Та "Internet explorer"-ийн сүүлийн хувилбар болох "Microsoft edge"-г ашиглана уу

Хэрэв "Microsoft edge"-г татах бол энд дарж татаж авна уу

ᠧᠦ᠋ᠷᠣᠫᠠ ᠶᠢᠨ ᠬᠣᠯᠪᠣᠭᠠᠨ ᠠᠴᠠ ᠮᠣᠩᠭᠣᠯ ᠤᠯᠤᠰ ᠲᠤ ᠰᠠᠭᠤᠬᠤ ᠣᠨᠴᠠ ᠪᠥᠭᠡᠳ ᠪᠥᠷᠢᠨ ᠡᠷᠬᠡᠲᠦ ᠡᠯᠴᠢᠨ ᠰᠠᠶᠢᠳ ᠮᠣᠩᠭᠣᠯ ᠤᠯᠤᠰ ᠤᠨ ᠶᠡᠷᠦᠩᠬᠡᠶᠢᠯᠡᠭᠴᠢ ᠳᠤ ᠢᠲᠡᠭᠡᠮᠵᠢᠯᠡᠬᠦ ᠵᠢᠭᠤᠬᠤ ᠪᠢᠴᠢᠭ ᠪᠡᠨ ᠡᠷᠭᠦᠨ ᠪᠠᠷᠢᠪᠠ

ᠧᠦ᠋ᠷᠣᠫᠠ ᠢᠢᠨ ᠬᠣᠯᠪᠣᠭᠠᠨ ᠠᠴᠠ ᠮᠣᠩᠭ᠋ᠣᠯ  ᠤᠯᠤᠰ ᠲᠤ ᠰᠠᠭᠤᠬᠤ ᠣᠨᠴᠠ ᠪᠥᠭᠡᠳ ᠪᠦᠷᠢᠨ ᠡᠷᠬᠡᠲᠦ ᠡᠯᠴᠢᠨ ᠰᠠᠢᠢᠳ ᠲᠷᠠᠶᠠᠨ ᠯᠠᠤᠢᠷᠧᠨ᠋ᠼᠶᠤ ᠾᠷᠢᠰᠲ᠋ᠧᠠ ᠥᠨᠥᠳᠥᠷ ᠮᠣᠩᠭ᠋ᠣᠯ  ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠳᠤ ᠢᠲᠡᠭᠡᠮᠵᠢᠯᠡᠬᠦ ᠵᠢᠭᠤᠬᠤ ᠪᠢᠴᠢᠭ᠌ ᠢᠶᠡᠨ ᠡᠷᠬᠦᠨ ᠪᠠᠷᠢᠯ᠎ᠠ᠃

 

ᠮᠣᠩᠭ᠋ᠣᠯ  ᠤᠯᠤᠰ᠂ ᠧᠦ᠋ᠷᠣᠫᠠ ᠢᠢᠨ ᠬᠣᠯᠪᠣᠭᠠᠨ ᠤ ᠬᠣᠭᠣᠷᠣᠨᠳᠣ 1989 ᠣᠨ ᠤ ᠨᠠᠢᠢᠮᠠᠳᠤᠭᠠᠷ ᠰᠠᠷ᠎ᠠ ᠢᠢᠨ 1 ᠍ ᠦ ᠡᠳᠦᠷ ᠳ᠋ᠢᠫᠯᠣᠮᠠᠲ ᠬᠠᠷᠢᠯᠴᠠᠭ᠎ᠠ ᠲᠣᠭᠲᠠᠵᠤ᠂ ᠧᠦ᠋ᠷᠣᠫᠠ ᠢᠢᠨ ᠬᠣᠯᠪᠣᠭᠠᠨ ᠤ ᠲᠥᠯᠦᠭᠡᠯᠡᠭᠴᠢ ᠢᠢᠨ ᠭᠠᠵᠠᠷ ᠮᠠᠨ ᠤ ᠤᠯᠤᠰ ᠢ ᠪᠡᠭᠡᠵᠢᠩ ᠡᠴᠡ ᠬᠠᠪᠰᠤᠷᠤᠨ ᠠᠵᠢᠯᠯᠠᠵᠤ ᠪᠠᠢᠢᠭᠠᠳ 2017 ᠣᠨ ᠤ ᠠᠷᠪᠠᠨ ᠨᠢᠭᠡᠳᠦᠭᠡᠷ ᠰᠠᠷ᠎ᠠ ᠢᠢᠨ 2 ᠍ ᠤ ᠡᠳᠦᠷ ᠡᠴᠡ ᠤᠯᠠᠭᠠᠨᠪᠠᠭᠠᠲᠤᠷ ᠲᠤ ᠲᠥᠯᠦᠭᠡᠯᠡᠭᠴᠢ ᠢᠢᠨ ᠭᠠᠵᠠᠷ ᠢᠶᠠᠨ ᠨᠡᠭᠡᠭᠡᠨ ᠠᠵᠢᠯᠯᠠᠭᠤᠯᠵᠤ ᠪᠠᠢᠢᠭᠰᠠᠨ ᠶᠤᠮ᠃

 

ᠬᠠᠷᠢᠨ ᠨᠣᠶᠠᠨ ᠲᠷᠠᠶᠠᠨ ᠯᠠᠤᠢᠷᠧᠨ᠋ᠼᠶᠤ ᠾᠷᠢᠰᠲ᠋ᠧᠠ ᠥᠨᠥᠳᠥᠷ ᠢᠲᠡᠭᠡᠮᠵᠢᠯᠡᠬᠦ ᠵᠢᠭᠤᠬᠤ ᠪᠢᠴᠢᠭ᠌ ᠢᠶᠡᠨ ᠡᠷᠭᠦᠨ ᠪᠠᠷᠢᠭᠰᠠᠨ ᠢᠶᠠᠷ ᠧᠦ᠋ᠷᠣᠫᠠ ᠢᠢᠨ ᠬᠣᠯᠪᠣᠭᠠᠨ ᠠᠴᠠ ᠮᠣᠩᠭ᠋ᠣᠯ  ᠤᠯᠤᠰ ᠲᠤ ᠰᠠᠭᠤᠬᠤ ᠠᠩᠬᠠᠨ ᠤ ᠡᠯᠴᠢᠨ ᠰᠠᠢᠢᠳ ᠪᠣᠯᠵᠤ ᠪᠠᠢᠢᠨ᠎ᠠ᠃