Та "Internet explorer"-ийн сүүлийн хувилбар болох "Microsoft edge"-г ашиглана уу

Хэрэв "Microsoft edge"-г татах бол энд дарж татаж авна уу

《ᠲᠣᠷᠭᠠᠨ ᠤ ᠵᠠᠮ》 ᠷᠠᠯᠯᠢ ᠳᠤ ᠣᠷᠣᠯᠴᠠᠬᠤ ᠮᠣᠩ᠋ᠭᠣᠯ ᠤᠨ ᠲᠠᠮᠢᠷᠴᠢᠳ ᠢ ᠭᠠᠷᠠᠭᠠᠨ ᠤ ᠵᠤᠷᠪᠤᠰ ᠤᠷᠤᠭᠤ ᠦᠳᠡᠯ᠎ᠡ

ᠤᠯᠤᠰ ᠳᠠᠮᠨᠠᠭᠰᠠᠨ ᠷᠠᠯᠯᠢ ᠨᠤᠭᠤᠳ ᠤᠨ ᠳᠤᠮᠳᠠ ᠬᠠᠮᠤᠭ ᠤᠨ ᠲᠣᠮᠣ ᠳᠤ ᠵᠦᠢ ᠶᠣᠰᠣᠭᠠᠷ ᠲᠣᠭᠠᠴᠠᠭᠳᠠᠬᠤ 《ᠲᠣᠷᠭᠠᠨ ᠤ ᠵᠠᠮ》 ᠠᠦ᠋ᠲ᠋ᠣᠮᠠᠱᠢᠨ᠂ ᠮᠣᠲ᠋ᠣᠼᠢᠺᠠᠯ ᠤᠨ ᠬᠣᠯᠠ ᠢᠢᠨ ᠵᠠᠢ ᠢᠢᠨ ᠷᠠᠯᠯᠢ ᠡᠨᠡ ᠰᠠᠷ᠎ᠠ ᠢᠢᠨ 6-16 ᠍ ᠤ ᠡᠳᠦᠷ ᠦᠳ ᠲᠥ ᠣᠷᠣᠰ ᠤᠨ ᠬᠣᠯᠪᠣᠭᠠᠨ ᠤ ᠤᠯᠤᠰ-ᠮᠣᠩ᠋ᠭᠣᠯ-ᠪᠦᠭᠦᠳᠡ ᠨᠠᠢᠢᠷᠠᠮᠳᠠᠬᠤ ᠬᠢᠲᠠᠳ ᠠᠷᠠᠳ ᠤᠯᠤᠰ ᠢ ᠳᠠᠮᠨᠠᠨ ᠵᠣᠬᠢᠶᠠᠨ ᠪᠠᠢᠢᠭᠤᠯᠤᠭᠳᠠᠬᠤ ᠶᠤᠮ᠃

ᠷᠠᠯᠯᠢ ᠢᠢᠨ ᠮᠠᠷᠱᠷᠦ᠋ᠲ ᠲᠤ ᠮᠣᠩ᠋ᠭᠣᠯ ᠤᠯᠤᠰ ᠠᠩᠬ᠎ᠠ ᠤᠳᠠᠭ᠎ᠠ ᠪᠠᠨ ᠣᠷᠣᠵᠤ ᠪᠤᠢ ᠪᠥᠭᠡᠳ 15 ᠲᠠᠮᠢᠷᠴᠢᠨ ᠡᠬᠡ ᠣᠷᠣᠨ ᠢᠶᠠᠨ ᠲᠥᠯᠥᠭᠡᠯᠡᠨ ᠤᠷᠤᠯᠴᠠᠬᠤ ᠭᠡᠵᠦ ᠪᠠᠢᠢᠨ᠎ᠠ᠃

ᠲᠠᠮᠢᠷᠴᠢᠳ ᠢ ᠥᠨᠥᠳᠥᠷ ᠭᠠᠷᠠᠭᠠᠨ ᠤ ᠵᠤᠷᠪᠤᠰ ᠪᠤᠶᠤ ᠣᠷᠣᠰ ᠤᠨ ᠬᠣᠯᠪᠣᠭᠠᠨ ᠤ ᠤᠯᠤᠰ ᠤᠨ ᠡᠷᠡᠬᠦᠦ ᠬᠣᠲᠠ ᠤᠷᠤᠭᠤ ᠦᠳᠡᠬᠦ ᠶᠣᠰᠣᠯᠠᠯ ᠬᠥᠰᠢᠭ᠌ ᠦᠨ ᠬᠥᠨᠳᠡᠢ ᠢᠢᠨ ᠨᠢᠰᠬᠦ ᠣᠩ᠋ᠭᠣᠴᠠᠨ ᠤ ᠪᠠᠭᠤᠳᠠᠯ ᠳᠤ ᠪᠣᠯᠵᠤ᠂ ᠶᠣᠰᠣᠯᠠᠯ ᠳᠤ ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠲᠠᠮᠠᠭ᠎ᠠ ᠢᠢᠨ ᠭᠠᠵᠠᠷ ᠤᠨ ᠳᠠᠷᠤᠭ᠎ᠠ᠂ 《ᠲᠣᠷᠭᠠᠨ ᠤ ᠵᠠᠮ》 ᠣᠯᠠᠨ ᠤᠯᠤᠰ ᠤᠨ ᠷᠠᠯᠯᠢ ᠢᠢ ᠵᠣᠬᠢᠶᠠᠨ ᠪᠠᠢᠢᠭᠤᠯᠬᠤ ᠤᠯᠤᠰ ᠤᠨ ᠠᠵᠢᠯ ᠤᠨ ᠬᠡᠰᠡᠭ ᠦᠨ ᠳᠠᠷᠤᠭ᠎ᠠ ᠵ ∙ ᠡᠩᠬᠡᠪᠣᠯᠤᠳ ᠨᠠᠷ ᠤᠨ ᠠᠯᠪᠠᠨ ᠤ ᠬᠦᠮᠦᠰ ᠤᠷᠤᠯᠴᠠᠪᠠ᠃

ᠡᠨᠡ ᠦᠶ᠎ᠡ ᠪᠡᠷ ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠲᠠᠮᠠᠭ᠎ᠠ ᠢᠢᠨ ᠭᠠᠵᠠᠷ ᠤᠨ ᠳᠠᠷᠤᠭ᠎ᠠ ᠵ ∙ ᠡᠩᠬᠡᠪᠣᠯᠤᠳ 《ᠲᠠ ᠪᠦᠬᠦᠨ ᠳᠥ ᠡᠨᠡ ᠥᠷᠯᠥᠭᠡᠨ ᠦ ᠮᠡᠨᠳᠦ ᠬᠦᠷᠭᠡᠶ᠎ᠡ᠃《ᠲᠣᠷᠭᠠᠨ ᠤ ᠵᠠᠮ》-2019 ᠤᠷᠤᠯᠳᠤᠭᠠᠨ ᠳᠤ ᠤᠷᠤᠯᠴᠠᠬᠤ ᠮᠣᠩ᠋ᠭᠣᠯ ᠤᠨ ᠲᠠᠮᠢᠷᠴᠢᠳ ᠢᠶᠠᠨ ᠦᠳᠡᠨ ᠭᠠᠷᠭᠠᠬᠤ ᠶᠣᠰᠣᠯᠠᠯ ᠳᠤ ᠬᠦᠷᠦᠯᠴᠡᠨ ᠢᠷᠡᠭᠰᠡᠨ ᠲᠠ ᠪᠦᠬᠦᠨ ᠳᠥ ᠪᠠᠶᠠᠷᠯᠠᠯ᠎ᠠ᠃ ᠣᠷᠣᠰ ᠤᠨ ᠬᠣᠯᠪᠣᠭᠠᠨ ᠤ ᠤᠯᠤᠰ-ᠮᠣᠩ᠋ᠭᠣᠯ-ᠪᠦᠭᠦᠳᠡ ᠨᠠᠢᠢᠷᠠᠮᠳᠠᠬᠤ ᠬᠢᠲᠠᠳ ᠠᠷᠠᠳ ᠤᠯᠤᠰ ᠤᠨ ᠨᠤᠲᠤᠭ ᠢᠶᠠᠷ 5000 ᠺᠢᠯᠣᠮᠧᠲ᠋ᠷ ᠤᠷᠤᠯᠳᠤᠬᠤ ᠤᠷᠤᠯᠳᠤᠭᠠᠨ ᠳᠤ ᠮᠣᠩ᠋ᠭᠣᠯ ᠤᠯᠤᠰ ᠤᠨ ᠪᠠᠭ᠂ ᠲᠠᠮᠢᠷᠴᠢᠳ ᠠᠩᠬ᠎ᠠ ᠤᠳᠤᠭ᠎ᠠ ᠪᠠᠨ 15 ᠬᠦᠮᠦᠨ ᠦ ᠪᠦᠷᠢᠯᠳᠦᠬᠦᠨ ᠲᠡᠢ ᠪᠤᠶᠤ ᠣᠯᠠᠭᠤᠯᠠ ᠪᠠᠨ ᠤᠷᠤᠯᠴᠠᠬᠤ ᠭᠡᠵᠦ ᠪᠠᠢᠢᠨ᠎ᠠ᠃ ᠨᠤᠲᠤᠭ ᠲᠤ ᠪᠠᠨ ᠪᠣᠯᠵᠤ ᠪᠠᠢᠢᠭ᠎ᠠ ᠤᠷᠤᠯᠳᠤᠭᠠᠨ ᠳᠤ ᠠᠮᠵᠢᠯᠲᠠ ᠭᠠᠷᠭᠠᠨ᠎ᠠ ᠭᠡᠳᠡᠭ ᠲᠥ ᠢᠲᠡᠭᠡᠯ ᠲᠡᠢ ᠪᠠᠢᠢᠨ᠎ᠠ᠃ ᠠᠮᠵᠢᠯᠲᠠ ᠭᠠᠷᠭᠠᠬᠤ ᠢᠢᠨ ᠢᠷᠦᠭᠡᠯ ᠳᠡᠪᠰᠢᠭᠦᠯᠦᠶ᠎ᠡ》 ᠭᠡᠯ᠎ᠡ᠃

ᠡᠨᠡ ᠵᠢᠯ ᠦᠨ ᠤᠷᠤᠯᠳᠤᠭᠠᠨ ᠤ ᠨᠡᠢᠢᠲᠡ ᠤᠷᠲᠤ 5007᠂96 ᠺᠢᠯᠣᠮᠧᠲ᠋ᠷ ᠪᠥᠭᠡᠳ ᠲᠤᠰᠬᠠᠢ ᠦᠶ᠎ᠡ ᠱᠠᠲᠤ ᠨᠤᠭᠤᠳ ᠤᠨ ᠨᠡᠢᠢᠲᠡ ᠵᠠᠢ 2593᠂15 ᠺᠢᠯᠣᠮᠧᠲ᠋ᠷ ᠪᠠᠢᠢᠬᠤ ᠶᠤᠮ᠃ ᠮᠥᠨ ᠡᠨᠡ ᠣᠨ ᠤ ᠬᠠᠮᠤᠭ ᠤᠨ ᠤᠷᠲᠤ ᠵᠠᠮ ᠨᠢ ᠮᠣᠩ᠋ᠭᠣᠯ ᠤᠯᠤᠰ ᠤᠨ ᠨᠤᠲᠤᠭ ᠳᠡᠪᠢᠰᠬᠡᠷ ᠢᠶᠡᠷ ᠦᠷᠭᠦᠯᠵᠢᠯᠡᠬᠦ ᠶᠤᠮ᠃

ᠤᠷᠤᠯᠳᠤᠭᠠᠨ ᠤ ᠪᠥᠰᠡ ᠨᠤᠲᠤᠭ ᠢ ᠡᠢᠢᠨ ᠬᠦ ᠥᠭᠡᠷᠡᠴᠢᠯᠡᠭᠰᠡᠨ ᠢᠶᠡᠷ ᠲᠠᠮᠢᠷᠴᠢᠳ ᠠᠭᠤᠷ᠂ ᠠᠮᠢᠰᠬᠤᠯ ᠤᠨ ᠲᠠᠪᠤᠨ ᠥᠭᠡᠷ᠎ᠡ ᠪᠦᠰ ᠢᠶᠡᠷ ᠳᠠᠭᠠᠷᠢᠵᠤ ᠥᠩᠭᠡᠷᠡᠬᠦ ᠪᠥᠭᠡᠳ ᠮᠣᠩ᠋ᠭᠣᠯ ᠳᠠᠬᠢ ᠬᠡᠰᠡᠭ ᠲᠥ ᠡᠯᠡᠰᠦᠨ ᠮᠠᠩ᠋ᠬᠠᠨ ᠬᠢᠭᠡᠳ ᠬᠠᠢᠢᠷᠭᠤ᠂ ᠴᠢᠯᠠᠭᠤ ᠲᠠᠢ ᠵᠠᠮ ᠤᠨ ᠰᠣᠷᠢᠯᠲᠠ ᠪᠣᠯᠬᠤ ᠪᠣᠯᠤᠨ᠎ᠠ ᠬᠡᠮᠡᠨ ᠲᠣᠳᠣᠷᠬᠠᠢᠢᠯᠠᠵᠤ ᠪᠠᠢᠢᠨ᠎ᠠ᠃

ᠡᠨᠡ ᠤᠳᠠᠭ᠎ᠠ ᠢᠢᠨ ᠲᠡᠮᠡᠴᠡᠭᠡᠨ ᠳᠥ ᠨᠡᠢᠢᠲᠡ 40 ᠤᠯᠤᠰ ᠤᠨ 97 ᠲᠠᠮᠢᠷᠴᠢᠨ᠂ 54 ᠠᠦ᠋ᠲ᠋ᠣᠮᠠᠱᠢᠨ᠂ 16 ᠲᠣᠮᠣ ᠣᠪᠣᠷ ᠤᠨ ᠠᠴᠢᠶᠠᠨ ᠤ ᠠᠦ᠋ᠲ᠋ᠣᠮᠠᠱᠢᠨ᠂ 24 ᠮᠣᠲ᠋ᠣᠼᠢᠺᠠᠯ ᠣᠷᠣᠯᠴᠠᠬᠤ ᠪᠠᠷ ᠪᠦᠷᠢᠳᠬᠡᠭᠦᠯᠦᠭᠰᠡᠨ ᠨᠢ ᠲᠡᠮᠡᠴᠡᠭᠡᠨ ᠦ ᠲᠡᠦᠬᠡᠨ ᠳ᠋ᠡᠬᠢ ᠬᠠᠮᠤᠭ ᠤᠨ ᠥᠨᠳᠥᠷ ᠦᠵᠡᠭᠦᠯᠦᠯᠲᠡ ᠪᠣᠯᠵᠤ ᠪᠠᠢᠢᠭ᠎ᠠ ᠶᠤᠮ ᠪᠠᠢᠢᠨ᠎ᠠ᠃ ᠲᠡᠮᠡᠴᠡᠭᠡᠨ ᠳᠥ ᠣᠷᠣᠯᠴᠠᠭᠴᠢᠳ ᠢ ᠳᠠᠭᠠᠯᠳᠤᠨ 394 ᠲᠧᠭᠨᠢᠭ᠂ 1400 ᠭᠠᠷᠤᠢ ᠬᠦᠮᠦᠨ᠂ 120 ᠤᠯᠤᠰ ᠤᠨ ᠰᠡᠳᠬᠦᠯᠴᠢ ᠮᠣᠩ᠋ᠭᠣᠯ ᠤᠨ ᠬᠢᠯᠢ ᠪᠡᠷ ᠨᠡᠪᠲᠡᠷᠡᠵᠦ ᠲᠡᠮᠡᠴᠡᠭᠡᠨ ᠢ ᠵᠣᠬᠢᠶᠠᠨ ᠪᠠᠢᠢᠭᠤᠯᠵᠤ᠂ ᠣᠷᠣᠯᠴᠠᠵᠤ᠂ ᠰᠤᠷᠪᠤᠯᠵᠢᠯᠠᠬᠤ ᠪᠠᠷ ᠮᠡᠳᠡᠭᠦᠯᠦᠭᠰᠡᠨ ᠪᠠᠢᠢᠨ᠎ᠠ᠃

《ᠲᠣᠷᠭᠠᠨ ᠤ ᠵᠠᠮ》 ᠠᠦ᠋ᠲ᠋ᠣ᠋ ᠷᠠᠯᠯᠢ-2019 ᠨᠢ ᠡᠮᠦᠨᠡᠬᠢ ᠵᠢᠯ ᠦᠳ ᠦᠨ ᠷᠠᠯᠯᠢ ᠢᠢ ᠪᠣᠳᠣᠪᠠᠯ ᠲᠠᠮᠢᠷᠴᠢᠳ ᠠᠴᠠ ᠠᠰᠤᠷᠤ ᠶᠡᠬᠡ ᠲᠡᠪᠴᠢᠶᠡᠷᠢ᠂ ᠤᠷ᠎ᠠ ᠴᠢᠳᠠᠪᠤᠷᠢ ᠱᠠᠭᠠᠷᠳᠠᠭᠰᠠᠨ ᠰᠣᠷᠢᠯᠲᠠ ᠪᠣᠯᠤᠨ᠎ᠠ ᠭᠡᠵᠦ ᠮᠡᠷᠭᠡᠵᠢᠯ ᠦᠨ ᠤᠷᠤᠯᠳᠤᠭᠠᠨᠴᠢᠳ ᠬᠦᠯᠢᠶᠡᠵᠦ ᠪᠠᠢᠢᠨ᠎ᠠ᠃ ᠤᠴᠢᠷ ᠨᠢ᠂ ᠡᠨᠡ ᠵᠢᠯ ᠰᠢᠨ᠎ᠡ ᠨᠤᠲᠤᠭ ᠢᠶᠠᠷ ᠪᠤᠶᠤ ᠵᠡᠭᠦᠨ ᠰᠢᠪᠢᠷ᠂ ᠣᠷᠣᠰ ᠤᠨ ᠲᠠᠢᠢᠭ᠎ᠠ᠂ ᠮᠣᠩ᠋ᠭᠣᠯ ᠤᠨ ᠲᠠᠯ᠎ᠠ᠂ ᠭᠣᠪᠢ ᠢᠢ ᠳᠠᠭᠠᠷᠢᠨ ᠥᠩᠭᠡᠷᠡᠬᠦ ᠪᠡᠷ ᠮᠠᠷᠱᠷᠦ᠋ᠲ ᠲᠤ ᠥᠭᠡᠷᠡᠴᠢᠯᠡᠯᠲᠡ ᠣᠷᠣᠭᠤᠯᠤᠭᠰᠠᠨ ᠨᠢ ᠮᠣᠲ᠋ᠣᠼᠢᠺᠠᠯᠴᠢᠳ ᠤᠨ ᠬᠤᠪᠢ ᠳᠤ ᠤᠷ᠎ᠠ ᠴᠢᠳᠠᠪᠤᠷᠢ ᠱᠠᠭᠠᠷᠳᠠᠭᠰᠠᠨ ᠬᠠᠮᠤᠭ ᠤᠨ ᠤᠷᠲᠤ ᠵᠠᠮ ᠳᠤ ᠲᠣᠭᠠᠴᠠᠭᠳᠠᠵᠤ ᠪᠠᠢᠢᠭ᠎ᠠ ᠶᠤᠮ᠃