Та "Internet explorer"-ийн сүүлийн хувилбар болох "Microsoft edge"-г ашиглана уу

Хэрэв "Microsoft edge"-г татах бол энд дарж татаж авна уу

ᠮᠣᠩᠭᠤᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ᠂ ᠪᠦᠭᠦᠳᠡ ᠨᠠᠶᠢᠷᠠᠮᠳᠠᠬᠤ ᠰᠣᠯᠣᠩᠭᠣᠰ ᠤᠯᠤᠰ ᠤᠨ ᠶᠡᠷᠦᠩᠬᠡᠢᠢᠯᠡᠭᠴᠢ ᠮᠦᠨ ᠵᠧ ᠢᠨ ᠨᠠᠷ ᠠᠭᠤᠯᠵᠠᠪᠠ

 

ᠣᠷᠣᠰ ᠬᠣᠯᠪᠣᠭᠠᠨ ᠤ ᠤᠯᠤᠰ ᠤᠨ ᠸᠯᠠᠳᠢᠸᠤᠰᠲ᠋ᠣᠺ  ᠬᠣᠲᠠ ᠳᠤ ᠪᠣᠯᠵᠤ ᠪᠠᠶᠢᠭ᠎ᠠ ᠳᠣᠷᠣᠨ᠎ᠠ ᠶᠢᠨ ᠡᠳ᠋ ᠍ ᠦᠨ ᠵᠠᠰᠠᠭ ᠤᠨ ᠹᠣᠷᠤᠢᠮ ᠳᠤ ᠣᠷᠣᠯᠴᠠᠵᠤ ᠪᠤᠢ ᠮᠣᠩᠭ᠋ᠤᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ᠂ ᠪᠦᠭᠦᠳᠡ ᠨᠠᠶᠢᠷᠠᠮᠳᠠᠬᠤ ᠰᠣᠯᠣᠩᠭ᠋ᠣᠰ ᠤᠯᠤᠰ /ᠪᠦᠭᠦᠳᠡ ᠨᠠᠶᠢᠷᠠᠮᠳᠠᠬᠤ ᠰᠣᠯᠣᠩᠭ᠋ᠣᠰ ᠤᠯᠤᠰ/ ᠍ ᠤᠨ ᠶᠡᠷᠦᠩᠬᠡᠢᠢᠯᠡᠭᠴᠢ ᠮᠦᠨ ᠵᠧ ᠢᠨ ᠨᠠᠷ ᠥᠨᠥᠳᠥᠷ ᠠᠭᠤᠯᠵᠠᠪᠠ᠃

 

ᠠᠭᠤᠯᠵᠠᠯᠲᠠ ᠳᠤ ᠮᠣᠩᠭ᠋ᠤᠯ ᠤᠨ ᠲᠠᠯ᠎ᠠ ᠠᠴᠠ ᠵᠠᠮ ᠲᠡᠭᠡᠭᠡᠪᠦᠷᠢ ᠶᠢᠨ ᠬᠥᠭ᠍ᠵᠢᠯ ᠦᠨ ᠰᠠᠶᠢᠳ ᠳ ∙ ᠭᠠᠩᠪᠠᠲᠤ᠂ ᠮᠣᠩᠭ᠋ᠤᠯ ᠤᠯᠤᠰ ᠤᠨ ᠶᠡᠷᠦᠩᠬᠡᠶᠢᠯᠡᠭᠴᠢ ᠶᠢᠨ ᠲᠠᠮᠠᠭ᠎ᠠ ᠶᠢᠨ ᠭᠠᠵᠠᠷ ᠤᠨ ᠳᠠᠷᠤᠭ᠎ᠠ ᠵᠠ‍ ∙ ᠡᠩᠬᠡᠪᠣᠯᠤᠳ᠂ ᠭᠠᠳᠠᠭᠠᠳᠤ ᠬᠠᠷᠢᠯᠴᠠᠭᠠᠨ ᠤ ᠳᠡᠳ᠋ ᠰᠠᠶᠢᠳ ᠪ ∙ ᠪᠠᠲᠤᠴᠡᠴᠡᠭ ᠨᠠᠷ ᠤᠨ ᠠᠯᠪᠠᠨ ᠤ ᠬᠦᠮᠦᠰ ᠤᠷᠤᠯᠴᠠᠪᠠ᠃

 

ᠠᠭᠤᠯᠵᠠᠯᠲᠠ ᠶᠢᠨ ᠡᠬᠢᠨ ᠳᠦ ᠪᠦᠭᠦᠳᠡ ᠨᠠᠶᠢᠷᠠᠮᠳᠠᠬᠤ ᠰᠣᠯᠣᠩᠭ᠋ᠣᠰ ᠤᠯᠤᠰ ᠤᠨ ᠶᠡᠷᠦᠩᠬᠡᠢᠢᠯᠡᠭᠴᠢ ᠮᠦᠨ ᠵᠧ ᠢᠨ ᠮᠣᠩᠭ᠋ᠤᠯ ᠤᠯᠤᠰ ᠤᠨ ᠲᠥᠷᠥ ᠶᠢᠨ ᠲᠡᠷᠢᠭᠦᠨ ᠢᠶᠡᠷ ᠰᠣᠩᠭ᠋ᠣᠭᠳᠠᠭᠰᠠᠨ ᠳᠤ ᠨᠢ ᠮᠣᠩᠭ᠋ᠤᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠳᠤ ᠪᠠᠶᠠᠷ ᠬᠦᠷᠭᠡᠯ᠎ᠠ᠃ ᠮᠣᠩᠭ᠋ᠤᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ᠂ ᠪᠦᠭᠦᠳᠡ ᠨᠠᠶᠢᠷᠠᠮᠳᠠᠬᠤ ᠰᠣᠯᠣᠩᠭ᠋ᠣᠰ ᠤᠯᠤᠰ ᠤᠨ ᠶᠡᠷᠦᠩᠬᠡᠢᠢᠯᠡᠭᠴᠢ ᠮᠦᠨ ᠵᠧ ᠢᠨ ᠨᠠᠷ ᠬᠣᠶᠠᠭᠤᠯᠠ ᠪᠠᠨ ᠲᠥᠷᠥ ᠶᠢᠨ ᠲᠡᠷᠢᠭᠦᠨ ᠪᠣᠯᠤᠭᠠᠳ ᠤᠳᠠᠭ᠎ᠠ ᠦᠭᠡᠢ ᠪᠠᠶᠢᠭ᠎ᠠ ᠤᠴᠢᠷ ᠬᠠᠷᠢᠯᠴᠠᠨ ᠪᠡᠶ᠎ᠡ ᠪᠡᠶᠡ  ᠳᠡᠭᠡᠨ ᠪᠠᠶᠠᠷ ᠬᠦᠷᠭᠡᠭ᠍ᠰᠡᠨ ᠶᠤᠮ᠃

 

ᠪᠦᠭᠦᠳᠡ ᠨᠠᠶᠢᠷᠠᠮᠳᠠᠬᠤ ᠰᠣᠯᠣᠩᠭ᠋ᠣᠰ ᠤᠯᠤᠰ ᠤᠨ ᠶᠡᠷᠦᠩᠬᠡᠢᠢᠯᠡᠭᠴᠢ ᠮᠦᠨ ᠵᠧ ᠢᠨ ᠬᠡᠯᠡᠬᠦ ᠳᠥ ᠪᠡᠨ 《ᠮᠣᠩᠭ᠋ᠤᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠨᠢ ᠪᠢᠽᠢᠨ᠋᠋ᠧᠰ ᠦᠨ ᠰᠠᠯᠪᠤᠷᠢ ᠠᠴᠠ ᠲᠦᠷᠦᠭᠰᠡᠨ ᠤᠯᠤᠰ ᠲᠥᠷᠦᠴᠢ᠂ ᠤᠯᠤᠰ ᠤᠨ ᠶᠡᠬᠡ ᠬᠤᠷᠠᠯ ᠶᠢᠨ ᠭᠡᠰᠢᠭᠦᠨ᠂ ᠬᠣᠶᠠᠷ ᠤᠳᠠᠭ᠎ᠠ ᠰᠠᠶᠢᠳ ᠢᠶᠠᠷ ᠠᠵᠢᠯᠯᠠᠵᠤ ᠪᠠᠶᠢᠭᠰᠠᠨ ᠲᠤᠷᠰᠢᠯᠭ᠎ᠠ ᠲᠠᠢ ᠬᠦᠮᠦᠨ ᠦ ᠬᠤᠪᠢ ᠳᠤ ᠠᠵᠢᠯ ᠢᠶᠠᠨ ᠠᠮᠵᠢᠯᠲᠠ ᠲᠠᠢ ᠬᠢᠨ᠎ᠡ ᠭᠡᠵᠦ ᠢᠲᠡᠭᠡᠵᠦ ᠪᠠᠶᠢᠨ᠎ᠠ᠃ ᠢᠯᠠᠩᠭ᠋ᠤᠶ᠎ᠠ ᠠᠪᠯᠢᠭ᠎ᠠ ᠲᠠᠢ ᠲᠡᠮᠡᠴᠡᠬᠦ᠂ ᠤᠯᠤᠰ ᠣᠷᠣᠨ ᠢᠶᠠᠨ ᠬᠥᠭ᠍ᠵᠢᠭᠦᠯᠬᠦ ᠬᠦᠰᠡᠯ ᠲᠡᠢ ᠬᠦᠮᠦᠨ ᠦ ᠬᠤᠪᠢ ᠳᠤ ᠡᠨᠡ ᠲᠠᠯ᠎ᠠ ᠪᠠᠷ ᠢᠶᠠᠨ ᠪᠢᠳᠡ ᠬᠣᠶᠠᠷ ᠠᠳᠠᠯᠢᠬᠠᠨ ᠭᠡᠵᠦ ᠪᠣᠳᠣᠵᠤ ᠪᠠᠶᠢᠨ᠎ᠠ᠃

 

ᠮᠣᠩᠭ᠋ᠤᠯ ᠤᠯᠤᠰ᠂ ᠪᠦᠭᠦᠳᠡ ᠨᠠᠶᠢᠷᠠᠮᠳᠠᠬᠤ ᠰᠣᠯᠣᠩᠭ᠋ᠣᠰ ᠤᠯᠤᠰ ᠶᠢᠨ ᠬᠣᠭᠣᠷᠣᠨᠳᠣ ᠬᠡᠯᠡ᠂ ᠲᠡᠦᠬᠡ᠂ ᠭᠠᠵᠠᠷ ᠵᠦᠢ ᠶᠢᠨ ᠬᠤᠪᠢ ᠳᠤ ᠢᠵᠢᠯ ᠲᠥᠰᠲᠡᠢ ᠵᠦᠢᠯᠡᠰ ᠪᠠᠶᠢᠳᠠᠭ ᠤᠴᠢᠷ ᠠᠴᠠ ᠠᠬ᠎ᠠ ᠳᠡᠭᠦᠰ ᠭᠡᠵᠦ ᠪᠣᠳᠣᠳᠠᠭ᠃ ᠮᠣᠩᠭ᠋ᠤᠯ ᠠᠴᠠ ᠣᠯᠠᠨ ᠬᠦᠮᠦᠨ ᠪᠦᠭᠦᠳᠡ ᠨᠠᠶᠢᠷᠠᠮᠳᠠᠬᠤ ᠰᠣᠯᠣᠩᠭ᠋ᠣᠰ ᠤᠯᠤᠰ ᠳᠦ ᠠᠵᠢᠯᠯᠠᠵᠤ᠂ᠠᠮᠢᠳᠤᠷᠠᠵᠤ ᠰᠣᠯᠣᠩᠭᠣᠰ ᠤᠨ ᠡᠳ᠋ ᠍ ᠦᠨ ᠵᠠᠰᠠᠭ ᠲᠤ ᠬᠤᠪᠢ ᠨᠡᠮᠡᠷᠢ ᠪᠡᠨ ᠣᠷᠣᠭᠤᠯᠵᠤ ᠪᠠᠶᠢᠭ᠎ᠠ᠃

 

ᠪᠢᠳᠡᠨ ᠦ ᠠᠭᠤᠯᠵᠠᠯᠲᠠ ᠬᠣᠶᠠᠷ ᠣᠷᠣᠨ ᠤ ᠬᠠᠷᠢᠯᠴᠠᠭ᠎ᠠ ᠶᠢ ᠤᠯᠠᠮ ᠬᠥᠭ᠍ᠵᠢᠭᠦᠯᠬᠦ ᠰᠠᠶᠢᠬᠠᠨ ᠠᠭᠤᠯᠵᠠᠯᠲᠠ ᠪᠣᠯᠤᠭᠠᠰᠠᠢ ᠭᠡᠵᠦ ᠬᠦᠰᠴᠢ ᠪᠠᠶᠢᠨ᠎ᠠ》 ᠭᠡᠯ᠎ᠡ᠃

 

ᠮᠣᠩᠭ᠋ᠤᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠪᠦᠭᠦᠳᠡ ᠨᠠᠶᠢᠷᠠᠮᠳᠠᠬᠤ ᠰᠣᠯᠣᠩᠭ᠋ᠣᠰ ᠤᠯᠤᠰ ᠢ ᠠᠰᠤᠷᠤ ᠪᠣᠭᠣᠨᠢ ᠬᠤᠭᠤᠴᠠᠭᠠᠨ ᠳᠤ ᠦᠰᠦᠷᠦᠩᠭᠦᠢ ᠬᠥᠭ᠍ᠵᠢᠯ ᠳᠥ ᠬᠦᠷᠭᠡᠭ᠍ᠰᠡᠨ ᠤᠳᠤᠷᠢᠳᠤᠭᠴᠢᠳ ᠤᠨ ᠲᠡᠦᠬᠡ ᠶᠢ ᠰᠣᠨᠢᠷᠬᠠᠨ ᠰᠤᠳᠤᠯᠤᠭᠰᠠᠨ ᠲᠠᠯ᠎ᠠ ᠪᠠᠷ ᠢᠶᠠᠨ ᠳᠤᠷᠠᠳᠴᠤ᠂ ᠲᠤᠰ ᠤᠯᠤᠰ ᠤᠨ ᠶᠡᠷᠦᠩᠬᠡᠶᠢᠯᠡᠭᠴᠢ ᠲᠡᠢ ᠠᠩᠬ᠎ᠠ ᠤᠳᠠᠭ᠎ᠠ ᠠᠭᠤᠯᠵᠠᠵᠤ ᠪᠠᠶᠢᠭ᠎ᠠ ᠬᠡᠳᠦᠢ ᠴᠤ ᠴᠢᠨᠠᠭᠰᠢᠳᠠ ᠨᠢᠭᠲᠠ ᠬᠠᠮᠲᠤᠷᠠᠨ ᠠᠵᠢᠯᠯᠠᠵᠤ᠂ ᠬᠣᠶᠠᠷ ᠣᠷᠣᠨ ᠤ ᠨᠠᠶᠢᠷᠰᠠᠭ ᠬᠠᠮᠲᠤ ᠶᠢᠨ ᠠᠵᠢᠯᠯᠠᠭ᠎ᠠ ᠶᠢ ᠢᠯᠡᠭᠦᠦ ᠠᠮᠵᠢᠯᠲᠠᠲᠠᠢ ᠬᠥᠭᠵᠢᠭᠦᠯᠵᠦ ᠴᠢᠳᠠᠨ᠎ᠠ ᠭᠡᠵᠦ ᠨᠠᠶᠢᠳᠠᠵᠤ ᠪᠠᠶᠢᠭ᠎ᠠ ᠪᠠᠨ ᠢᠯᠡᠷᠬᠡᠶᠢᠯᠡᠪᠡ᠃

 

ᠮᠣᠩᠭ᠋ᠤᠯ ᠤᠯᠤᠰ ᠤᠨ ᠶᠡᠷᠦᠩᠬᠡᠶᠢᠯᠡᠭᠴᠢ ᠶᠢᠨ ᠵᠦᠭ ᠡᠴᠡ ᠪᠦᠭᠦᠳᠡ ᠨᠠᠶᠢᠷᠠᠮᠳᠠᠬᠤ ᠰᠣᠯᠣᠩᠭ᠋ᠣᠰ ᠤᠯᠤᠰ ᠲᠤ ᠠᠵᠢᠯᠯᠠᠵᠤ ᠠᠮᠢᠳᠤᠷᠠᠵᠤ ᠪᠠᠶᠢᠭ᠎ᠠ ᠮᠣᠩᠭ᠋ᠤᠯ ᠤᠯᠤᠰ ᠤᠨ ᠢᠷᠭᠡᠳ ᠦᠨ ᠲᠠᠯ᠎ᠠ ᠪᠠᠷ ᠪᠠᠷᠢᠮᠲᠠᠯᠠᠬᠤ ᠪᠣᠳᠣᠯᠭ᠎ᠠ ᠳᠤ ᠪᠠᠨ ᠤᠶᠠᠨ ᠬᠠᠲᠠᠨ ᠬᠠᠨᠳᠤᠬᠤ ᠶᠢ ᠬᠦᠰᠡᠭᠡᠳ ᠤᠯᠤᠰ ᠣᠷᠣᠨ ᠮᠠᠨᠢ ᠬᠥᠭ᠍ᠵᠢᠵᠦ ᠮᠣᠩᠭ᠋ᠤᠯᠴᠤᠳ ᠲᠤᠰ ᠤᠯᠤᠰ ᠲᠤ ᠠᠵᠢᠯᠯᠠᠬᠤ ᠭᠡᠵᠦ ᠪᠢᠰᠢ ᠵᠢᠭᠤᠯᠴᠢᠯᠠᠵᠤ ᠣᠴᠢᠳᠠᠭ ᠪᠣᠯᠬᠤ ᠴᠠᠭ ᠣᠶᠢᠷᠠᠬᠠᠨ ᠪᠠᠶᠢᠭ᠎ᠠ ᠭᠡᠵᠦ ᠪᠣᠳᠣᠳᠠᠭ ᠢᠶᠠᠨ ᠬᠡᠯᠡᠯ᠎ᠡ᠃ ᠮᠥᠨ ᠮᠣᠩᠭ᠋ᠤᠯ ᠤᠯᠤᠰ ᠤᠨ ᠢᠷᠭᠡᠳ ᠪᠦᠭᠦᠳᠡ ᠨᠠᠶᠢᠷᠠᠮᠳᠠᠬᠤ ᠰᠣᠯᠣᠩᠭ᠋ᠣᠰ ᠤᠯᠤᠰ ᠲᠤ ᠵᠣᠷᠴᠢᠬᠤ ᠪᠣᠯᠤᠮᠵᠢ ᠶᠢ ᠢᠯᠡᠭᠦᠦ ᠨᠡᠭᠡᠭᠡᠯᠲᠡ ᠲᠡᠢ ᠪᠣᠯᠭᠠᠵᠤ᠂ ᠸᠢᠰ ᠦᠭᠡᠢ ᠶᠢᠨ ᠬᠡᠯᠡᠯᠴᠡᠭᠡᠷ ᠲᠦ ᠠᠩᠬᠠᠷᠤᠯ ᠬᠠᠨᠳᠤᠭᠤᠯᠬᠤ ᠶᠢ ᠬᠦᠰᠡᠪᠡ᠃

 

ᠪᠦᠭᠦᠳᠡ ᠨᠠᠶᠢᠷᠠᠮᠳᠠᠬᠤ ᠰᠣᠯᠣᠩᠭ᠋ᠣᠰ ᠤᠯᠤᠰ ᠤᠨ ᠶᠡᠷᠦᠩᠬᠡᠢᠢᠯᠡᠭᠴᠢ ᠮᠦᠨ ᠵᠧ ᠢᠨ ᠸᠢᠰ ᠦᠭᠡᠢ ᠶᠢᠨ ᠬᠡᠯᠡᠯᠴᠡᠭᠡᠷ ᠲᠥ ᠠᠩᠬᠠᠷᠤᠯ ᠬᠠᠨᠳᠤᠭᠤᠯᠬᠤ ᠪᠣᠯᠤᠨ ᠲᠤᠰ ᠤᠯᠤᠰ ᠲᠤ ᠠᠵᠢᠯᠯᠠᠵᠤ ᠠᠮᠢᠳᠤᠷᠠᠵᠤ ᠪᠠᠶᠢᠭ᠎ᠠ ᠮᠣᠩᠭ᠋ᠤᠯᠴᠤᠳ ᠤᠨ ᠲᠠᠯ᠎ᠠ ᠪᠠᠷ ᠪᠠᠷᠢᠮᠲᠠᠯᠠᠬᠤ ᠪᠣᠳᠣᠯᠭ᠎ᠠ ᠳᠤ ᠪᠠᠨ ᠠᠩᠬᠠᠷᠤᠨ᠎ᠠ ᠬᠡᠮᠡᠨ ᠠᠮᠠᠯᠠᠪᠠ᠃ ᠮᠥᠨ ᠵᠡᠭᠦᠨ ᠬᠣᠶᠢᠳᠤ ᠠᠽᠢᠶ᠎ᠠ ᠲᠡᠭᠦᠨ ᠦ ᠳᠣᠲᠣᠷ᠎ᠠ ᠰᠣᠯᠣᠩᠭ᠋ᠣᠰ ᠤᠨ ᠬᠣᠶᠢᠭ ᠤᠨ ᠠᠶᠤᠯ ᠦᠭᠡᠢ ᠪᠠᠶᠢᠳᠠᠯ ᠢ ᠰᠠᠬᠢᠨ ᠬᠠᠮᠠᠭᠠᠯᠠᠬᠤ᠂ ᠪᠥᠰᠡ ᠨᠤᠲᠤᠭ ᠤᠨ ᠡᠳ᠋ ᠍ ᠦᠨ ᠵᠠᠰᠠᠭ ᠤᠨ ᠬᠠᠮᠲᠤ ᠶᠢᠨ ᠠᠵᠢᠯᠯᠠᠭ᠎ᠠ ᠶᠢ ᠥᠷᠭᠡᠵᠢᠭᠦᠯᠬᠦ ᠲᠠᠯ᠎ᠠ ᠪᠠᠷ ᠶᠠᠷᠢᠯᠴᠠᠵᠤ ᠮᠣᠩᠭ᠋ᠤᠯ ᠤᠨ ᠲᠠᠯ᠎ᠠ ᠶᠢᠨ ᠤᠯᠠᠭᠠᠨᠪᠠᠭᠠᠲᠤᠷ ᠤᠨ ᠶᠠᠷᠢᠶ᠎ᠠ ᠬᠡᠯᠡᠯᠴᠡᠭᠡ ᠰᠠᠨᠠᠭᠠᠴᠢᠯᠠᠭ᠎ᠠ ᠪᠣᠯᠤᠨ ᠲᠦᠮᠡᠨ ᠭᠣᠣᠯ ᠤᠨ ᠲᠥᠰᠥᠯ ᠵᠡᠷᠭᠡ ᠲᠥᠰᠥᠯ ᠬᠥᠲᠥᠯᠪᠦᠷᠢ ᠨᠦᠭᠦᠳ ᠢ ᠡᠷᠴᠢᠮᠵᠢᠭᠦᠯᠬᠦ ᠪᠡᠷ ᠶᠠᠷᠢᠯᠴᠠᠪᠠ᠃

 

ᠬᠣᠶᠠᠷ ᠣᠷᠣᠨ ᠤ ᠶᠡᠷᠦᠩᠬᠡᠢᠢᠯᠡᠭᠴᠢ ᠪᠦᠬᠦᠢ ᠯᠠ ᠰᠠᠯᠪᠤᠷᠢ ᠳᠤ ᠬᠠᠮᠲᠤ ᠶᠢᠨ ᠠᠵᠢᠯᠯᠠᠭ᠎ᠠ ᠪᠠᠨ ᠥᠷᠭᠡᠵᠢᠭᠦᠯᠦᠨ ᠬᠥᠭᠵᠢᠭᠦᠯᠬᠦ ᠳᠦ ᠰᠠᠨᠠᠯ ᠨᠢᠭᠡᠲᠡᠢ ᠪᠠᠶᠢᠭ᠎ᠠ ᠪᠠᠨ ᠢᠯᠡᠷᠬᠡᠶᠢᠯᠡᠭᠡᠳ ᠪᠡᠶ᠎ᠡ ᠪᠡᠶ᠎ᠡ ᠪᠡᠨ ᠲᠤᠩ ᠤᠳᠤᠬᠤ ᠦᠭᠡᠢ ᠬᠠᠷᠢᠯᠴᠠᠨ ᠠᠶᠢᠯᠴᠢᠯᠠᠯ ᠬᠢᠬᠦ ᠶᠢ ᠤᠷᠢᠯ᠎ᠠ᠃