Та "Internet explorer"-ийн сүүлийн хувилбар болох "Microsoft edge"-г ашиглана уу

Хэрэв "Microsoft edge"-г татах бол энд дарж татаж авна уу

ᠮᠣᠩᠭᠤᠯ ᠤᠯᠤᠰ ᠤᠨ ᠶᠡᠷᠦᠩᠬᠡᠶᠢᠯᠡᠭᠴᠢ᠂ ᠵᠡᠪᠰᠡᠭᠲᠦ ᠬᠦᠴᠦᠨ ᠦ ᠶᠡᠷᠦᠩᠬᠡᠢ ᠺᠣᠮᠠᠨ᠋ᠳ᠋ᠯᠠᠭᠴᠢ  ᠬᠠ‍᠂ᠪᠠᠲᠤᠲᠤᠯᠭ᠎ᠠ ᠳᠤ ᠬᠦᠨᠳᠦᠳᠬᠡᠯ ᠦᠵᠡᠭᠦᠯᠬᠦ ᠴᠡᠷᠢᠭ ᠦᠨ ᠶᠣᠰᠣᠯᠠᠯ ᠤᠨ ᠵᠢᠭ᠌ᠰᠠᠭᠠᠯ ᠪᠣᠯᠤᠯ᠎ᠠ

 

ᠮᠣᠩᠭ᠋ᠤᠯ ᠤᠯᠤᠰ ᠤᠨ ᠶᠡᠷᠦᠩᠬᠡᠶᠢᠯᠡᠭᠴᠢ᠂ ᠵᠡᠪᠰᠡᠭᠲᠦ ᠬᠦᠴᠦᠨ ᠦ ᠶᠡᠷᠦᠩᠬᠡᠢ ᠺᠣᠮᠠᠨ᠋ᠳ᠋ᠯᠠᠭᠴᠢ  ᠬᠠ‍᠂ᠪᠠᠲᠤᠲᠤᠯᠭ᠎ᠠ ᠳᠤ ᠲᠥᠷᠥ ᠶᠢᠨ ᠴᠡᠷᠢᠭ ᠦᠨ ᠪᠠᠢᠢᠭᠤᠯᠤᠯᠭ᠎ᠠ ᠢᠢᠨ ᠤᠯᠠᠭᠠᠨᠪᠠᠭᠠᠲᠤᠷ ᠴᠡᠷᠢᠭ ᠦᠨ ᠬᠦᠷᠢᠶᠡᠨ ᠦ ᠪᠡᠶ᠎ᠡ ᠪᠦᠷᠢᠯᠳᠦᠬᠦᠨ ᠬᠦᠨᠳᠦᠳᠬᠡᠯ ᠦᠵᠡᠭᠦᠯᠬᠦ ᠴᠡᠷᠢᠭ ᠦᠨ ᠶᠣᠰᠣᠯᠠᠯ ᠤᠨ ᠵᠢᠭ᠌ᠰᠠᠭᠠᠯ ᠥᠨᠥᠳᠥᠷ ᠳᠠ‍᠂ᠰᠦᠬᠡᠪᠠᠭᠠᠲᠤᠷ ᠤᠨ ᠲᠠᠯᠠᠪᠠᠢ ᠳᠤ ᠪᠣᠯᠤᠯ᠎ᠠ᠃ ᠴᠡᠷᠢᠭ ᠦᠨ ᠶᠣᠰᠣᠯᠠᠯ ᠤᠨ ᠵᠢᠭ᠌ᠰᠠᠭᠠᠯ ᠢ ᠵᠡᠪᠰᠡᠭᠲᠦ ᠬᠦᠴᠦᠨ ᠦ ᠵᠠᠩᠵᠤᠨ ᠱᠲ᠋ᠠᠪ ᠤᠨ ᠣᠷᠣᠯᠠᠭᠴᠢ ᠳᠠᠷᠤᠭ᠎ᠠ ᠬᠣᠰᠢᠭᠤᠴᠢ ᠭᠧᠨᠧᠷᠠᠯ ᠵ᠂ᠪᠠᠳᠮᠠᠪᠠᠽᠠᠷ ᠺᠣᠮᠠᠨ᠋ᠳ᠋ᠯᠠᠵᠤ᠂ ᠮᠣᠩᠭ᠋ᠤᠯ ᠤᠯᠤᠰ ᠤᠨ ᠶᠡᠷᠦᠩᠬᠡᠢᠢᠯᠡᠭᠴᠢ᠂ ᠵᠡᠪᠰᠡᠭᠲᠦ ᠬᠦᠴᠦᠨ ᠦ ᠶᠡᠷᠦᠩᠬᠡᠢ ᠺᠣᠮᠠᠨ᠋ᠳ᠋ᠯᠠᠭᠴᠢ  ᠬᠠ‍᠂ᠪᠠᠲᠤᠲᠤᠯᠭ᠎ᠠ ᠳᠤ ᠷᠠᠫᠣᠷᠲ ᠥᠭ᠍ᠪᠡ᠃

 

ᠮᠣᠩᠭ᠋ᠤᠯ ᠤᠯᠤᠰ ᠤᠨ ᠶᠡᠷᠦᠩᠬᠡᠢᠢᠯᠡᠭᠴᠢ᠂ ᠵᠡᠪᠰᠡᠭᠲᠦ ᠬᠦᠴᠦᠨ ᠦ ᠶᠡᠷᠦᠩᠬᠡᠢ ᠺᠣᠮᠠᠨ᠋ᠳᠠᠯᠠᠭᠴᠢ ᠬᠠ‍᠂ᠪᠠᠲᠤᠲᠤᠯᠭ᠎ᠠ ᠴᠡᠷᠢᠭ ᠦᠨ ᠪᠡᠶ᠎ᠡ ᠪᠦᠷᠢᠯᠳᠦᠬᠦᠨ ᠲᠡᠢ ᠮᠡᠨᠳᠦᠴᠢᠯᠡᠵᠦ᠂ ᠦᠭᠡ ᠬᠡᠯᠡᠭᠰᠡᠨ ᠦ ᠳᠠᠷᠠᠭ᠎ᠠ ᠮᠣᠩᠭ᠋ᠤᠯ ᠤᠯᠤᠰ ᠤᠨ ᠲᠥᠷᠥ ᠢᠢᠨ ᠳᠠᠭᠤᠯᠠᠯ ᠴᠡᠷᠢᠭ ᠦᠨ ᠦᠯᠢᠶᠡᠪᠦᠷᠢ ᠨᠠᠢᠢᠷᠠᠯ ᠬᠥᠭ᠍ᠵᠢᠮ ᠳᠥ ᠡᠭᠡᠰᠢᠭᠯᠡᠯ᠎ᠡ᠃ ᠶᠣᠰᠣᠯᠠᠯ ᠤᠨ ᠵᠢᠭᠰᠠᠭᠠᠯ ᠢ ᠨᠡᠢᠢᠰᠯᠡᠯ ᠦᠨ ᠠᠷᠠᠳ ᠢᠷᠭᠡᠳ ᠵᠣᠴᠢᠳ ᠲᠥᠯᠥᠭᠡᠯᠡᠭᠴᠢᠳ᠂ ᠪᠡᠯᠡᠳᠬᠡᠯ ᠪᠣᠯᠤᠨ ᠴᠢᠯᠦᠭᠡᠨ ᠳᠥ ᠪᠠᠢᠢᠭ᠎ᠠ ᠠᠬᠠᠮᠠᠳ ᠳᠠᠢᠢᠴᠢᠳ᠂ ᠭᠧᠨᠧᠷᠠᠯ ᠤᠳ᠂ ᠬᠡᠪᠯᠡᠯ ᠮᠡᠳᠡᠭᠡᠯᠡᠯ ᠦᠨ ᠪᠠᠢᠢᠭᠤᠯᠤᠯᠭ᠎ᠠ ᠢᠢᠨ ᠠᠵᠢᠯᠲᠠᠨ ᠨᠤᠭᠤᠳ ᠦᠵᠡᠵᠦ ᠰᠣᠨᠢᠷᠬᠠᠯ᠎ᠠ᠃