Та "Internet explorer"-ийн сүүлийн хувилбар болох "Microsoft edge"-г ашиглана уу

Хэрэв "Microsoft edge"-г татах бол энд дарж татаж авна уу

ᠲᠥᠷᠥ ᠶᠢᠨ ᠲᠤᠰᠬᠠᠢ ᠬᠠᠮᠠᠭᠠᠯᠠᠯᠲᠠ ᠶᠢᠨ ᠭᠠᠵᠠᠷ ᠢ ᠴᠡᠷᠢᠭ ᠦᠨ ᠭᠠᠪᠢᠶᠠᠨ ᠤ ᠤᠯᠠᠭᠠᠨ ᠲᠤᠭ ᠤᠨ ᠣᠳᠣᠨ ᠢᠶᠠᠷ ᠱᠠᠩᠨᠠᠯ᠎ᠠ

 

ᠲᠥᠷᠥ ᠢᠢᠨ ᠲᠤᠰᠬᠠᠢ ᠬᠠᠮᠠᠭᠠᠯᠠᠯᠲᠠ ᠢᠢᠨ ᠭᠠᠵᠠᠷ ᠢ ᠴᠡᠷᠢᠭ ᠦᠨ ᠭᠠᠪᠢᠶᠠᠨ ᠤ ᠤᠯᠠᠭᠠᠨ ᠲᠤᠭ ᠤᠨ ᠣᠳᠣᠨ ᠢᠶᠠᠷ ᠱᠠᠩᠨᠠᠯ᠎ᠠ

 

ᠮᠣᠩᠭ᠋ᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠢᠢᠨ ᠵᠠᠷᠯᠢᠭ ᠢᠶᠠᠷ ᠥᠨᠥᠳᠥᠷ ᠲᠥᠷᠥ ᠢᠢᠨ ᠲᠤᠰᠬᠠᠢ ᠬᠠᠮᠠᠭᠠᠯᠠᠯᠲᠠ ᠢᠢᠨ ᠭᠠᠵᠠᠷ ᠢ ᠴᠡᠷᠢᠭ ᠦᠨ ᠭᠠᠪᠢᠶᠠᠨ ᠤ ᠤᠯᠠᠭᠠᠨ ᠲᠤᠭ ᠤᠨ ᠣᠳᠣᠨ ᠢᠶᠠᠷ ᠱᠠᠩᠨᠠᠯ᠎ᠠ᠃ ᠣᠳᠣᠨ ᠢ ᠮᠣᠩᠭ᠋ᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠲᠥᠷᠥ ᠢᠢᠨ ᠲᠤᠰᠬᠠᠢ ᠬᠠᠮᠠᠭᠠᠯᠠᠯᠲᠠ ᠢᠢᠨ ᠭᠠᠵᠠᠷ ᠤᠨ ᠲᠤᠭ ᠳᠤ ᠬᠦᠨᠳᠦᠳᠬᠡᠯᠲᠡᠢ ᠪᠡᠷ ᠵᠡᠭᠦᠪᠡ᠃

 

ᠮᠣᠩᠭ᠋ᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠲᠥᠷᠥ ᠢᠢᠨ ᠲᠤᠰᠬᠠᠢ ᠬᠠᠮᠠᠭᠠᠯᠠᠯᠲᠠ ᠢᠢᠨ ᠭᠠᠵᠠᠷ ᠢ ᠴᠡᠷᠢᠭ ᠦᠨ ᠭᠠᠪᠢᠶᠠᠨ ᠤ ᠤᠯᠠᠭᠠᠨ ᠲᠤᠭ ᠤᠨ ᠣᠳᠣᠨ ᠢᠶᠠᠷ ᠱᠠᠩᠨᠠᠭᠰᠠᠨ ᠤ ᠳᠠᠷᠠᠭ᠎ᠠ ᠨᠡᠢᠢᠲᠡ ᠠᠯᠪᠠ ᠬᠠᠭᠠᠭᠴᠢᠳ ᠲᠤ ᠵᠣᠷᠢᠭᠤᠯᠵᠤ ᠦᠭᠡ ᠬᠡᠯᠡᠪᠡ᠃

 

ᠮᠣᠩᠭ᠋ᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠢᠢᠨ ᠬᠡᠯᠡᠭᠰᠡᠨ ᠦᠭᠡᠨ ᠳᠡᠭᠡᠨ᠄

 

《 ᠶᠡᠬᠡ ᠡᠵᠡᠨ ᠴᠢᠩᠭᠢᠰ ᠬᠠᠭᠠᠨ ᠤ ᠠᠯᠳᠠᠷᠲᠤ ᠰᠢᠳᠠᠷ ᠬᠡᠰᠢᠭᠲᠡᠨ ᠴᠡᠷᠢᠭ ᠦᠨ ᠠᠯᠲᠠᠨ ᠠᠷᠭᠠᠮᠵᠢ ᠢᠢ ᠪᠥᠬᠡᠯᠡᠨ᠂ ᠮᠣᠩᠭ᠋ᠣᠯ ᠲᠥᠷᠦ ᠢᠢᠨ ᠠᠶᠤᠯ ᠦᠭᠡᠢ ᠪᠠᠢᠢᠳᠠᠯ ᠢ ᠰᠠᠬᠢᠨ ᠬᠠᠮᠠᠭᠠᠯᠠᠬᠤ ᠨᠡᠩ ᠬᠠᠷᠢᠭᠤᠴᠠᠯᠭ᠎ᠠ ᠲᠠᠢ ᠡᠭᠦᠷᠭᠡ ᠢᠢ ᠨᠡᠷ᠎ᠡ ᠲᠥᠷᠦ ᠲᠡᠢ ᠪᠡᠶᠡᠯᠡᠭᠦᠯᠵᠦ ᠢᠷᠡᠭᠰᠡᠨ ᠦᠶ᠎ᠡ ᠦᠶ᠎ᠡ ᠢᠢᠨ ᠠᠵᠢᠯᠲᠠᠨ᠂ ᠪᠡᠯᠡᠳᠬᠡᠯ ᠪᠣᠯᠤᠨ ᠴᠢᠯᠦᠭᠡᠨ ᠳᠥ ᠪᠠᠢᠢᠭ᠎ᠠ ᠠᠬᠠᠮᠠᠳ ᠳᠠᠢᠢᠴᠢᠳ᠂ ᠡᠷᠬᠢᠮ ᠭᠧᠨᠧᠷᠠᠯ᠂ ᠨᠡᠢᠢᠲᠡ ᠣᠹᠢᠼᠧᠷ᠂ ᠠᠬᠠᠯᠠᠭᠴᠢ᠂ ᠠᠵᠢᠯᠲᠠᠨ᠂ ᠠᠯᠪᠠ ᠬᠠᠭᠠᠭᠴᠢᠳ ᠲᠠ ᠪᠦᠬᠦᠨ ᠳᠥ ᠲᠥᠷᠦ ᠢᠢᠨ ᠲᠤᠰᠬᠠᠢ ᠬᠠᠮᠠᠭᠠᠯᠠᠯᠲᠠ ᠢᠢᠨ ᠠᠯᠪᠠ ᠡᠭᠦᠰᠬᠡᠨ ᠪᠠᠢᠢᠭᠤᠯᠤᠭᠳᠠᠰᠤᠨ ᠤ 80 ᠵᠢᠯ ᠦᠨ ᠣᠢ ᠢᠢᠨ ᠪᠠᠶᠠᠷ ᠤᠨ ᠮᠡᠨᠳᠦ ᠢᠢ ᠳᠡᠪᠰᠢᠭᠦᠯᠦᠶ᠎ᠡ᠃

 

ᠲᠤᠰ ᠪᠠᠢᠢᠭᠤᠯᠤᠯᠭ᠎ᠠ ᠨᠢ ᠲᠥᠷᠥ ᠢᠢᠨ ᠲᠤᠰᠬᠠᠢ ᠬᠠᠮᠠᠭᠠᠯᠠᠯᠲᠠ ᠢᠢᠨ ᠲᠤᠬᠠᠢ ᠬᠠᠤᠯᠢ ᠪᠠᠷ ᠲᠣᠭᠲᠠᠭᠠᠭᠰᠠᠨ ᠲᠥᠷᠥ ᠢᠢᠨ ᠪᠠᠢᠢᠭᠤᠯᠤᠯᠭ᠎ᠠ᠂ ᠠᠯᠪᠠᠨ ᠲᠤᠰᠢᠶᠠᠯᠲᠠᠨ᠂ ᠢᠷᠭᠡᠨ ᠦ ᠠᠮᠢ ᠪᠡᠶ᠎ᠡ᠂ ᠵᠠᠷᠢᠮ ᠦᠢᠯᠡ ᠠᠵᠢᠯᠯᠠᠭ᠎ᠠ᠂ ᠣᠷᠳᠣᠨ ᠥᠷᠭᠥᠭᠡ᠂ ᠣᠷᠣᠨ ᠰᠠᠭᠤᠴᠠ᠂ ᠲᠡᠭᠡᠭᠡᠪᠦᠷᠢ ᠢᠢᠨ ᠬᠡᠷᠡᠭᠰᠡᠯ᠂ ᠪᠤᠰᠤᠳ ᠵᠦᠢᠯ ᠢ ᠬᠠᠮᠠᠭᠠᠯᠠᠬᠤ ᠳᠤ ᠴᠢᠭᠯᠡᠭᠰᠡᠨ ᠬᠠᠷᠢᠯᠴᠠᠨ ᠤᠶᠠᠯᠳᠤᠭ᠎ᠠ ᠲᠠᠢ ᠮᠡᠷᠭᠡᠵᠢᠯ ᠦᠨ ᠴᠣᠭᠴᠠᠯᠠᠪᠤᠷᠢ ᠦᠢᠯᠡ ᠠᠵᠢᠯᠯᠠᠭ᠎ᠠ ᠢᠢ ᠬᠡᠷᠡᠭᠵᠢᠭᠦᠯᠵᠦ ᠪᠠᠢᠢᠨ᠎ᠠ᠃ ᠮᠥᠨ ᠮᠣᠩᠭ᠋ᠣᠯ ᠤᠯᠤᠰ ᠲᠤ ᠠᠢᠢᠯᠴᠢᠯᠠᠵᠤ ᠪᠠᠢᠢᠭ᠎ᠠ ᠭᠠᠳᠠᠭᠠᠳᠤ ᠤᠯᠤᠰ ᠤᠨ ᠲᠥᠷᠦ᠂ ᠵᠠᠰᠠᠭ ᠤᠨ ᠲᠡᠷᠢᠭᠦᠨ᠂ ᠥᠨᠳᠦᠷ᠂ ᠳᠡᠭᠡᠳᠦ ᠬᠡᠮᠵᠢᠶᠡᠨ ᠦ ᠵᠣᠴᠢᠳ᠂ ᠮᠠᠨ ᠤ ᠣᠷᠣᠨ ᠳᠤ ᠵᠣᠬᠢᠶᠠᠭᠳᠠᠬᠤ ᠣᠯᠠᠨ ᠤᠯᠤᠰ ᠤᠨ ᠳᠡᠭᠡᠳᠦ ᠬᠡᠮᠵᠢᠶᠡᠨ ᠦ ᠠᠭᠤᠯᠵᠠᠯᠲᠠ ᠬᠡᠯᠡᠯᠴᠡᠭᠡ᠂ ᠬᠤᠷᠠᠯ ᠵᠥᠪᠯᠡᠭᠡᠨ ᠦ ᠠᠶᠤᠯ ᠦᠭᠡᠢ ᠪᠠᠢᠢᠳᠠᠯ ᠢ ᠬᠠᠩᠭ᠋ᠠᠵᠤ᠂ ᠢᠵᠢ ᠪᠥᠷᠢᠨ᠂ ᠨᠠᠢᠢᠳᠠᠪᠤᠷᠢᠲᠠᠢ᠂ ᠰᠢᠭᠤᠷᠬᠠᠢ ᠬᠠᠮᠠᠭᠠᠯᠠᠯᠲᠠ᠂ ᠦᠢᠯᠡᠴᠢᠯᠡᠭᠡ ᠢᠢ ᠦᠵᠡᠭᠦᠯᠦᠨ᠂ ᠡᠭᠦᠷᠭᠡ ᠭᠦᠢᠴᠡᠳᠭᠡᠬᠦ ᠥᠨᠳᠦᠷ ᠴᠢᠳᠠᠪᠤᠷᠢ ᠲᠠᠢ ᠪᠡᠶ᠎ᠡ ᠪᠦᠷᠢᠯᠳᠦᠬᠦᠨ ᠢ ᠪᠡᠯᠡᠳᠬᠡᠵᠦ ᠢᠷᠡᠯ᠎ᠡ᠃

 

ᠣᠷᠴᠢᠨ ᠴᠠᠭ ᠤᠨ ᠲᠥᠷᠥ ᠢᠢᠨ ᠲᠤᠰᠬᠠᠢ ᠬᠠᠮᠠᠭᠠᠯᠠᠯᠲᠠ ᠢᠢᠨ ᠠᠯᠪᠠ ᠡᠭᠦᠰᠬᠡᠨ ᠪᠠᠢᠢᠭᠤᠯᠤᠭᠳᠠᠰᠤᠨ ᠤ ᠲᠡᠦᠬᠡᠲᠦ 80 ᠵᠢᠯ ᠦᠨ ᠣᠢ ᠢᠢᠨ ᠪᠠᠶᠠᠷ ᠢ ᠲᠣᠬᠢᠶᠠᠯᠳᠤᠭᠤᠯᠤᠨ᠂ ᠮᠣᠩᠭ᠋ᠣᠯ ᠤᠯᠤᠰ ᠤᠨ ᠶᠡᠷᠦᠩᠬᠡᠢᠢᠯᠡᠭᠴᠢ ᠢᠢᠨ ᠵᠠᠷᠯᠢᠭ ᠢᠶᠠᠷ ᠲᠤᠰ ᠪᠠᠢᠢᠭᠤᠯᠤᠯᠭ᠎ᠠ ᠢᠢ ᠮᠣᠩᠭ᠋ᠣᠯ ᠤᠯᠤᠰ ᠤᠨ ᠲᠥᠷᠥ ᠢᠢᠨ ᠳᠡᠭᠡᠳᠦ ᠱᠠᠩᠨᠠᠯ – ᠴᠡᠷᠢᠭ ᠦᠨ ᠭᠠᠪᠢᠶᠠᠨ ᠤ ᠤᠯᠠᠭᠠᠨ ᠲᠤᠭ ᠤᠨ ᠣᠳᠣᠨ ᠢᠶᠠᠷ ᠱᠠᠩᠨᠠᠵᠤ ᠪᠠᠢᠢᠭ᠎ᠠ ᠳᠤ ᠪᠠᠨ ᠲᠤᠢᠢᠯ ᠤᠨ ᠪᠠᠬᠠᠷᠬᠠᠯ ᠬᠦᠨᠳᠦᠳᠬᠡᠯᠲᠡᠢ ᠬᠠᠨᠳᠤᠵᠤ ᠪᠠᠢᠢᠨ᠎ᠠ᠃ ᠡᠨᠡᠬᠦ ᠱᠠᠩᠨᠠᠯ ᠨᠢ ᠲᠥᠷᠦ ᠢᠢᠨ ᠲᠤᠭ ᠰᠦᠯᠳᠡ ᠪᠡᠨ ᠳᠡᠭᠡᠳᠦᠯᠡᠵᠦ᠂ ᠡᠬᠡ ᠣᠷᠣᠨ᠂ ᠠᠷᠠᠳ ᠲᠦᠮᠡᠨ ᠦ ᠪᠡᠨ ᠡᠮᠦᠨ᠎ᠡ ᠡᠷᠭᠦᠭ᠍ᠰᠡᠨ ᠲᠠᠩᠭ᠋ᠠᠷᠢᠭ ᠲᠤ ᠪᠠᠨ ᠦᠨᠡᠨᠴᠢ ᠪᠡᠷ ᠵᠢᠳᠬᠦᠵᠦ ᠢᠷᠡᠭᠰᠡᠨ ᠪᠠᠶᠠᠯᠢᠭ ᠤᠯᠠᠮᠵᠢᠯᠠᠯ᠂ ᠪᠠᠬᠠᠷᠬᠠᠯᠳᠤ ᠲᠡᠦᠬᠡᠨ ᠳᠥ ᠮᠣᠩᠭ᠋ᠣᠯ ᠤᠯᠤᠰ ᠤᠨ ᠲᠥᠷᠦ ᠡᠴᠡ ᠦᠵᠡᠭᠦᠯᠵᠦ ᠪᠤᠢ ᠬᠦᠨᠳᠦᠳᠬᠡᠯ᠂ ᠴᠢᠨᠠᠭᠰᠢᠳᠠ ᠢᠢᠨ ᠶᠡᠬᠡ ᠬᠦᠴᠦᠨ ᠵᠢᠳᠬᠦᠯ ᠳᠥ ᠥᠭᠴᠦ ᠪᠤᠢ ᠢᠲᠡᠭᠡᠯ ᠬᠠᠷᠢᠭᠤᠴᠠᠯᠭ᠎ᠠ ᠶᠤᠮ᠃

 

ᠲᠠᠨᠠᠢ ᠬᠠᠮᠲᠤ ᠣᠯᠠᠨ ᠠᠮᠵᠢᠯᠲᠠ ᠪᠠᠨ ᠠᠬᠢᠭᠤᠯᠤᠨ ᠮᠡᠷᠭᠡᠵᠢᠯ ᠦᠨ ᠤᠷ᠎ᠠ ᠴᠢᠳᠠᠪᠤᠷᠢ ᠪᠠᠨ ᠤᠯᠠᠮ ᠳᠡᠭᠡᠭ᠍ᠰᠢᠯᠡᠭᠦᠯᠵᠦ᠂ ᠬᠠᠤᠯᠢ ᠪᠠᠷ ᠬᠦᠯᠢᠶᠡᠭᠰᠡᠨ ᠡᠭᠦᠷᠭᠡ ᠪᠡᠨ ᠬᠠᠷᠢᠭᠤᠴᠠᠯᠭ᠎ᠠ ᠲᠠᠢ ᠪᠠᠷ ᠪᠡᠶᠡᠯᠡᠭᠦᠯᠬᠦ ᠪᠣᠯᠤᠨ᠎ᠠ ᠭᠡᠳᠡᠭ ᠲᠥ ᠢᠲᠡᠭᠡᠯᠲᠡᠢ ᠪᠠᠢᠢᠨ᠎ᠠ᠃

 

ᠲᠥᠷᠥᠳᠦ ᠶᠣᠰᠣ᠂ ᠡᠮᠦᠨᠡᠬᠢ ᠦᠶ᠎ᠡ ᠢᠢᠨ ᠳᠠᠢᠢᠴᠢᠨ ᠤᠯᠠᠮᠵᠢᠯᠠᠯ ᠢ ᠬᠠᠳᠠᠭᠠᠯᠠᠵᠤ᠂ ᠡᠷᠳᠡᠮ ᠮᠡᠳᠡᠯᠭᠡ᠂ ᠰᠠᠬᠢᠯᠭ᠎ᠠ ᠬᠠᠷᠢᠭᠤᠴᠠᠯᠭ᠎ᠠ᠂ ᠠᠮᠵᠢᠯᠲᠠ ᠪᠦᠲᠦᠭᠡᠯ ᠢᠶᠡᠨ ᠪᠠᠲᠤᠳᠬᠠᠨ᠂ ᠦᠨᠳᠦᠰᠦᠨ ᠡᠭᠦᠷᠭᠡ ᠨᠦᠭᠦᠳ ᠢᠶᠡᠨ ᠤᠯᠠᠮ ᠲᠡᠭᠦᠯᠳᠡᠷᠵᠢᠭᠦᠯᠬᠦ ᠠᠵᠢᠯ ᠦᠢᠯᠡᠰ ᠲᠥ ᠨᠢ ᠶᠡᠬᠡ ᠠᠮᠵᠢᠯᠲᠠ ᠬᠦᠰᠡᠵᠦ᠂ ᠲᠠ ᠪᠦᠬᠦᠨ ᠳᠦ ᠡᠷᠡᠭᠦᠯ ᠡᠩᠬᠡ᠂ ᠰᠠᠢᠢᠨ ᠰᠠᠢᠢᠬᠠᠨ ᠢ ᠢᠷᠦᠭᠡᠶ᠎ᠡ᠃

 

ᠮᠥᠩᠬᠡ ᠲᠩᠷᠢ᠂ ᠲᠥᠷᠥ ᠢᠢᠨ ᠲᠤᠭ ᠰᠦᠯᠳᠡ ᠥᠨᠢᠳᠡ ᠢᠪᠡᠭᠡᠭ᠌  》 ᠭᠡᠯ᠎ᠠ᠃

 

ᠮᠣᠩᠭ᠋ᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠦᠭᠡ ᠬᠡᠯᠡᠵᠦ ᠳᠠᠭᠤᠰᠤᠭᠰᠠᠨ ᠤ ᠳᠠᠷᠠᠭ᠎ᠠ ᠰᠢᠨ᠎ᠡ ᠦᠶ᠎ᠡ ᠢᠢᠨ ᠲᠥᠷᠦ ᠢᠢᠨ ᠲᠤᠰᠬᠠᠢ ᠬᠠᠮᠠᠭᠠᠯᠠᠯᠲᠠ ᠢᠢᠨ ᠭᠠᠵᠠᠷ ᠤᠨ ᠲᠡᠦᠬᠡᠲᠦ 80 ᠵᠢᠯ ᠦᠨ ᠣᠢ ᠢᠢᠨ ᠲᠣᠬᠢᠶᠠᠵᠤ ᠪᠠᠢᠢᠭ᠎ᠠ ᠲᠠᠢ ᠬᠣᠯᠪᠣᠭᠳᠠᠭᠤᠯᠤᠨ ᠳᠡᠯᠭᠡᠭ᠍ᠰᠡᠨ ᠦᠶ᠎ᠡ᠂ ᠦᠶ᠎ᠡ ᠢᠢᠨ ᠲᠡᠦᠬᠡᠨ ᠭᠡᠷᠡᠯ ᠵᠢᠷᠤᠭ ᠤᠨ ᠦᠵᠡᠰᠬᠦᠯᠡᠩ ᠢ ᠦᠵᠡᠵᠦ ᠰᠣᠨᠢᠷᠬᠠᠭᠰᠠᠨ ᠶᠤᠮ᠃