Та "Internet explorer"-ийн сүүлийн хувилбар болох "Microsoft edge"-г ашиглана уу

Хэрэв "Microsoft edge"-г татах бол энд дарж татаж авна уу

ᠤᠶᠠᠭᠠᠴᠢᠳ ᠲᠤ ᠮᠣᠩᠭᠣᠯ ᠤᠯᠤᠰ ᠤᠨ ᠴᠣᠯᠠ ᠬᠦᠷᠲᠡᠭᠡᠪᠡ

ᠦᠨᠳᠦᠰᠦᠨ ᠦ ᠶᠡᠬᠡ ᠪᠠᠶᠠᠷ ᠨᠠᠭᠠᠳᠤᠮ ᠢ ᠵᠣᠬᠢᠶᠠᠨ ᠪᠠᠢᠢᠭᠤᠯᠬᠤ ᠺᠣᠮᠢᠰ ᠠᠴᠠ ᠦᠨᠳᠦᠰᠦᠨ ᠦ ᠶᠡᠬᠡ ᠪᠠᠶᠠᠷ ᠨᠠᠭᠠᠳᠤᠮ ᠤᠨ ᠲᠤᠬᠠᠢ ᠬᠠᠤᠯᠢ ᠳᠤ ᠵᠢᠭᠠᠭᠰᠠᠨ ᠪᠣᠯᠵᠣᠯ ᠬᠠᠩᠭ᠋ᠠᠭᠰᠠᠨ ᠤᠶᠠᠭᠠᠴᠢᠳ ᠲᠤ ᠴᠣᠯᠠ ᠬᠦᠷᠲᠡᠭᠡᠬᠦ ᠪᠡᠷ ᠡᠷᠭᠦᠨ ᠮᠡᠳᠡᠭᠦᠯᠦᠭᠰᠡᠨ ᠰᠠᠨᠠᠯ ᠢ ᠦᠨᠳᠦᠰᠦᠯᠡᠨ ᠮᠣᠩᠭ᠋ᠣᠯ  ᠤᠯᠤᠰ ᠤᠨ ᠶᠡᠷᠦᠩᠬᠡᠢᠢᠯᠡᠭᠴᠢ ᠬᠠ‍᠂ᠪᠠᠲᠤᠲᠤᠯᠭ᠎ᠠ 17 ᠳᠤᠭᠠᠷ ᠵᠢᠷᠠᠨ ᠤ 《ᠲᠡᠢᠢᠨ ᠤᠨᠵᠢᠯᠭᠠᠳᠤ》 ᠬᠡᠮᠡᠬᠦ ᠰᠢᠷᠤᠢ ᠨᠣᠬᠠᠢ ᠵᠢᠯ ᠦᠨ ᠰᠠᠷ᠎ᠠ ᠰᠢᠨ᠎ᠡ ᠢᠢᠨ ᠪᠠᠶᠠᠷ ᠤᠨ ᠪᠣᠱᠤᠭᠠᠤᠨ ᠳᠡᠭᠡᠷ᠎ᠡ ᠵᠠᠷᠯᠢᠭ ᠭᠠᠷᠭᠠᠵᠤ ᠣᠯᠠᠨ ᠵᠢᠯ ᠬᠤᠷᠳᠤᠨ ᠮᠣᠷᠢᠨ ᠤ ᠤᠶᠠᠭ᠎ᠠ ᠰᠣᠢᠢᠯᠭ᠎ᠠ ᠲᠠᠭᠠᠷᠠᠭᠤᠯᠵᠤ ᠤᠯᠤᠰ ᠤᠨ ᠬᠡᠮᠵᠢᠶᠡᠨ ᠦ ᠨᠠᠭᠠᠳᠤᠮ ᠤᠳ ᠠᠴᠠ ᠲᠦᠷᠦᠭᠦᠦ᠂ ᠠᠢᠢᠷᠠᠭ ᠠᠪᠤᠭᠰᠠᠨ ᠨᠡᠷ᠎ᠡ ᠪᠦᠬᠦᠢ ᠤᠶᠠᠭᠠᠴᠢᠳ ᠲᠤ ᠤᠯᠤᠰ ᠤᠨ ᠴᠣᠯᠠ ᠬᠦᠷᠲᠡᠭᠡᠯ ᠠ᠃

 

ᠤᠶᠠᠭᠠᠴᠢᠳ ᠤᠨ ᠴᠣᠯᠠ ᠢᠢ ᠥᠨᠥᠳᠥᠷ ᠲᠥᠷᠦ ᠢᠢᠨ ᠶᠢᠰᠦᠨ ᠬᠥᠯᠲᠦ ᠴᠠᠭᠠᠨ ᠲᠤᠭᠲᠤ ᠲᠠᠩᠬᠢᠮ ᠳᠤ ᠮᠣᠩᠭ᠋ᠣᠯ  ᠤᠯᠤᠰ ᠤᠨ ᠶᠡᠷᠦᠩᠬᠡᠢᠢᠯᠡᠭᠴᠢ ᠬᠠ‍᠂ᠪᠠᠲᠤᠲᠤᠯᠭ᠎ᠠ ᠭᠠᠷᠳᠠᠭᠤᠯᠵᠤ ᠦᠭ᠍ᠪᠡ᠃

 

ᠱᠠᠩᠨᠠᠯ ᠭᠠᠷᠳᠠᠭᠤᠯᠤᠭᠰᠠᠨ ᠤ ᠳᠠᠷᠠᠭ᠎ᠠ ᠮᠣᠩᠭ᠋ᠣᠯ  ᠤᠯᠤᠰ ᠤᠨ ᠶᠡᠷᠦᠩᠬᠡᠢᠢᠯᠡᠭᠴᠢ ᠬᠠ‍᠂ᠪᠠᠲᠤᠲᠤᠯᠭ᠎ᠠ ᠤᠯᠤᠰ ᠤᠨ ᠴᠣᠯᠠ ᠬᠦᠷᠲᠡᠭᠰᠡᠨ ᠤᠶᠠᠭᠠᠴᠢᠳ ᠲᠤ ᠬᠠᠨᠳᠤᠵᠤ᠄

 

《ᠲᠡᠦᠬᠡ ᠰᠣᠶᠣᠯ ᠤᠨ ᠢᠶᠠᠨ ᠶᠡᠬᠡ ᠥᠪ ᠢ ᠬᠠᠳᠠᠭᠠᠯᠠᠵᠤ ᠬᠥᠭ᠍ᠵᠢᠭᠦᠯᠵᠦ ᠶᠠᠪᠤᠭ᠎ᠠ ᠨᠡᠢᠢᠲᠡ ᠤᠶᠠᠭᠠᠴᠢᠳ ᠲᠤ ᠪᠠᠨ ᠰᠠᠷ᠎ᠠ ᠰᠢᠨ᠎ᠡ ᠢᠢᠨ ᠮᠡᠨᠳᠦ ᠳᠡᠪᠰᠢᠭᠦᠯᠦᠶ᠎ᠡ᠃

 

ᠦᠨᠳᠦᠰᠦᠨ ᠦ ᠪᠠᠶᠠᠷ ᠨᠠᠭᠠᠳᠤᠮ ᠤᠨ ᠲᠤᠬᠠᠢ ᠬᠠᠤᠯᠢ ᠢᠢᠨ ᠳᠠᠭᠠᠭᠤ ᠪᠠᠶᠠᠷ ᠨᠠᠭᠠᠳᠤᠮ ᠢ ᠵᠣᠬᠢᠶᠠᠨ ᠪᠠᠢᠢᠭᠤᠯᠬᠤ ᠬᠣᠷᠢᠶᠠᠨ ᠤ ᠰᠠᠨᠠᠯ ᠢ ᠦᠨᠳᠦᠰᠦᠯᠡᠨ᠂ ᠮᠣᠩᠭ᠋ᠣᠯ  ᠤᠯᠤᠰ ᠤᠨ ᠶᠡᠷᠦᠩᠬᠡᠢᠢᠯᠡᠭᠴᠢ ᠵᠢᠯ ᠪᠦᠷᠢ ᠢᠢᠨ ᠴᠠᠭᠠᠨ ᠰᠠᠷ᠎ᠠ ᠢᠢᠨ ᠪᠠᠶᠠᠷ ᠢᠶᠠᠷ ᠤᠶᠠᠭᠠᠴᠢᠳ ᠲᠤ ᠤᠯᠤᠰ ᠤᠨ ᠴᠣᠯᠠ ᠣᠯᠭᠤᠳᠠᠭ᠃ ᠣᠳᠴᠤ ᠪᠤᠢ ᠲᠠᠬᠢᠶ᠎ᠠ ᠵᠢᠯ ᠳᠥ ᠤᠯᠤᠰ᠂ ᠪᠥᠰᠡ ᠢᠢᠨ ᠤᠷᠤᠯᠳᠤᠭᠠᠨ ᠳᠤ ᠤᠶᠠᠭᠰᠠᠨ ᠮᠣᠷᠢᠳ ᠢᠶᠠᠨ ᠲᠦᠷᠦᠭᠦᠯᠭᠡᠵᠦ᠂ ᠠᠢᠢᠷᠠᠭᠳᠠᠭᠤᠯᠤᠨ ᠤᠯᠤᠰ ᠤᠨ ᠴᠣᠯᠠᠨ ᠤ ᠪᠣᠯᠵᠣᠯ ᠬᠠᠩᠭ᠋ᠠᠭᠰᠠᠨ ᠤᠶᠠᠭᠠᠴᠢᠳ ᠲᠤ ᠴᠣᠯᠠ ᠢᠢ ᠨᠢ ᠭᠠᠷᠳᠠᠭᠤᠯᠵᠤ ᠥᠭ᠍ᠭᠦᠯ᠎ᠡ᠃

 

ᠤᠶᠠᠭᠠᠴᠢ ᠢᠢᠨ ᠡᠷᠳᠡᠮ᠂ ᠠᠳᠤᠭᠤᠨ ᠤ ᠬᠡᠢᠢᠮᠣᠷᠢ ᠪᠠᠷ ᠮᠣᠩᠭ᠋ᠣᠯ  ᠲᠦᠮᠡᠨ ᠢᠶᠡᠨ ᠪᠠᠶᠠᠰᠬᠠᠵᠤ᠂ ᠲᠥᠷᠥ ᠢᠢᠨ ᠢᠶᠡᠨ ᠴᠣᠯᠠ ᠪᠠᠷ ᠠᠯᠳᠠᠷ ᠢᠶᠠᠨ ᠮᠢᠯᠢᠶᠠᠭᠰᠠᠨ ᠲᠠ ᠪᠦᠬᠦᠨ ᠳᠥ ᠪᠠᠶᠠᠷ ᠬᠦᠷᠭᠡᠶ᠎ᠡ᠃

 

ᠳᠡᠯᠡᠬᠡᠢ ᠢᠢᠨ ᠲᠠᠯ᠎ᠠ ᠢᠢ ᠡᠵᠡᠯᠡᠭᠰᠡᠨ ᠮᠣᠩᠭ᠋ᠣᠯᠴᠤᠳ ᠤᠨ ᠶᠡᠬᠡ ᠲᠡᠦᠬᠡ ᠮᠣᠷᠢᠨ ᠲᠤᠭᠤᠷᠠᠢ ᠪᠠᠷ ᠲᠠᠮᠠᠭᠠᠯᠠᠭᠳᠠᠭᠰᠠᠨ ᠪᠠᠢᠢᠳᠠᠭ᠃ ᠬᠤᠪᠢᠯᠠᠢ ᠰᠡᠴᠡᠨ ᠬᠠᠭᠠᠨ 755 ᠵᠢᠯ ᠦᠨ ᠲᠡᠷᠲᠡᠭᠡ᠂ 1263 ᠣᠨ ᠳᠤ ᠠᠳᠤᠭᠤᠨ ᠰᠦᠷᠦᠭ ᠢ ᠳᠡᠭᠡᠳᠦ ᠢᠢᠨ ᠰᠦᠷᠦᠭ ᠬᠡᠮᠡᠭᠡᠳ ᠠᠳᠤᠭᠤᠨ ᠤ ᠶᠠᠮᠤ ᠪᠠᠢᠢᠭᠤᠯᠤᠨ᠂ ᠲᠥᠷᠥ ᠢᠢᠨ ᠪᠣᠳᠣᠯᠭ᠎ᠠ ᠢᠢᠨ ᠲᠥᠪ ᠲᠥ ᠪᠠᠢᠢᠯᠭᠠᠵᠤ ᠪᠠᠢᠢᠭᠰᠠᠨ ᠨᠢ ᠮᠣᠩᠭ᠋ᠣᠯ  ᠤᠨ ᠴᠡᠷᠢᠭ ᠠᠷᠮᠢ ᠬᠦᠴᠦᠷᠬᠡᠭ᠌ ᠪᠠᠢᠢᠬᠤ ᠢᠢᠨ ᠦᠨᠳᠦᠰᠦ ᠪᠣᠯᠵᠤ ᠪᠠᠢᠢᠭᠰᠠᠨ᠃ 2013 ᠣᠨ ᠳᠤ ᠠᠳᠤᠭᠤᠨ ᠤ ᠶᠠᠮᠤᠨ ᠤ 750 ᠵᠢᠯ ᠦᠨ ᠣᠢ ᠢᠢ ᠲᠣᠬᠢᠶᠠᠯᠳᠤᠭᠤᠯᠤᠨ ᠳᠡᠯᠡᠬᠡᠢ ᠢᠢᠨ ᠳᠡᠭᠡᠳᠦ ᠠᠮᠵᠢᠯᠲᠠ ᠢᠢᠨ ᠭᠢᠨ᠋᠊ᠨᠧᠰ ᠦᠨ ᠨᠣᠮ ᠳᠤ ᠪᠦᠷᠢᠳᠬᠡᠭᠦᠯᠦᠭᠰᠡᠨ 11᠂000 ᠮᠣᠷᠢᠲᠠᠨ ᠤ ᠵᠢᠭ᠌ᠰᠠᠭᠠᠯ᠂ 4200 ᠭᠠᠷᠤᠢ ᠬᠤᠷᠳᠤᠨ ᠮᠣᠷᠢᠨ ᠤ ᠤᠷᠤᠯᠳᠤᠭᠠᠨ ᠪᠣᠯ ᠮᠣᠷᠢᠲᠠᠨ ᠮᠣᠩᠭ᠋ᠣᠯᠴᠤᠳ ᠤᠨ ᠪᠠᠬᠠᠷᠬᠠᠯ ᠢ ᠪᠠᠳᠠᠷᠠᠭᠠᠵᠤ᠂ ᠦᠨᠳᠦᠰᠦᠨ ᠦ ᠰᠤᠶᠤᠯ ᠢ ᠮᠠᠨᠳᠤᠭᠤᠯᠤᠭᠰᠠᠨ ᠣᠨᠴᠠᠭᠠᠢ ᠦᠢᠯᠡ ᠶᠠᠪᠤᠳᠠᠯ ᠪᠣᠯᠤᠭᠰᠠᠨ ᠶᠤᠮ᠃

 

ᠬᠤᠷᠳᠤᠨ ᠮᠣᠷᠢᠨ ᠤ ᠤᠷᠤᠯᠳᠤᠭᠠᠨ ᠳᠤ ᠰᠡᠳᠬᠢᠯ ᠨᠢ ᠰᠡᠷᠭᠦᠳᠡᠭ ᠦᠭᠡᠢ᠂ ᠪᠠᠬᠠᠷᠬᠠᠵᠤ ᠣᠭᠰᠢᠳᠠᠭ ᠦᠭᠡᠢ ᠮᠣᠩᠭ᠋ᠣᠯ  ᠬᠦᠮᠦᠨ ᠭᠡᠵᠦ ᠪᠠᠢᠢᠳᠠᠭ ᠦᠭᠡᠢ᠃ ᠲᠠ ᠪᠦᠬᠦᠨ ᠦ ᠬᠥᠳᠡᠯᠮᠦᠷᠢ ᠪᠣᠯ ᠠᠳᠤᠭᠤᠨ ᠤ ᠰᠣᠶᠣᠯ ᠢ ᠴᠣᠭᠴᠠ ᠪᠠᠷ ᠨᠢ ᠠᠭᠤᠯᠠᠭᠰᠠᠨ ᠰᠣᠩᠭ᠋ᠣᠳᠠᠭ ᠵᠢᠱᠢᠶ᠎ᠡ᠃ ᠪᠥᠷᠢᠨ ᠡᠷᠬᠡᠲᠦ᠂ ᠲᠤᠰᠠᠭᠠᠷ ᠮᠣᠩᠭ᠋ᠣᠯ  ᠤᠯᠤᠰ ᠪᠠᠢᠢᠭ᠎ᠠ ᠴᠠᠭ ᠲᠤ ᠦᠨᠳᠦᠰᠦᠨ ᠦ ᠶᠡᠬᠡ ᠪᠠᠶᠠᠷ ᠨᠠᠭᠠᠳᠤᠮ ᠮᠠᠨᠢ ᠮᠥᠩᠬᠡ ᠣᠷᠣᠰᠢᠵᠤ᠂ ᠡᠷᠳᠡᠮᠲᠦ ᠤᠶᠠᠭᠠᠴᠢᠳ ᠮᠠᠨᠢ ᠲᠥᠷᠦ ᠢᠢᠨ ᠨᠠᠭᠠᠳᠤᠮ ᠳᠤ ᠪᠠᠨ ᠠᠵᠢᠨᠠᠢ ᠮᠣᠩᠭ᠋ᠣᠯ  ᠮᠣᠷᠢᠳ ᠢᠶᠠᠨ ᠤᠶᠠᠵᠤ ᠤᠷᠤᠯᠳᠤᠭᠤᠯᠵᠤ᠂ ᠲᠦᠮᠡᠨ ᠣᠯᠠᠨ ᠢᠶᠠᠨ ᠴᠢᠩᠭᠢᠭᠦᠯᠦᠭᠰᠡᠭᠡᠷ ᠪᠠᠢᠢᠬᠤ ᠪᠣᠯᠤᠨ᠎ᠠ᠃

 

ᠮᠣᠷᠢᠨ ᠡᠷᠳᠡᠨᠢ ᠢᠢᠡᠨ ᠳᠡᠭᠡᠳᠦᠯᠡᠭᠰᠡᠨ ᠤᠶᠠᠭᠠᠴᠢᠳ ᠲᠤ ᠮᠠᠨᠢ ᠢᠪᠡᠭᠡᠯ ᠥᠯᠵᠡᠢ ᠪᠡᠨ ᠬᠠᠢᠢᠷᠠᠯᠠᠬᠤ ᠨᠣᠬᠠᠢ ᠵᠢᠯ ᠭᠠᠷᠴᠤ ᠪᠠᠢᠢᠨ᠎ᠠ᠃

 

ᠲᠠ ᠪᠦᠬᠦᠨ ᠢ᠂ ᠮᠣᠩᠭ᠋ᠣᠯ  ᠤᠨ ᠠᠷᠠᠳ ᠲᠦᠮᠡᠨ ᠢ ᠠᠳᠤᠭᠤᠨ ᠤ ᠰᠦᠯᠳᠡ ᠬᠡᠢᠢᠮᠣᠷᠢ᠂ ᠪᠤᠶᠠᠨ ᠬᠡᠰᠢᠭ᠌ ᠥᠨᠢᠳᠡ ᠢᠪᠡᠭᠡᠬᠦ ᠪᠣᠯᠲᠤᠭᠠᠢ᠃

 

ᠰᠠᠷ᠎ᠠ ᠰᠢᠨ᠎ᠡ ᠳᠥ ᠪᠡᠨ ᠰᠠᠢᠢᠬᠠᠨ ᠰᠢᠨᠡᠯᠡᠭᠡᠷᠡᠢ》 ᠭᠡᠯ᠎ᠡ᠃