Та "Internet explorer"-ийн сүүлийн хувилбар болох "Microsoft edge"-г ашиглана уу

Хэрэв "Microsoft edge"-г татах бол энд дарж татаж авна уу

ᠮᠣᠩᠭᠣᠯ ᠤᠯᠤᠰ ᠤᠨ ᠶᠡᠷᠦᠩᠬᠡᠶᠢᠯᠡᠭᠴᠢ᠂ ᠵᠡᠪᠰᠡᠭᠲᠦ ᠬᠦᠴᠦᠨ ᠦ ᠶᠡᠷᠦᠩᠬᠡᠢ ᠺᠣᠮᠠᠨ᠌ᠳ᠋ᠯᠠᠭᠴᠢ ᠬ ∙ ᠪᠠᠲᠤᠲᠤᠯᠭ᠎ᠠ ᠮᠣᠩᠭᠣᠯ ᠤᠨ ᠭᠧᠨᠧᠷᠠᠯ ᠤᠳ ᠤᠨ ᠡᠳᠦᠷ ᠲᠦ ᠵᠣᠷᠢᠭᠤᠯᠵᠤ ᠦᠭᠡ ᠬᠡᠯᠡᠯ᠎ᠡ

ᠮᠣᠩᠭ᠋ᠣᠯ ᠤᠯᠤᠰ ᠤᠨ ᠶᠡᠷᠦᠩᠬᠡᠢᠢᠯᠡᠭᠴᠢ᠂ ᠵᠡᠪᠰᠡᠭᠲᠦ ᠬᠦᠴᠦᠨ ᠦ ᠶᠡᠷᠦᠩᠬᠡᠢ ᠺᠣᠮᠠᠨ᠋ᠳᠯᠠᠭᠴᠢ ᠬ ∙ ᠪᠠᠲᠤᠲᠤᠯᠭ᠎ᠠ ᠥᠨᠥᠳᠥᠷ ᠮᠣᠩᠭ᠋ᠣᠯ ᠤᠨ ᠭᠧᠨᠧᠷᠠᠯ ᠤᠳ ᠤᠨ ᠡᠳᠦᠷ ᠲᠥ ᠵᠣᠷᠢᠭᠤᠯᠵᠤ ᠲᠥᠷᠥ ᠢᠢᠨ ᠶᠢᠰᠦᠨ ᠬᠥᠯᠲᠦ᠂ ᠴᠠᠭᠠᠨ ᠲᠤᠭ ᠲᠤ ᠲᠠᠩᠬᠢᠮ ᠳᠤ ᠭᠧᠨᠧᠷᠠᠯ ᠤᠳ ᠢ ᠬᠦᠯᠢᠶᠡᠨ ᠠᠪᠴᠤ ᠠᠭᠤᠯᠵᠠᠭᠠᠳ᠂ ᠨᠡᠢᠢᠲᠡ ᠭᠧᠨᠧᠷᠠᠯ ᠤᠳ ᠲᠤ ᠬᠠᠨᠳᠤᠨ ᠦᠭᠡ ᠬᠡᠯᠡᠯ᠎ᠡ᠃

 

ᠮᠣᠩᠭ᠋ᠣᠯ ᠤᠯᠤᠰ ᠤᠨ ᠶᠡᠷᠦᠩᠬᠡᠢᠢᠯᠡᠭᠴᠢ᠂ ᠵᠡᠪᠰᠡᠭᠲᠦ ᠬᠦᠴᠦᠨ ᠦ ᠶᠡᠷᠦᠩᠬᠡᠢ ᠺᠣᠮᠠᠨ᠋ᠳ᠋ᠯᠠᠭᠴᠢ ᠬ ∙ ᠪᠠᠲᠤᠲᠤᠯᠭ᠎ᠠ᠄

 

《ᠡᠷᠬᠢᠮ ᠭᠧᠨᠧᠷᠠᠯ ᠤᠳ ᠤᠨ ᠠᠮᠤᠷ ᠢ ᠡᠷᠢᠶ᠎ᠡ᠃

 

ᠥᠨᠥᠳᠥᠷ ᠤᠯᠠᠮᠵᠢᠯᠠᠯ ᠶᠣᠰᠣᠭᠠᠷ ᠮᠣᠩᠭ᠋ᠣᠯ ᠤᠨ ᠭᠧᠨᠧᠷᠠᠯ ᠤᠳ ᠤᠨ ᠡᠳᠦᠷ ᠪᠣᠯᠵᠤ ᠪᠠᠢᠢᠨ᠎ᠠ᠃ ᠲᠠ ᠪᠦᠬᠦᠨ ᠳᠥ ᠪᠠᠶᠠᠷ ᠤᠨ ᠮᠡᠨᠳᠦ ᠬᠦᠷᠭᠡᠵᠦ᠂ ᠠᠵᠠ ᠵᠢᠷᠭᠠᠯ ᠰᠠᠢᠢᠨ ᠰᠠᠢᠢᠬᠠᠨ ᠪᠦᠬᠦᠨ ᠢ ᠬᠦᠰᠡᠨ ᠢᠷᠦᠭᠡᠶ᠎ᠡ᠃

 

ᠠᠩᠬᠠᠨ ᠤ 11 ᠭᠧᠨᠧᠷᠠᠯ ᠴᠣᠯᠠ ᠣᠯᠭᠤᠵᠤ ᠪᠠᠢᠢᠭᠰᠠᠨ 1944 ᠣᠨ ᠤ ᠳᠥᠷᠪᠡᠳᠦᠭᠡᠷ ᠰᠠᠷ᠎ᠠ ᠢᠢᠨ 28 ᠍ ᠤ ᠡᠳᠦᠷ ᠡᠴᠡ ᠬᠣᠢᠢᠰᠢ 78 ᠵᠢᠯ ᠥᠩᠭᠡᠷᠡᠵᠡᠢ᠃ ᠮᠣᠩᠭ᠋ᠣᠯ ᠤᠯᠤᠰ ᠲᠤ ᠪᠠᠲᠤᠯᠠᠨ ᠬᠠᠮᠠᠭᠠᠯᠠᠬᠤ ᠰᠠᠯᠪᠤᠷᠢ᠂ ᠬᠢᠯᠢ ᠬᠠᠮᠠᠭᠠᠯᠠᠬᠤ᠂ ᠣᠨᠴᠠᠭᠠᠢ ᠪᠠᠢᠢᠳᠠᠯ᠂ ᠲᠠᠩᠨᠠᠭᠤᠯ᠂ ᠴᠠᠭᠳᠠᠭ᠎ᠠ᠂ ᠰᠢᠭᠦᠬᠦ ᠢᠢᠨ ᠰᠢᠢᠳᠪᠦᠷᠢ ᠭᠦᠢᠴᠡᠳᠭᠡᠬᠦ ᠪᠠᠢᠢᠭᠤᠯᠤᠯᠭ᠎ᠠ ᠢᠢᠨ ᠠᠯᠪᠠᠨ ᠬᠠᠭᠠᠭᠴᠢᠳ ᠲᠤ ᠭᠧᠨᠧᠷᠠᠯ ᠴᠣᠯᠠ ᠣᠯᠭᠤᠳᠠᠭ ᠬᠠᠤᠯᠢ ᠲᠠᠢ᠃ ᠡᠳᠡᠭᠡᠷ ᠰᠠᠯᠪᠤᠷᠢ ᠢᠢᠨ ᠠᠯᠪᠠᠨ ᠬᠠᠭᠠᠭᠴᠢᠳ ᠤᠨ ᠦᠢᠯᠡ ᠠᠵᠢᠯᠯᠠᠭ᠎ᠠ ᠢᠢ ᠤᠳᠤᠷᠢᠳᠴᠤ᠂ ᠢᠷᠭᠡᠳ ᠦᠨ ᠢᠶᠡᠨ ᠠᠮᠤᠭᠤᠯᠠᠩ ᠲᠠᠢᠢᠪᠤᠩ ᠠᠵᠤ ᠲᠥᠷᠥᠬᠦ ᠨᠥᠬᠥᠴᠡᠯ ᠢ ᠪᠦᠷᠢᠳᠦᠭᠦᠯᠬᠦ ᠳᠥ ᠮᠡᠳᠡᠯᠭᠡ ᠣᠶᠤᠨ᠂ ᠪᠡᠶ᠎ᠡ ᠰᠡᠳᠬᠢᠯ ᠢᠶᠡᠨ ᠵᠣᠷᠢᠭᠤᠯᠤᠭᠰᠠᠨ ᠭᠠᠪᠢᠶ᠎ᠠ ᠵᠢᠳᠬᠦᠯ ᠢ ᠨᠢ ᠦᠨᠡᠯᠡᠵᠦ ᠡᠨᠡ ᠴᠣᠯᠠ ᠢᠢ ᠣᠯᠭᠤᠳᠠᠭ ᠶᠤᠮ᠃ ᠭᠧᠨᠧᠷᠠᠯ ᠴᠣᠯᠠ ᠪᠣᠯ ᠨᠡᠷ᠎ᠡ ᠲᠥᠷᠥ᠂ ᠬᠦᠨᠳᠦᠯᠡᠯ᠂ ᠡᠷᠬᠢᠮ ᠴᠢᠨᠠᠷ ᠤᠨ ᠢᠯᠡᠷᠬᠡᠢᠢᠯᠡᠯ᠃ ᠲᠡᠢᠢᠮᠦ ᠡᠴᠡ ᠴᠣᠯᠠ ᠢᠢ ᠠᠪᠤᠭᠰᠠᠨ ᠬᠦᠮᠦᠨ ᠴᠣᠯᠠᠨ ᠳᠤ ᠪᠠᠨ ᠲᠡᠩᠴᠡᠵᠦ᠂ ᠴᠣᠯᠠ ᠪᠠᠨ ᠳᠠᠭᠠᠭᠠᠵᠤ ᠠᠵᠢᠯᠯᠠᠵᠤ᠂ ᠠᠮᠢᠳᠤᠷᠠᠬᠤ ᠦᠯᠢᠭᠡᠷ ᠵᠢᠱᠢᠶᠡᠴᠢ ᠪᠠᠢᠢᠬᠤ ᠶᠣᠰᠣᠲᠠᠢ᠃ ᠡᠰᠡ ᠪᠥᠭᠡᠰᠦ ᠲᠥᠷᠥ ᠢᠢᠨ ᠬᠠᠤᠯᠢ ᠢᠢᠨ ᠳᠠᠭᠠᠤ ᠴᠣᠯᠠ ᠢᠢ ᠬᠤᠷᠢᠶᠠᠬᠤ ᠴᠤ ᠵᠢᠭᠠᠯᠲᠠ ᠲᠠᠢ ᠭᠡᠳᠡᠭ ᠢ ᠪᠠᠰᠠ ᠰᠠᠨᠠᠵᠤ ᠶᠠᠪᠤᠬᠤ ᠤᠴᠢᠷᠲᠠᠢ᠃

 

ᠲᠠ ᠪᠦᠬᠦᠨ ᠳᠦ ᠳᠠᠬᠢᠨ ᠪᠠᠶᠠᠷ ᠤᠨ ᠮᠡᠨᠳᠦ ᠳᠡᠪᠰᠢᠭᠦᠯᠵᠦ᠂ ᠤᠷᠲᠤ ᠨᠠᠰᠤᠯᠠᠵᠤ ᠤᠳᠠᠭᠠᠨ ᠵᠢᠷᠭᠠᠭᠠᠷᠠᠢ ᠭᠡᠵᠦ ᠢᠷᠦᠭᠡᠶ᠎ᠡ᠃

 

ᠮᠥᠩᠬᠡ ᠲᠩᠷᠢ ᠮᠣᠩᠭ᠋ᠣᠯ ᠤᠨ ᠭᠧᠨᠧᠷᠠᠯ ᠤᠳ ᠢ ᠢᠪᠡᠭᠡᠭ᠌᠃

 

ᠪᠠᠶᠠᠷᠯᠠᠯ᠎ᠠ》 ᠭᠡᠪᠡ᠃