Та "Internet explorer"-ийн сүүлийн хувилбар болох "Microsoft edge"-г ашиглана уу

Хэрэв "Microsoft edge"-г татах бол энд дарж татаж авна уу

ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠰᠤᠷ ᠤᠨ ᠲᠠᠯᠠᠪᠠᠢ ᠳᠤ ᠵᠣᠴᠢᠯᠠᠵᠤ᠂ ᠳᠠᠭᠤᠲᠤ ᠰᠤᠮᠤ ᠬᠠᠷᠪᠤᠯ᠎ᠠ

ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠦᠨᠳᠦᠰᠦᠨ ᠦ ᠶᠡᠬᠡ ᠪᠠᠶᠠᠷ ᠨᠠᠭᠠᠳᠤᠮ ᠢ ᠨᠡᠭᠡᠭᠡᠵᠦ ᠦᠭᠡ ᠬᠡᠯᠡᠭᠰᠡᠨ ᠦ ᠪᠡᠨ ᠳᠠᠷᠠᠭ᠎ᠠ ᠰᠤᠷ ᠤᠨ ᠲᠠᠯᠠᠪᠠᠢ ᠳᠤ ᠵᠣᠴᠢᠯᠠᠵᠤ᠂ ᠴᠡᠴᠡ ᠮᠡᠷᠭᠡᠨ ᠢᠶᠡᠨ ᠰᠣᠷᠢᠵᠤ ᠪᠤᠢ ᠬᠠᠷᠪᠤᠭᠠᠴᠢᠳ᠂ ᠨᠠᠭᠠᠳᠤᠮᠴᠢᠨ ᠣᠯᠠᠨ ᠲᠠᠢ ᠮᠡᠨᠳᠦᠴᠢᠯᠡᠯ᠎ᠡ᠃

ᠮᠥᠨ ᠡᠷᠲᠡᠨ ᠦ ᠰᠠᠢᠢᠬᠠᠨ ᠤᠯᠠᠮᠵᠢᠯᠠᠯ ᠤᠨ ᠳᠠᠭᠠᠭᠤ ᠳᠠᠭᠤᠲᠤ ᠰᠤᠮᠤ ᠪᠠᠷ ᠬᠠᠷᠪᠤᠵᠤ ᠮᠣᠩ᠋ᠭᠣᠯ ᠬᠠᠷᠪᠤᠭᠠᠨ ᠤ ᠠᠯᠲᠠᠨ ᠵᠢᠷᠤᠬᠠᠢ᠂ ᠡᠷᠡᠬᠡᠢ ᠮᠡᠷᠭᠡᠨ ᠬᠠᠷᠪᠤᠭᠠᠴᠢᠳ᠂ ᠨᠠᠭᠠᠳᠤᠮᠴᠢᠨ ᠣᠯᠠᠨ ᠳᠤ ᠪᠠᠨ ᠬᠦᠨᠳᠦᠳᠬᠡᠯ ᠦᠵᠡᠭᠦᠯᠪᠡ᠃

ᠡᠨᠡ ᠦᠶ᠎ᠡ ᠪᠡᠷ ᠢᠶᠡᠨ ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ 《ᠨᠠᠭᠠᠳᠤᠮᠴᠢᠨ ᠣᠯᠠᠨ ᠳᠤ ᠪᠠᠨ ᠰᠤᠷ ᠤᠨ ᠲᠠᠯᠠᠪᠠᠢ ᠠᠴᠠ ᠳᠠᠬᠢᠨ ᠮᠡᠨᠳᠦᠴᠢᠯᠡᠵᠦ ᠪᠠᠢᠢᠨ᠎ᠠ᠃ ᠨᠠᠷᠠ ᠬᠤᠷ᠎ᠠ ᠲᠡᠭᠰᠢᠷᠡᠭᠰᠡᠨ ᠰᠠᠢᠢᠬᠠᠨ ᠨᠠᠭᠠᠳᠤᠮ ᠪᠣᠯᠵᠤ ᠪᠠᠢᠢᠨ᠎ᠠ᠃ ᠤᠯᠠᠮᠵᠢᠯᠠᠯ ᠶᠣᠰᠣᠭᠠᠷ ᠰᠤᠷ ᠤᠨ ᠲᠠᠯᠠᠪᠠᠢ ᠳᠡᠭᠡᠷ᠎ᠡ ᠢᠷᠡᠵᠦ ᠰᠤᠮᠤ ᠲᠠᠯᠪᠢᠬᠤ ᠳᠤ ᠪᠠᠨ ᠶᠡᠬᠡ ᠳᠣᠭᠳᠣᠯᠤᠯ᠎ᠠ》 ᠭᠡᠰᠡᠨ ᠶᠤᠮ᠃