Та "Internet explorer"-ийн сүүлийн хувилбар болох "Microsoft edge"-г ашиглана уу

Хэрэв "Microsoft edge"-г татах бол энд дарж татаж авна уу

ᠮᠣᠩᠭᠤᠯ ᠤᠯᠤᠰ ᠤᠨ ᠶᠡᠷᠦᠩᠬᠡᠢᠢᠯᠡᠭᠴᠢ ᠬᠠᠯᠲᠠᠮ᠎ᠠ ᠶᠢᠨ ᠪᠠᠲᠤᠲᠤᠯᠭ᠎ᠠ ᠦᠨᠳᠦᠰᠦᠨ ᠦ ᠰᠢᠭᠰᠢᠭᠡ ᠪᠠᠭ ᠤᠨ ᠲᠠᠮᠢᠷᠴᠢᠨ ᠰᠣᠷᠢᠨᠵᠢᠩᠪᠣᠯᠣᠳ ᠤᠨ ᠪᠠᠲᠤᠴᠡᠴᠡᠭ ᠲᠥ ᠮᠣᠩᠭᠤᠯ ᠤᠯᠤᠰ ᠤᠨ ᠬᠥᠳᠡᠯᠮᠦᠷᠢ ᠶᠢᠨ ᠪᠠᠭᠠᠲᠤᠷ ᠤᠨ ᠠᠯᠲᠠᠨ ᠰᠣᠶᠣᠮᠪᠣ ᠲᠡᠮᠳᠡᠭ᠂ ᠰᠦᠬᠡᠪᠠᠭᠠᠲᠤᠷ ᠤᠨ ᠣᠳᠣᠨ ᠭᠠᠷᠳᠠᠭᠤᠯᠪᠠ

 

ᠮᠣᠩᠭ᠋ᠤᠯ ᠤᠯᠤᠰ ᠤᠨ ᠶᠡᠷᠦᠩᠬᠡᠢᠢᠯᠡᠭᠴᠢ ᠬᠠᠯᠲᠠᠮ᠎ᠠ ᠶᠢᠨ ᠪᠠᠲᠤᠲᠤᠯᠭ᠎ᠠ ᠦᠨᠳᠦᠰᠦᠨ ᠦ ᠰᠢᠭᠰᠢᠭᠡ ᠪᠠᠭ ᠤᠨ ᠲᠠᠮᠢᠷᠴᠢᠨ ᠰᠣᠷᠢᠨᠵᠢᠩᠪᠣᠯᠣᠳ ᠤᠨ ᠪᠠᠲᠤᠴᠡᠴᠡᠭ ᠲᠦ ᠮᠣᠩᠭ᠋ᠤᠯ ᠤᠯᠤᠰ ᠤᠨ ᠬᠥᠳᠡᠯᠮᠦᠷᠢ ᠶᠢᠨ ᠪᠠᠭᠠᠲᠤᠷ ᠴᠣᠯᠠ ᠬᠦᠷᠲᠡᠭᠡᠬᠦ ᠲᠤᠬᠠᠢ ᠵᠠᠷᠯᠢᠭ ᠢ ᠳᠣᠯᠣᠳᠤᠭᠠᠷ ᠰᠠᠷ᠎ᠠ ᠶᠢᠨ 31 ᠍ ᠦ ᠡᠳᠦᠷ ᠭᠠᠷᠭᠠᠭᠰᠠᠨ ᠪᠢᠯᠡ᠃

 

ᠦᠨᠳᠦᠰᠦᠨ ᠦ ᠰᠢᠭᠰᠢᠭᠡ ᠪᠠᠭ ᠤᠨ ᠲᠠᠮᠢᠷᠴᠢᠨ ᠰᠣᠷᠢᠨᠵᠢᠩᠪᠣᠯᠣᠳ ᠤᠨ ᠪᠠᠲᠤᠴᠡᠴᠡᠭ ᠲᠥ ᠮᠣᠩᠭ᠋ᠤᠯ ᠤᠯᠤᠰ ᠤᠨ ᠬᠥᠳᠡᠯᠮᠦᠷᠢ ᠢᠢᠨ ᠪᠠᠭᠠᠲᠤᠷ ᠤᠨ ᠠᠯᠲᠠᠨ ᠰᠣᠶᠣᠮᠪᠣ ᠲᠡᠮᠳᠡᠭ᠂ ᠰᠦᠬᠡᠪᠠᠭᠠᠲᠤᠷ ᠤᠨ ᠣᠳᠣᠨ ᠭᠠᠷᠳᠠᠭᠤᠯᠬᠤ ᠶᠣᠰᠣᠯᠠᠯ ᠥᠨᠥᠳᠥᠷ ᠲᠥᠷᠥ ᠢᠢᠨ ᠣᠷᠳᠣᠨ ᠤ ᠶᠣᠰᠣᠯᠠᠯ ᠬᠦᠨᠳᠦᠳᠬᠡᠯ ᠦᠨ ᠶᠢᠰᠦᠨ ᠬᠥᠯᠲᠦ ᠶᠡᠬᠡ ᠴᠠᠭᠠᠨ ᠲᠤᠭᠳᠤ ᠲᠠᠩᠬᠢᠮ ᠳᠤ ᠪᠣᠯᠤᠯ᠎ᠠ᠃ ᠠᠯᠲᠠᠨ ᠰᠣᠶᠣᠮᠪᠣ ᠲᠡᠮᠳᠡᠭ᠂ ᠰᠦᠬᠡᠪᠠᠭᠠᠲᠤᠷ ᠤᠨ ᠣᠳᠣᠨ ᠢ ᠮᠣᠩᠭ᠋ᠤᠯ ᠤᠯᠤᠰ ᠤᠨ ᠶᠡᠷᠦᠩᠬᠡᠢᠢᠯᠡᠭᠴᠢ ᠬᠠᠯᠲᠠᠮ᠎ᠠ ᠶᠢᠨ ᠪᠠᠲᠤᠲᠤᠯᠭ᠎ᠠ ᠭᠠᠷᠳᠠᠭᠤᠯᠤᠨ ᠥᠭ᠍ᠪᠡ᠃

 

ᠴᠣᠯᠠ ᠭᠠᠷᠳᠠᠭᠤᠯᠬᠤ ᠶᠣᠰᠣᠯᠠᠯ ᠤᠨ ᠦᠶ᠎ᠡ ᠪᠡᠷ ᠮᠣᠩᠭ᠋ᠤᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠬᠡᠯᠡᠬᠦ ᠳᠥ ᠪᠡᠨ᠄

 

《 ᠡᠷᠬᠢᠮ ᠬᠦᠨᠳᠦᠳᠦ ᠠᠷᠠᠳ ᠢᠷᠭᠡᠳ ᠡ᠂

 

ᠬᠦᠨᠳᠦᠳᠥ ᠬᠠᠲᠤᠭᠲᠠᠢ᠂ ᠨᠣᠶᠠᠳ ᠠ᠋᠂

 

ᠶᠡᠬᠡ ᠲᠡᠦᠬᠡᠲᠦ ᠮᠣᠩᠭ᠋ᠤᠯ ᠲᠥᠷᠥ ᠶᠢᠨ ᠬᠣᠢᠢᠮᠣᠷ᠂ ᠲᠤᠰᠠᠭᠠᠷ ᠲᠣᠭᠲᠠᠨᠢᠯ᠂ ᠪᠦᠷᠢᠨ ᠡᠷᠬᠡᠲᠦ ᠪᠠᠢᠢᠳᠠᠯ ᠤᠨ ᠪᠡᠯᠭᠡ ᠲᠡᠮᠳᠡᠭ᠂ ᠶᠢᠰᠦᠨ ᠬᠥᠯᠲᠦ ᠶᠡᠬᠡ ᠴᠠᠭᠠᠨ ᠰᠦᠯᠳᠡᠨ ᠦ ᠴᠡᠩᠭᠡᠨ ᠤᠷᠤᠰᠢᠬᠤ ᠬᠦᠨᠳᠦᠳᠦ ᠥᠷᠭᠦᠭᠡᠨ ᠡᠴᠡ ᠮᠣᠩᠭ᠋ᠤᠯ ᠵᠣᠨ ᠣᠯᠠᠨ ᠲᠠ ᠪᠦᠬᠦᠨ ᠦ ᠪᠡᠨ ᠠᠮᠤᠷ ᠮᠡᠨᠳᠦ ᠶᠢ ᠠᠢᠢᠯᠠᠳᠬᠠᠨ ᠮᠡᠨᠳᠦᠴᠢᠯᠡᠶ᠎ᠡ᠃

 

ᠮᠣᠳᠣᠨ ᠰᠠᠶᠢᠨ ᠬᠠᠭᠠᠨ ᠤ ᠡᠭᠦᠰᠬᠡᠨ ᠪᠠᠢᠢᠭᠤᠯᠤᠭᠰᠠᠨ ᠮᠣᠩᠭ᠋ᠤᠯ ᠤᠨ ᠲᠤᠯᠭᠤᠷ ᠲᠥᠷᠥ ᠢᠢᠨ 2226 ᠵᠢᠯ᠂ ᠶᠡᠬᠡ ᠡᠵᠡᠨ ᠴᠢᠩᠭᠢᠰ ᠬᠠᠭᠠᠨ ᠤ ᠦᠨᠳᠦᠰᠦᠯᠡᠨ ᠪᠠᠳᠠᠷᠠᠭᠠᠵᠤ᠂ ᠵᠠᠰᠠᠨ ᠲᠣᠬᠣᠨᠢᠭᠤᠯᠤᠭᠰᠠᠨ ᠶᠡᠬᠡ ᠮᠣᠩᠭ᠋ᠤᠯ ᠤᠯᠤᠰ ᠤᠨ 811 ᠵᠢᠯ᠂ ᠠᠯᠲᠠᠨ ᠤᠷᠤᠭ ᠤᠨ ᠳᠡᠭᠡᠳᠦᠰ᠂ ᠪᠣᠭᠳᠠ ᠭᠡᠭᠡᠭᠡᠨ ᠣᠷᠣᠢᠢᠯᠠᠨ ᠮᠠᠩᠯᠠᠢᠢᠯᠠᠵᠤ᠂ ᠦᠨᠳᠦᠰᠦᠨ ᠦ ᠡᠷᠬᠡ ᠴᠢᠯᠦᠭᠡ᠂ ᠲᠤᠰᠠᠭᠠᠷ ᠲᠣᠭᠲᠠᠨᠢᠯ ᠢᠶᠠᠨ ᠰᠡᠷᠭᠦᠭᠡᠨ ᠮᠠᠨᠳᠤᠭᠤᠯᠤᠭᠰᠠᠨ ᠤ 106 ᠵᠢᠯ᠂ ᠪᠣᠳᠣ ᠠ᠂ ᠳᠠᠨᠵᠢᠨ ᠨᠠᠷ ᠤᠨ ᠬᠢᠴᠢᠶᠡᠩᠭᠦᠢᠢᠯᠡᠨ ᠵᠢᠳᠬᠦᠭ᠍ᠰᠡᠨ ᠠᠷᠠᠳ ᠤᠨ ᠬᠤᠪᠢᠰᠬᠠᠯ ᠤᠨ 96 ᠵᠢᠯ ᠦᠨ ᠲᠡᠦᠬᠡᠨ ᠣᠢ ᠰᠠᠶ᠋ᠢᠬᠠᠨ ᠪᠣᠯᠵᠤ ᠥᠨᠳᠥᠷᠯᠡᠯ᠎ᠡ᠃

 

ᠶᠡᠬᠡ ᠲᠡᠦᠬᠡ᠂ ᠡᠬᠡ ᠰᠤᠶᠤᠯ᠂ ᠮᠣᠩᠭ᠋ᠤᠯ ᠪᠠᠬᠠᠷᠬᠠᠯ ᠢ ᠪᠠᠳᠠᠷᠠᠭᠠᠭᠰᠠᠨ ᠦᠨᠳᠦᠰᠦᠨ ᠦ ᠶᠡᠬᠡ ᠪᠠᠶᠠᠷ ᠨᠠᠭᠠᠳᠤᠮ ᠢ ᠲᠣᠬᠢᠶᠠᠯᠳᠤᠭᠤᠯᠤᠨ ᠮᠣᠩᠭ᠋ᠤᠯ ᠤᠯᠤᠰ ᠤᠨ ᠰᠫᠣᠷᠲ ᠤᠨ ᠲᠡᠦᠬᠡᠨ ᠳᠥ ᠠᠯᠲᠠᠨ ᠦᠰᠦᠭ ᠢᠶᠡᠷ ᠪᠢᠴᠢᠬᠦ ᠠᠭᠤᠤ ᠠᠮᠵᠢᠯᠲᠠ ᠭᠠᠷᠭᠠᠵᠤ᠂ ᠵᠣᠨ ᠣᠯᠠᠨ ᠤ ᠪᠠᠨ ᠵᠣᠯᠪᠣᠭ᠎ᠠ ᠬᠡᠢᠢᠮᠣᠷᠢ ᠢᠢ ᠡᠷᠭᠦᠵᠦ ᠶᠠᠪᠤᠭ᠎ᠠ ᠳᠣᠮᠣᠭᠲᠤ ᠪᠥᠬᠡ ᠰᠣᠷᠢᠨᠵᠢᠩᠪᠣᠯᠣᠳ ᠤᠨ ᠪᠠᠲᠤᠴᠡᠴᠡᠭ ᠲᠥ ᠮᠣᠩᠭ᠋ᠤᠯ ᠤᠯᠤᠰ ᠤᠨ ᠬᠥᠳᠡᠯᠮᠦᠷᠢ ᠢᠢᠨ ᠪᠠᠭᠠᠲᠤᠷ ᠴᠣᠯᠠ ᠬᠦᠷᠲᠡᠭᠡᠵᠦ ᠪᠠᠢᠢᠨ᠎ᠠ᠃

 

ᠰ ∙ ᠪᠠᠲᠤᠴᠡᠴᠡᠭ ᠪᠣᠯ ᠪᠥᠬᠡ ᠢᠢᠨ ᠴᠢᠯᠦᠭᠡᠲᠦ ᠪᠠᠷᠢᠯᠳᠤᠭᠠᠨ ᠤ ᠲᠡᠦᠬᠡᠨ ᠳᠥ ᠰᠢᠨ᠎ᠡ ᠬᠠᠭᠤᠳᠠᠰᠤ ᠨᠡᠭᠡᠭᠡᠵᠦ᠂ ᠮᠣᠩᠭ᠋ᠤᠯ ᠬᠦᠮᠦᠨ ᠦ ᠡᠷᠳᠡᠮ ᠤᠬᠠᠭᠠᠨ᠂ ᠡᠷ᠎ᠡ ᠵᠣᠷᠢᠭ᠂ ᠲᠡᠪᠴᠢᠶᠡᠷᠢ ᠬᠠᠲᠠᠭᠤᠵᠢᠯ᠂ ᠶᠠᠰᠤ ᠴᠢᠨᠠᠷ ᠢ ᠳᠡᠯᠡᠬᠡᠢ ᠳᠥ ᠭᠠᠢᠢᠬᠠᠭᠤᠯᠤᠭᠰᠠᠨ ᠰᠢᠯᠢᠳᠡᠭ ᠲᠠᠮᠢᠷᠴᠢᠨ᠃ ᠤᠨᠠᠭᠠᠨ ᠠᠪᠢᠶᠠᠰ᠂ ᠮᠡᠳᠡᠷᠡᠮᠵᠢ ᠢᠢ ᠬᠥᠳᠡᠯᠮᠦᠷᠢ ᠵᠢᠳᠬᠦᠯ ᠢᠶᠡᠷ ᠴᠢᠮᠡᠬᠦ ᠪᠡᠷ ᠡᠢᠢᠮᠦ ᠶᠡᠬᠡ ᠠᠮᠵᠢᠯᠲᠠ ᠳᠤ ᠬᠦᠷᠴᠦ ᠪᠣᠯᠳᠠᠭ ᠢ ᠲᠡᠷᠡ ᠬᠠᠷᠠᠭᠤᠯᠤᠭᠰᠠᠨ᠃

 

ᠵᠤᠨ ᠤ ᠣᠯᠢᠮᠫ ᠤᠨ ᠨᠠᠭᠠᠳᠤᠮ ᠤᠨ ᠬᠦᠷᠡᠯ ᠮᠧᠳᠠᠯᠳᠤ᠂ ᠪᠥᠬᠡ ᠢᠢᠨ ᠴᠢᠯᠦᠭᠡᠲᠦ ᠪᠠᠷᠢᠯᠳᠤᠭᠠᠨ ᠤ ᠳᠡᠯᠡᠬᠡᠢ ᠢᠢᠨ ᠬᠣᠱᠣᠢ ᠠᠪᠤᠷᠭᠤ᠂ ᠦᠨᠳᠦᠰᠦᠨ ᠦ ᠰᠢᠭᠰᠢᠭᠡ ᠪᠠᠭ ᠤᠨ ᠲᠠᠮᠢᠷᠴᠢᠨ ᠰᠣᠷᠢᠨᠵᠢᠩᠪᠣᠯᠣᠳ ᠤᠨ ᠪᠠᠲᠤᠴᠡᠴᠡᠭ᠂ ᠲᠡᠭᠦᠨ ᠦ ᠡᠷᠳᠡᠮᠲᠦ ᠪᠠᠭᠰᠢ ᠨᠠᠷ᠂ ᠭᠡᠷ ᠪᠦᠯᠢ᠂ ᠴᠠᠭ ᠮᠥᠴᠡ ᠪᠦᠬᠦᠨ ᠳᠥ ᠳᠡᠮᠵᠢᠳᠡᠭ ᠮᠣᠩᠭ᠋ᠤᠯ ᠤᠨ ᠠᠷᠠᠳ ᠲᠦᠮᠡᠨ ᠳᠥ ᠬᠠᠯᠠᠭᠤᠨ ᠪᠠᠶᠠᠷ ᠬᠦᠷᠭᠡᠶ᠎ᠡ᠃ ᠤᠯᠠᠮ ᠬᠢᠴᠢᠶᠡᠵᠦ᠂ ᠡᠬᠡ ᠣᠷᠣᠨ ᠤ ᠪᠠᠨ ᠰᠠᠶᠢᠨ ᠨᠡᠷ᠎ᠡ ᠢᠢ ᠥᠨᠳᠥᠷ ᠡᠷᠭᠦᠭᠡᠷᠡᠢ᠃

 

ᠪᠠᠶᠠᠷᠯᠠᠯ᠎ᠠ》 ᠭᠡᠯ᠎ᠡ᠃