᠠ ᠪᠠᠨ ᠡᠭᠡᠮᠦᠭ᠂ ᠪᠥᠭᠡᠵᠢ᠂ ᠲᠣᠯᠣᠭᠠᠢ ᠢᠢᠨ ᠭᠣᠶᠣᠯ᠂ ᠪᠣᠭᠣᠯᠲᠠ ᠵᠡᠷᠭᠡ ᠭᠣᠶᠣᠯ ᠴᠢᠮᠡᠭᠯᠡᠯ ᠦᠨ ᠪᠦᠲᠦᠭᠡᠭ᠍ᠳᠡᠬᠦᠨ ᠦ ᠪᠣᠷᠣᠯᠠᠭᠤᠯᠤᠯᠲᠠ ᠥᠨᠳᠥᠷ ᠲᠤᠯᠠ ᠡᠨᠡ ᠴᠢᠭᠯᠡᠯ ᠳᠥ ᠳ᠋ᠢᠽᠠᠢᠢᠨ᠂ ᠮᠠᠷᠺᠧᠲ᠋ᠢᠩ ᠲᠦᠯᠬᠢᠭᠦᠦ ᠬᠥᠭ᠍ᠵᠢᠵᠦ 3D ᠨᠠᠨᠣ᠋ ᠲᠧᠭᠨᠣᠯᠣᠭᠢ ᠵᠡᠷᠭᠡ ᠢᠢ ᠳᠠᠷᠬᠠᠳ ᠡᠳᠦᠷ ᠲᠤᠲᠤᠮ ᠤᠨ ᠠᠵᠢᠯ ᠳᠤ ᠪᠠᠨ ᠨᠡᠪᠲᠡᠷᠡᠭᠦᠯᠵᠡᠢ᠃

ᠮᠥᠨ ᠴᠠᠷ᠎ᠠ ᠲᠠᠪᠠᠭ᠂ ᠳᠣᠩᠪᠤ ᠵᠡᠷᠭᠡ ᠢᠢ ᠣᠷᠴᠢᠨ ᠦᠶ᠎ᠡ ᠢᠢᠨ ᠰᠢᠨᠵᠢ ᠲᠡᠢ᠂ ᠭᠣᠶᠣᠮᠰᠣᠭ ᠬᠢᠴᠡ ᠲᠡᠢ᠂ ᠬᠦᠨᠡᠰᠦᠨ ᠦ ᠵᠣᠷᠢᠭᠤᠯᠤᠯᠲᠠ ᠲᠠᠢ ᠪᠠᠷ ᠤᠷᠠᠯᠠᠵᠤ᠂ ᠪᠣᠷᠣᠯᠠᠭᠤᠯᠤᠯᠲᠠ ᠢᠢ ᠨᠡᠮᠡᠭᠳᠡᠭᠦᠯᠬᠦ ᠢᠢᠨ ᠲᠤᠯᠠᠳᠠ ᠬᠤᠷᠢᠮ ᠨᠠᠢᠢᠷᠠᠨ ᠳᠤ ᠦᠨ᠎ᠡ ᠦᠭᠡᠢ ᠬᠡᠷᠡᠭᠯᠡᠭᠦᠯᠬᠦ ᠵᠡᠷᠭᠡ ᠪᠡᠷ ᠪᠦᠲᠦᠭᠡᠯ ᠢᠶᠡᠨ ᠣᠯᠠᠨ ᠳᠤ ᠲᠠᠨᠢᠯᠴᠠᠭᠤᠯᠵᠤ ᠡᠬᠢᠯᠡᠭᠰᠡᠨ ᠬᠡᠳᠦ᠂ ᠬᠡᠳᠦᠨ ᠺᠣᠮᠫᠠᠨᠢ ᠦᠵᠡᠰᠬᠦᠯᠡᠩ ᠳᠥ ᠪᠦᠲᠦᠭᠡᠯ ᠢᠶᠡᠨ ᠳᠡᠯᠭᠡᠭ᠍ᠰᠡᠨ ᠪᠠᠢᠢᠨ᠎ᠠ᠃

《ᠮᠣᠩ᠋ᠭᠣᠯ ᠳᠠᠷᠬᠠᠨ》 ᠦᠵᠡᠰᠬᠦᠯᠡᠩ ᠢ ᠨᠡᠭᠡᠭᠡᠵᠦ ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠄

ᠡᠷᠬᠢᠮ ᠳᠠᠷᠬᠠᠴᠤᠳ ᠠ᠋᠂
ᠥᠪ ᠰᠤᠶᠤᠯ ᠢᠶᠠᠨ ᠳᠡᠭᠡᠳᠦᠯᠡᠭᠴᠢ ᠮᠣᠩ᠋ᠭᠣᠯᠴᠤᠳ ᠠ᠋᠂
ᠬᠦᠨᠳᠦᠳᠦ ᠵᠣᠴᠢᠳ ᠠ᠋᠂

ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠢᠪᠡᠭᠡᠯ ᠳᠦᠷ ᠭᠤᠷᠪᠠᠨ ᠵᠢᠯ ᠲᠤᠲᠤᠮ ᠳᠤ ᠤᠯᠠᠮᠵᠢᠯᠠᠯ ᠪᠣᠯᠭᠠᠨ ᠵᠣᠬᠢᠶᠠᠨ ᠪᠠᠢᠢᠭᠤᠯᠬᠤ ᠪᠠᠷ ᠲᠣᠭᠲᠠᠵᠤ ᠪᠤᠢ 《ᠮᠣᠩ᠋ᠭᠣᠯ ᠳᠠᠷᠬᠠᠨ》 ᠦᠵᠡᠰᠬᠦᠯᠡᠩ ᠳᠥ ᠬᠦᠷᠦᠯᠴᠡᠨ ᠢᠷᠡᠭᠰᠡᠨ ᠬᠦᠮᠦᠨ ᠪᠦᠬᠦᠨ ᠳᠥ ᠲᠠᠯᠠᠷᠬᠠᠯ ᠳᠡᠪᠰᠢᠭᠦᠯᠵᠦ᠂ ᠡᠨᠡ ᠡᠳᠦᠷ ᠦᠨ ᠠᠮᠤᠭᠤᠯᠠᠩ ᠢ ᠠᠢᠢᠯᠠᠳᠬᠠᠶ᠎ᠠ᠃

ᠳᠠᠷᠬᠠᠨ ᠤ ᠤᠷᠠᠯᠠᠯ ᠨᠢ ᠥᠨᠢ ᠡᠷᠲᠡᠨ ᠦ ᠬᠢ ᠪᠢᠯᠡ᠃ ᠮᠣᠩ᠋ᠭᠣᠯ ᠨᠤᠲᠤᠭ ᠲᠤ ᠡᠷᠲᠡᠨ ᠦ ᠳᠠᠷᠬᠠᠨ ᠤ ᠪᠠᠭᠤᠷᠢ ᠪᠠᠭᠤᠴᠠ᠂ ᠦᠯᠡᠳᠡᠯ ᠣᠯᠳᠠᠪᠤᠷᠢ ᠡᠯᠪᠡᠭ᠌ ᠪᠤᠢ᠃ ᠳᠠᠷᠬᠠᠨ ᠤ ᠤᠷᠠᠯᠠᠯ ᠨᠢ ᠡᠷᠲᠡ ᠴᠠᠭ ᠲᠤ ᠦᠢᠯᠡᠳᠪᠦᠷᠢᠯᠡᠯ ᠦᠨ ᠪᠢᠴᠢᠯ ᠬᠡᠯᠪᠡᠷᠢ ᠪᠠᠢᠢᠵᠤ᠂ ᠪᠠᠭᠠᠵᠢ ᠬᠡᠷᠡᠭᠰᠡᠯ᠂ ᠵᠡᠷ ᠵᠡᠪᠰᠡᠭ ᠢᠶᠡᠷ ᠣᠪᠤᠭ᠂ ᠠᠢᠢᠮᠠᠭ ᠢᠶᠠᠨ ᠬᠠᠩ᠋ᠭᠠᠬᠤ᠂ ᠲᠧᠭᠨᠣᠯᠣᠭᠢ ᠢᠢᠨ ᠳᠡᠪᠰᠢᠯ ᠳᠥ ᠬᠥᠲᠥᠯᠬᠦ ᠡᠭᠦᠷᠭᠡ ᠲᠡᠢ ᠪᠠᠢᠢᠵᠠᠢ᠃ ᠮᠣᠩ᠋ᠭᠣᠯᠴᠤᠳ ᠤᠨ ᠤᠭᠰᠠᠭ᠎ᠠ ᠭᠠᠷᠪᠠᠯᠢ ᠢᠢᠨ ᠲᠠᠯ᠎ᠠ ᠪᠠᠷ ᠦᠭᠦᠯᠡᠳᠡᠭ ᠡᠷᠭᠦᠨ᠎ᠡ ᠬᠤᠩ ᠤᠨ ᠳᠣᠮᠣᠭ ᠲᠤ ᠲᠡᠮᠦᠷ ᠦᠨ ᠬᠥᠳᠡᠷ ᠢ ᠬᠥᠭᠦᠷᠭᠡᠳᠡᠨ ᠬᠠᠢᠢᠯᠠᠭᠤᠯᠵᠤ᠂ ᠠᠭᠤᠯᠠ ᠢᠢᠨ ᠰᠦᠪᠡ ᠢᠢ ᠨᠡᠭᠡᠭᠡᠨ ᠣᠪᠤᠭ ᠠᠢᠢᠮᠠᠭ ᠢᠶᠠᠨ ᠠᠪᠤᠷᠠᠭᠰᠠᠨ ᠳᠠᠷᠬᠠᠨ ᠤ ᠭᠠᠪᠢᠶ᠎ᠠ ᠢᠢ ᠦᠭᠦᠯᠡᠳᠡᠭ᠃

ᠶᠡᠬᠡ ᠡᠵᠡᠨ ᠴᠢᠩᠭᠢᠰ ᠬᠠᠭᠠᠨ ᠬᠢᠭᠡᠳ ᠲᠡᠭᠦᠨ ᠦ ᠵᠠᠯᠭᠠᠮᠵᠢᠯᠠᠭᠴᠢᠳ ᠭᠠᠵᠠᠷ ᠭᠠᠵᠠᠷ ᠤᠨ ᠤᠷᠠᠨ ᠳᠠᠷᠬᠠᠴᠤᠳ ᠢ ᠬᠠᠷᠠᠬᠣᠷᠤᠮ ᠳᠤ ᠴᠤᠭᠯᠠᠭᠤᠯᠤᠨ᠂ ᠮᠧᠲ᠋ᠠᠯ ᠪᠣᠯᠪᠠᠰᠤᠷᠠᠭᠤᠯᠬᠤ ᠲᠧᠭᠨᠣᠯᠣᠭᠢ᠂ ᠡᠷᠳᠡᠮ ᠤᠬᠠᠭᠠᠨ ᠤ ᠣᠬᠢ ᠳᠡᠭᠡᠵᠢ ᠢᠢ ᠴᠣᠭᠴᠠᠯᠠᠭᠠᠵᠤ ᠪᠠᠢᠢᠭᠰᠠᠨ ᠨᠢ ᠮᠣᠩ᠋ᠭᠣᠯ  ᠤᠨ ᠳᠠᠷᠬᠠᠨ ᠤ ᠤᠷᠠᠯᠠᠯ ᠤᠨ ᠣᠷᠭᠢᠯ ᠦᠶ᠎ᠡ᠂ ᠬᠣᠢᠢᠰᠢᠳᠠ ᠢᠢᠨ ᠬᠥᠭ᠍ᠵᠢᠯ ᠦᠨ ᠰᠠᠭᠤᠷᠢ ᠨᠥᠬᠥᠴᠡᠯ ᠪᠣᠯᠵᠠᠢ᠃ ᠮᠣᠩ᠋ᠭᠣᠯ ᠳᠠᠷᠬᠠᠨ ᠤ ᠭᠠᠩ ᠪᠣᠯᠪᠠᠰᠤᠷᠠᠭᠤᠯᠬᠤ ᠡᠷᠳᠡᠮ ᠢ ᠪᠠᠲᠤᠯᠠᠨ ᠬᠠᠮᠠᠭᠠᠯᠠᠬᠤ᠂ ᠲᠥᠷᠥᠳᠥ ᠶᠣᠰᠣᠨ ᠤ ᠰᠲ᠋ᠷᠠᠲ᠋ᠧᠭᠢ ᠢᠢᠨ ᠠᠴᠢ ᠬᠣᠯᠪᠣᠭᠳᠠᠯ ᠲᠠᠢ ᠮᠡᠳᠡᠯᠭᠡ ᠳᠥ ᠲᠣᠭᠠᠴᠠᠵᠤ᠂ ᠵᠣᠷ ᠤᠬᠠᠭᠠᠨ ᠢ ᠨᠢ ᠴᠢᠩᠳᠠ ᠨᠢᠭᠤᠴᠠᠯᠠᠵᠤ ᠪᠠᠢᠢᠭᠰᠠᠨ ᠢ ᠡᠵᠡᠨᠳᠥ ᠭᠦᠷᠦᠨ ᠦ ᠦᠶ᠎ᠡ ᠢᠢᠨ ᠵᠢᠭᠤᠯᠴᠢᠳ ᠤᠨ ᠲᠡᠮᠳᠡᠭᠯᠡᠯ ᠳᠥ ᠳᠤᠷᠠᠳᠤᠭᠰᠠᠨ ᠨᠢ ᠪᠤᠢ᠃

ᠮᠣᠩ᠋ᠭᠣᠯ ᠳᠠᠷᠬᠠᠨ ᠦᠵᠡᠰᠬᠦᠯᠡᠩ ᠢ ᠤᠯᠠᠮᠵᠢᠯᠠᠯ ᠪᠣᠯᠭᠠᠨ ᠵᠣᠬᠢᠶᠠᠨ ᠪᠠᠢᠢᠭᠤᠯᠬᠤ ᠢᠢᠨ ᠭᠣᠣᠯ ᠵᠣᠷᠢᠯᠭ᠎ᠠ ᠨᠢ ᠳᠠᠷᠬᠠᠨ ᠤ ᠤᠷᠠᠯᠠᠯ ᠢ ᠬᠡᠷᠡᠭᠯᠡᠭᠡᠨ ᠳᠥ ᠢᠳᠡᠪᠬᠢᠲᠡᠢ ᠪᠠᠢᠢᠯᠭᠠᠬᠤ᠂ ᠬᠠᠳᠠᠭᠠᠯᠠᠵᠤ ᠬᠠᠮᠠᠭᠠᠯᠠᠬᠤ᠂ ᠬᠥᠭ᠍ᠵᠢᠯ ᠦᠨ ᠴᠢᠭ᠌ ᠬᠠᠨᠳᠤᠯᠭ᠎ᠠ ᠢᠢ ᠲᠣᠳᠣᠷᠬᠠᠢᠢᠯᠠᠬᠤ ᠶᠤᠮ᠃ ᠦᠵᠡᠰᠬᠦᠯᠡᠩ ᠦᠨ ᠦᠶ᠎ᠡ ᠪᠡᠷ ᠳᠠᠷᠬᠠᠴᠤᠳ ᠳᠠᠷᠠᠭ᠎ᠠ ᠢᠢᠨ 3 ᠵᠢᠯ ᠳᠥ ᠲᠦᠯᠬᠢᠭᠦᠦ ᠠᠩᠬᠠᠷᠬᠤ᠂ ᠬᠥᠭ᠍ᠵᠢᠭᠦᠯᠬᠦ᠂ ᠬᠠᠮᠠᠭᠠᠯᠠᠬᠤ᠂ ᠱᠠᠪᠢ ᠰᠤᠷᠭᠠᠯᠲᠠ ᠶᠠᠪᠤᠭᠤᠯᠬᠤ ᠴᠢᠭᠯᠡᠯ ᠢᠶᠡᠨ ᠬᠡᠯᠡᠯᠴᠡᠨ ᠵᠥᠪᠯᠡᠯᠳᠦᠵᠦ᠂ ᠰᠢᠢᠳᠦᠯ ᠳᠥ ᠬᠦᠷᠴᠦ ᠪᠠᠢᠢᠬᠤ ᠨᠢ ᠵᠦᠢᠲᠡᠢ᠃ ᠡᠨᠡᠬᠦ ᠦᠵᠡᠰᠬᠦᠯᠡᠩ ᠲᠡᠢ ᠤᠶᠠᠯᠳᠤᠭᠤᠯᠤᠨ ᠡᠨᠡ ᠰᠠᠷ᠎ᠠ ᠢᠢᠨ 05 ᠍ ᠳᠥ ᠰᠢᠨᠵᠢᠯᠡᠬᠦ ᠤᠬᠠᠭᠠᠨ ᠤ ᠠᠺᠠᠳᠧᠮᠢ ᠠᠴᠠ 《ᠮᠣᠩ᠋ᠭᠣᠯ ᠳᠠᠷᠬᠠᠨ ᠤ ᠤᠷᠠᠯᠢᠭ᠄ ᠲᠡᠦᠬᠡ᠂ ᠣᠷᠴᠢᠨ ᠦᠶ᠎ᠡ》 ᠰᠡᠳᠦᠪᠲᠦ ᠡᠷᠳᠡᠮ ᠰᠢᠨᠵᠢᠯᠡᠭᠡᠨ ᠦ ᠬᠤᠷᠠᠯ ᠵᠣᠬᠢᠶᠠᠨ ᠪᠠᠢᠢᠭᠤᠯᠬᠤ ᠢᠢ ᠲᠠ ᠪᠦᠬᠦᠨ ᠳᠥ ᠳᠠᠭᠤᠯᠭᠠᠶ᠎ᠠ᠃

ᠰᠤᠶᠤᠯ᠂ ᠤᠷᠠᠯᠢᠭ ᠤᠨ ᠠᠰᠠᠭᠤᠳᠠᠯ ᠡᠷᠬᠢᠯᠡᠭᠰᠡᠨ ᠲᠥᠷᠥ ᠢᠢᠨ ᠪᠠᠢᠢᠭᠤᠯᠤᠯᠭ᠎ᠠ ᠨᠤᠭᠤᠳ ᠳᠠᠷᠬᠠᠴᠤᠤᠯ ᠲᠠᠢ ᠬᠠᠮᠲᠤ ᠢᠢᠨ ᠠᠵᠢᠯᠯᠠᠭ᠎ᠠ ᠥᠷᠨᠢᠭᠦᠯᠬᠦ᠂ ᠲᠥᠷᠥ ᠡᠴᠡ ᠪᠠᠷᠢᠮᠲᠠᠯᠠᠬᠤ ᠪᠣᠳᠣᠯᠭ᠎ᠠ ᠢᠢ ᠲᠣᠳᠣᠷᠬᠠᠢᠢᠯᠠᠬᠤ᠂ ᠬᠡᠷᠡᠭᠵᠢᠭᠦᠯᠬᠦ᠂ ᠳᠡᠯᠡᠬᠡᠢ ᠢᠢᠨ ᠰᠤᠶᠤᠯ ᠤᠨ ᠥᠪ ᠲᠥ ᠪᠥᠷᠢᠳᠬᠡᠭᠦᠯᠬᠦ ᠵᠡᠷᠭᠡ ᠠᠵᠢᠯ ᠤᠨ ᠤᠶᠠᠯᠳᠤᠭ᠎ᠠ ᠬᠣᠯᠪᠣᠭ᠎ᠠ ᠢᠢ ᠬᠠᠩ᠋ᠭᠠᠬᠤ ᠳᠤ ᠴᠤ ᠦᠵᠡᠰᠬᠦᠯᠡᠩ ᠲᠤᠰᠠᠲᠠᠢ ᠪᠠᠢᠢᠬᠤ ᠪᠣᠯᠤᠨ᠎ᠠ᠃

ᠦᠵᠡᠰᠬᠦᠯᠡᠩ ᠳᠥ ᠣᠷᠣᠯᠴᠠᠵᠤ᠂ ᠥᠪ ᠰᠤᠶᠤᠯ ᠢᠶᠠᠨ ᠳᠠᠷᠬᠠᠯᠠᠨ ᠪᠡᠬᠢᠵᠢᠭᠦᠯᠵᠦ ᠪᠠᠢᠢᠭ᠎ᠠ ᠤᠷᠠᠨ ᠳᠠᠷᠬᠠᠴᠤᠳ ᠲᠤ ᠪᠠᠨ ᠲᠠᠯᠠᠷᠬᠠᠯ ᠢᠯᠡᠷᠬᠡᠢᠢᠯᠡᠵᠦ᠂ ᠳᠠᠷᠬᠠᠨ ᠤ ᠦᠢᠯᠡ ᠬᠢᠭᠡᠳ ᠤᠷᠠᠨ ᠪᠦᠲᠦᠭᠡᠯ ᠳᠥ ᠨᠢ ᠳᠠᠯᠠᠢ ᠮᠡᠲᠦ ᠠᠷᠪᠢᠨ ᠠᠮᠵᠢᠯᠲᠠ ᠢᠢ ᠬᠦᠰᠡᠨ ᠢᠷᠦᠭᠡᠶ᠎ᠡ᠃

ᠮᠥᠩᠬᠡ ᠲᠩᠷᠢ ᠢᠢᠨ ᠬᠦᠴᠦᠨ ᠳᠦᠷ᠂ ᠮᠣᠩ᠋ᠭᠣᠯ ᠳᠠᠷᠬᠠᠨ ᠤ ᠥᠪ ᠰᠤᠶᠤᠯ ᠥᠨᠢ ᠮᠥᠩᠬᠡᠳᠠ ᠤᠷᠤᠰᠢᠬᠤ ᠪᠣᠯᠲᠤᠭᠠᠢ》 ᠭᠡᠰᠡᠨ ᠶᠤᠮ᠃

ᠳᠠᠷᠬᠠᠴᠤᠳ ᠤᠨ ᠪᠦᠲᠦᠭᠡᠯ ᠢ ᠨᠠᠢᠢᠮᠠᠢᠢᠴᠢᠳ᠂ ᠬᠤᠳᠠᠯᠳᠤᠭᠠᠴᠢᠳ ᠤᠨ ᠭᠠᠷ ᠳᠠᠮᠵᠢᠭᠤᠯᠤᠨ ᠦᠨ᠎ᠡ ᠥᠰᠬᠡᠨ ᠬᠤᠳᠠᠯᠳᠤᠬᠤ ᠪᠠᠢᠢᠳᠠᠯ ᠶᠡᠬᠡ ᠲᠤᠯᠠ ᠦᠵᠡᠰᠬᠦᠯᠡᠩ ᠬᠤᠳᠠᠯᠳᠤᠭ᠎ᠠ ᠵᠣᠬᠢᠶᠠᠨ ᠪᠠᠢᠢᠭᠤᠯᠬᠤ ᠵᠡᠷᠭᠡ ᠪᠡᠷ ᠤᠷᠠᠨ ᠪᠦᠲᠦᠭᠡᠯᠴᠢ ᠡᠴᠡ ᠵᠠᠬᠢᠶᠠᠯᠠᠭᠴᠢ᠂ ᠬᠡᠷᠡᠭᠯᠡᠭᠴᠢᠳ ᠰᠢᠭᠤᠳ ᠬᠦᠷᠬᠦ ᠪᠣᠯᠤᠮᠵᠢ ᠲᠠᠢ ᠲᠤᠯᠠ ᠢᠷᠭᠡᠳ ᠢ ᠳᠠᠷᠬᠠᠴᠤᠳ ᠤᠨ ᠪᠦᠲᠦᠭᠡᠯ ᠲᠡᠢ ᠢᠷᠡᠵᠦ ᠲᠠᠨᠢᠯᠴᠠᠬᠤ ᠢᠢ 《ᠮᠣᠩ᠋ᠭᠣᠯ ᠲᠥᠷᠥ ᠢᠢᠨ ᠳᠠᠷᠬᠠᠨ》 ᠨᠢᠭᠡᠳᠦᠭᠰᠡᠨ ᠬᠣᠯᠪᠣᠭᠠᠨ ᠠᠴᠠ ᠤᠷᠢᠶᠠᠯᠠᠵᠤ ᠪᠠᠢᠢᠯ᠎ᠠ᠃

ᠦᠵᠡᠰᠬᠦᠯᠡᠩ ᠡᠨᠡ ᠰᠠᠷ᠎ᠠ ᠢᠢᠨ 8 ᠍ ᠤ ᠡᠳᠦᠷ ᠢ ᠬᠦᠷᠲᠡᠯ᠎ᠡ ᠦᠷᠭᠦᠯᠵᠢᠯᠡᠬᠦ ᠶᠤᠮ᠃