ᠮᠣᠩᠭᠣᠯ ᠤᠯᠤᠰ ᠤᠨ ᠶᠡᠷᠦᠩᠬᠡᠶᠢᠯᠡᠭᠴᠢ ᠬ ∙ ᠪᠠᠲᠤᠲᠤᠯᠭ᠎ᠠ ᠡᠵᠢ ᠨᠦᠭᠦᠳ ᠲᠦ ᠠᠯᠳᠠᠷᠲᠤ ᠡᠬᠡ ᠶᠢᠨ ᠣᠳᠣᠨ ᠭᠠᠷᠳᠠᠭᠤᠯᠤᠯ᠎ᠠ

ᠮᠣᠩᠭ᠋ᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠣᠯᠠᠨ ᠤᠯᠤᠰ ᠤᠨ ᠬᠡᠦᠬᠡᠳ ᠦᠨ ᠡᠷᠬᠡ ᠢᠢ ᠬᠠᠮᠠᠭᠠᠯᠠᠬᠤ ᠡᠳᠦᠷ ᠢ ᠲᠣᠬᠢᠶᠠᠯᠳᠤᠭᠤᠯᠤᠨ ᠵᠠᠷᠯᠢᠭ ᠭᠠᠷᠭᠠᠵᠤ᠂ ᠣᠯᠠᠨ ᠬᠡᠦᠬᠡᠳ ᠲᠥᠷᠦᠭᠦᠯᠵᠦ᠂ ᠥᠰᠬᠡᠨ ᠬᠦᠮᠦᠵᠢᠭᠦᠯᠦᠭᠰᠡᠨ ᠡᠵᠢ ᠨᠦᠭᠦᠳ ᠢ 《ᠠᠯᠳᠠᠷᠲᠤ ᠡᠬᠡ》 ᠍ ᠢᠢᠨ ᠨᠢᠭᠡ᠂ ᠬᠣᠶᠠᠳᠤᠭᠠᠷ ᠣᠳᠣᠨ ᠢᠶᠠᠷ ᠱᠠᠩᠨᠠᠯ᠎ᠠ᠃

 

2018 ᠣᠨ ᠳᠤ ᠤᠯᠤᠰ ᠤᠨ ᠬᠡᠮᠵᠢᠶᠡᠨ ᠳᠥ 《ᠠᠯᠳᠠᠷᠲᠤ ᠡᠬᠡ》 ᠣᠳᠣᠨ ᠢᠶᠠᠷ ᠱᠠᠩᠨᠠᠭᠳᠠᠵᠤ ᠪᠤᠢ 8600 ᠣᠷᠴᠢᠮ ᠡᠮᠡᠭᠲᠡᠢ ᠪᠠᠢᠢᠭ᠎ᠠ ᠪᠥᠭᠡᠳ ᠲᠡᠳᠡᠨ ᠦ ᠲᠥᠯᠦᠭᠡᠯᠡᠯ ᠪᠣᠯᠬᠤ ᠵᠢᠷᠭᠤᠭᠠᠨ ᠥᠬᠢᠨ ᠲᠠᠢ ᠡᠵᠢ᠂ ᠭᠤᠷᠪᠠᠨ ᠤᠳᠠᠭ᠎ᠠ ᠢᠢᠨ ᠲᠥᠷᠦᠯᠲᠡ ᠪᠡᠷ ᠵᠢᠷᠭᠤᠭᠠᠨ ᠬᠡᠦᠬᠡᠳ ᠲᠡᠢ ᠪᠣᠯᠤᠭᠰᠠᠨ ᠵᠡᠷᠭᠡ ᠡᠵᠢ ᠨᠦᠭᠦᠳ ᠡᠴᠡ ᠭᠠᠳᠠᠨ᠎ᠠ ᠡᠨᠡ ᠵᠢᠯ ᠡᠴᠡ ᠡᠬᠢᠯᠡᠨ 《ᠠᠯᠳᠠᠷᠲᠤ ᠡᠬᠡ》 ᠍ ᠢᠢᠨ ᠨᠢᠭᠡᠳᠦᠭᠡᠷ ᠵᠡᠷᠭᠡ ᠢᠢᠨ ᠣᠳᠤᠨ ᠬᠦᠷᠲᠡᠵᠦ ᠪᠠᠢᠢᠭ᠎ᠠ ᠪᠦᠬᠦ ᠡᠵᠢ ᠨᠦᠭᠦᠳ ᠮᠣᠩᠭ᠋ᠣᠯ ᠤᠯᠤᠰ ᠤᠨ ᠶᠡᠷᠦᠩᠬᠡᠢᠢᠯᠡᠭᠴᠢ ᠡᠴᠡ ᠣᠳᠤᠨ ᠢᠢᠠᠨ ᠭᠠᠷᠳᠠᠵᠤ ᠠᠪᠬᠤ ᠪᠣᠯᠤᠮᠵᠢ ᠲᠠᠢ ᠪᠣᠯᠭᠠᠭᠰᠠᠨ ᠢᠶᠠᠷ ᠲᠡᠳᠡᠨ ᠦ ᠲᠥᠯᠦᠭᠡᠯᠡᠯ ᠪᠣᠯᠬᠤ 350 ᠡᠵᠢ ᠳᠥ ᠮᠣᠩᠭ᠋ᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠬᠦᠨᠳᠦᠳᠬᠡᠯ ᠦᠵᠡᠭᠦᠯᠦᠨ ᠲᠥᠷᠦ ᠢᠢᠨ ᠣᠷᠳᠣᠨ ᠤ ᠶᠢᠰᠦᠨ ᠬᠥᠯᠲᠦ᠂ ᠴᠠᠭᠠᠨ ᠲᠤᠭ ᠲᠤ ᠲᠠᠩᠬᠢᠮ ᠳᠤ 《ᠠᠯᠳᠠᠷᠲᠤ ᠡᠬᠡ》 ᠍ ᠤᠨ ᠣᠳᠣᠨ ᠢ ᠨᠢ ᠵᠡᠭᠦᠵᠦ ᠥᠭ᠍ᠭᠦᠭ᠍ᠰᠡᠨ ᠶᠤᠮ᠃

 

ᠣᠳᠣᠨ ᠢ ᠵᠡᠭᠦᠵᠦ ᠥᠭ᠍ᠭᠦᠭ᠍ᠰᠡᠨ ᠦ ᠳᠠᠷᠠᠭ᠎ᠠ ᠮᠣᠩᠭ᠋ᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠡᠵᠢ ᠨᠦᠭᠦᠳ ᠲᠥ ᠬᠠᠨᠳᠤᠨ᠄

 

《ᠰᠠᠢᠢᠨ ᠪᠠᠢᠢᠵᠠᠭᠠᠨ᠎ᠠ ᠤᠤ᠂ ᠡᠵᠢ ᠨᠦᠭᠦᠳ ᠡ᠂

 

ᠮᠣᠩᠭ᠋ᠣᠯ ᠤᠨ ᠲᠦᠭ ᠲᠦᠮᠡᠨ ᠦᠷᠡᠰ ᠦᠨ ᠪᠠᠬᠠᠷᠬᠠᠯ᠂ ᠨᠥᠮᠥᠷᠢ ᠨᠥᠭᠡᠯᠭᠡ᠂ ᠬᠠᠢᠢᠷ᠎ᠠ ᠡᠨᠡᠷᠢᠯ ᠨᠢ ᠪᠣᠯᠤᠭᠰᠠᠨ ᠲᠠ ᠪᠦᠬᠦᠨ ᠳᠥ ᠪᠡᠨ ᠣᠯᠠᠨ ᠤᠯᠤᠰ ᠤᠨ ᠬᠡᠦᠬᠡᠳ ᠦᠨ ᠡᠷᠬᠡ ᠢᠢᠨ ᠡᠳᠦᠷ ᠦᠨ ᠮᠡᠨᠳᠦ ᠢᠢ ᠬᠦᠷᠭᠡᠵᠦ᠂ ᠰᠠᠢᠢᠨ ᠰᠠᠢᠢᠬᠠᠨ ᠪᠦᠬᠦᠨ ᠢ ᠬᠦᠰᠡᠨ ᠢᠷᠦᠭᠡᠶ᠎ᠡ᠃

 

ᠨᠠᠰᠤᠨ ᠪᠠᠭ᠎ᠠ ᠠᠴᠠ ᠪᠠᠨ ᠵᠢᠯ ᠪᠦᠷᠢ ᠢᠢᠨ ᠵᠢᠷᠭᠤᠳᠤᠭᠠᠷ ᠰᠠᠷ᠎ᠠ ᠢᠢᠨ ᠨᠢᠭᠡᠨ ᠍ ᠳᠤ ᠬᠥᠭᠡᠷ ᠪᠠᠶᠠᠷ᠂ ᠪᠡᠯᠡᠭ ᠰᠡᠯᠲᠡ ᠪᠣᠯᠵᠤ ᠢᠷᠡᠭᠰᠡᠨ ᠦᠶ᠎ᠡ ᠢᠢᠨ ᠬᠢᠨ ᠦ ᠲᠥᠯᠦᠭᠡᠯᠡᠯ ᠪᠣᠯᠬᠤ ᠢᠢᠨ ᠬᠤᠪᠢ ᠳᠤ ᠡᠨᠡ ᠡᠳᠦᠷ ᠦᠨ ᠲᠠᠯᠠᠭᠠᠷᠬᠢ ᠲᠡᠦᠬᠡ ᠢᠢ ᠴᠤᠬᠤᠰ ᠰᠡᠬᠦᠵᠦ ᠬᠠᠷᠠᠯ᠎ᠠ᠃

 

ᠣᠯᠠᠨ ᠤᠯᠤᠰ ᠤᠨ ᠠᠷᠠᠳᠴᠢᠯᠠᠭᠰᠠᠨ ᠡᠮᠡᠭᠲᠡᠢᠢᠴᠦᠳ ᠤᠨ ᠬᠣᠯᠪᠣᠭᠠᠨ ᠠᠴᠠ ᠠᠩᠬ᠎ᠠ 1951 ᠣᠨ ᠳᠤ ᠬᠡᠦᠬᠡᠳ ᠦᠨ ᠡᠷᠬᠡ ᠢᠢ ᠬᠠᠮᠠᠭᠠᠯᠠᠬᠤ ᠡᠳᠦᠷ ᠢ ᠤᠯᠤᠰ ᠣᠷᠣᠨ ᠪᠦᠷ ᠲᠣᠳᠣᠷᠬᠠᠢ ᠡᠳᠦᠷ ᠲᠡᠮᠳᠡᠭᠯᠡᠵᠦ᠂ ᠬᠡᠦᠬᠡᠳ ᠪᠠᠭᠠᠴᠤᠳ ᠢᠶᠠᠨ ᠪᠠᠶᠠᠷᠯᠠᠭᠤᠯᠵᠤ ᠪᠠᠢᠢᠬᠤ ᠢᠢ ᠤᠷᠢᠶᠠᠯᠠᠵᠠᠢ᠃ ᠡᠭᠦᠨ ᠢ ᠮᠣᠩᠭ᠋ᠣᠯ ᠤᠯᠤᠰ ᠲᠠᠯᠠᠷᠬᠠᠯᠲᠠᠢ ᠪᠠᠷ ᠬᠦᠯᠢᠶᠡᠨ ᠠᠪᠴᠤ 1952 ᠣᠨ ᠤ ᠵᠢᠷᠭᠤᠳᠤᠭᠠᠷ ᠰᠠᠷ᠎ᠠ ᠢᠢᠨ 1 ᠍ ᠦ ᠡᠳᠦᠷ ᠢ 《ᠬᠡᠦᠬᠡᠳ ᠦᠨ ᠪᠠᠶᠠᠷ ᠤᠨ ᠡᠳᠦᠷ》 ᠬᠡᠮᠡᠨ ᠲᠡᠮᠳᠡᠭᠯᠡᠵᠦ᠂ ᠴᠢᠨᠠᠭᠰᠢᠳᠠ ᠲᠣᠭᠲᠠᠮᠠᠯᠵᠢᠭᠤᠯᠬᠤ᠂ ᠤᠯᠠᠮᠵᠢᠯᠠᠯ ᠪᠣᠯᠭᠠᠬᠤ ᠰᠢᠢᠳᠪᠦᠷᠢ ᠭᠠᠷᠭᠠᠭᠰᠠᠨ ᠠᠵᠢ᠃

 

ᠪᠢ ᠡᠨᠡ ᠡᠳᠦᠷ ᠢᠶᠡᠷ ᠣᠯᠠᠨ ᠬᠡᠦᠬᠡᠳ ᠲᠥᠷᠦᠭᠦᠯᠦᠭᠰᠡᠨ ᠡᠬᠡᠴᠦᠳ ᠲᠥ ᠠᠯᠳᠠᠷᠲᠤ ᠡᠬᠡ ᠢᠢᠨ ᠣᠳᠣᠨ ᠣᠯᠭᠤᠳᠠᠭ ᠤᠯᠠᠮᠵᠢᠯᠠᠯ ᠢ ᠬᠦᠨᠳᠦᠳᠬᠡᠨ ᠳᠡᠮᠵᠢᠳᠡᠭ᠃ ᠬᠡᠦᠬᠡᠳ ᠪᠣᠯ ᠠᠯᠢᠪᠠ ᠦᠨᠳᠦᠰᠦᠲᠡᠨ ᠦ ᠪᠠᠶᠠᠷ ᠪᠠᠶᠠᠰᠬᠤᠯᠠᠩ᠂ ᠢᠷᠡᠭᠡᠳᠦᠢ᠂ ᠭᠡᠷ ᠪᠦᠯᠢ ᠢᠢᠨ ᠬᠠᠯᠠᠭᠤᠨ ᠳᠤᠯᠠᠭᠠᠨ ᠠᠭᠤᠷ ᠠᠮᠢᠰᠬᠤᠯ᠂ ᠪᠠᠲᠤ ᠪᠥᠬᠡ ᠬᠣᠯᠪᠣᠭᠠᠰᠤ ᠶᠤᠮ᠃ ᠬᠡᠦᠬᠡᠳ ᠪᠣᠯ ᠪᠢᠳᠡᠨ ᠦ ᠪᠦᠬᠦ ᠵᠦᠢᠯ᠃

 

ХХ ᠵᠠᠭᠤᠨ ᠤ ᠡᠬᠢ ᠪᠡᠷ 700 ᠮᠢᠩᠭ᠋᠎ᠠ ᠬᠦᠷᠬᠦ ᠲᠡᠢ ᠦᠭᠡᠢ ᠲᠡᠢ ᠳᠥ ᠲᠣᠭᠠᠴᠠᠭᠳᠠᠵᠤ᠂ ᠮᠥᠬᠦᠵᠦ ᠪᠠᠢᠢᠭ᠎ᠠ ᠦᠨᠳᠦᠰᠦᠲᠡᠨ ᠦ ᠲᠣᠭᠠᠨ ᠳᠤ ᠪᠢᠴᠢᠭᠳᠡᠵᠦ ᠪᠠᠢᠢᠭᠰᠠᠨ ᠮᠣᠩᠭ᠋ᠣᠯᠴᠤᠳ ХХ ᠵᠠᠭᠤᠨ ᠤ ᠰᠡᠭᠦᠯᠴᠢ ᠭᠡᠬᠦ ᠳᠥ 2 ᠰᠠᠶ᠎ᠠ ᠳ᠋ᠠᠬᠢ ᠢᠷᠭᠡᠨ ᠢᠶᠡᠨ ᠬᠦᠯᠢᠶᠡᠨ ᠠᠪᠤᠭᠰᠠᠨ ᠨᠢ ᠮᠣᠩᠭ᠋ᠣᠯ ᠲᠥᠷᠦ ᠢᠢᠨ ᠣᠯᠠᠨ ᠵᠥᠪ ᠪᠣᠳᠣᠯᠭ᠎ᠠ ᠢᠢᠨ ᠨᠢᠭᠡ ᠪᠠᠢᠢᠭᠰᠠᠨ ᠶᠤᠮ᠃ ᠪᠦᠭᠦᠳᠡ ᠨᠠᠢᠢᠷᠠᠮᠳᠠᠬᠤ ᠮᠣᠩᠭ᠋ᠤᠯ ᠠᠷᠠᠳ ᠤᠯᠤᠯᠰ ᠍ ᠤᠨ ᠦᠶ᠎ᠡ ᠡᠴᠡ ᠲᠥᠷᠥ ᠡᠴᠡ ᠣᠯᠠᠨ ᠬᠡᠦᠬᠡᠳ ᠲᠡᠢ ᠭᠡᠷ ᠪᠦᠯᠢ ᠢᠢ ᠳᠡᠮᠵᠢᠬᠦ ᠪᠣᠳᠣᠯᠭ᠎ᠠ ᠶᠠᠪᠤᠭᠤᠯᠵᠤ 《ᠬᠡᠦᠬᠡᠳ ᠦᠨ ᠮᠥᠩᠭᠥ》 ᠍ ᠢ ᠲᠤᠰᠬᠠᠢᠢᠯᠠᠨ ᠣᠯᠭᠣᠬᠤ᠂ 《ᠬᠡᠦᠬᠡᠳ ᠦᠨ ᠵᠢᠯ》 ᠍ ᠢ ᠲᠤᠰᠬᠠᠢᠢᠯᠠᠨ ᠵᠠᠷᠯᠠᠬᠤ ᠵᠡᠷᠭᠡ ᠪᠡᠷ ᠬᠦᠮᠦᠨ ᠠᠮᠠ ᠪᠠᠨ ᠥᠰᠬᠡᠬᠦ ᠪᠣᠳᠣᠯᠭ᠎ᠠ ᠢᠢ ᠲᠤᠭᠤᠰᠢᠲᠠᠢ ᠶᠠᠪᠤᠭᠤᠯᠤᠭᠰᠠᠨ ᠤ ᠦᠷ᠎ᠡ ᠳ᠋ᠦᠩ ᠳᠥ ᠪᠢᠳᠡ ᠥᠨᠥᠳᠥᠷ 3 ᠰᠠᠶ᠎ᠠ ᠭᠠᠷᠤᠨ ᠢᠷᠭᠡᠳ ᠲᠡᠢ ᠪᠣᠯᠤᠭᠰᠠᠨ ᠪᠢᠯᠡ᠃

 

ᠬᠠᠷᠠᠮᠰᠠᠯ ᠲᠠᠢ ᠨᠢ᠂ ᠰᠡᠭᠦᠯ ᠦᠨ ᠦᠶ᠎ᠡ ᠳᠥ ᠬᠦᠮᠦᠨ ᠠᠮᠠ ᠪᠠᠨ ᠥᠰᠬᠡᠬᠦ᠂ ᠪᠠᠶᠠᠯᠢᠭ ᠤᠨ ᠲᠡᠭᠰᠢ ᠬᠤᠪᠢᠶᠠᠷᠢᠯᠠᠯᠲᠠ ᠬᠢᠬᠦ ᠡᠭᠦᠳᠡᠨ ᠡᠴᠡ ᠣᠯᠭᠤᠳᠠᠭ 《ᠬᠡᠦᠬᠡᠳ ᠦᠨ ᠮᠥᠩᠭᠥ》 ᠍ ᠢ ᠤᠯᠤᠰ ᠲᠦᠷᠦᠵᠢᠭᠦᠯᠵᠦ᠂ ᠢᠯᠭᠠᠪᠤᠷᠢᠯᠠᠨ ᠭᠠᠳᠠᠭᠤᠷᠬᠠᠭᠰᠠᠨ ᠬᠡᠯᠪᠡᠷᠢ ᠪᠡᠷ ᠣᠯᠭᠣᠬᠤ᠂ ᠬᠠᠯᠠᠮᠵᠢ ᠬᠡᠮᠡᠨ ᠲᠠᠰᠢᠶ᠎ᠠ ᠣᠢᠢᠯᠠᠭᠠᠵᠤ ᠬᠡᠦᠬᠡᠳ ᠦᠨ ᠮᠥᠩᠭᠥ ᠪᠡᠷ 《ᠲᠠᠩᠰᠤᠭᠯᠠᠳᠠᠭ》 ᠠᠵᠢᠯ ᠬᠢᠬᠦ ᠢᠢ ᠬᠦᠰᠡᠳᠡᠭ ᠦᠭᠡᠢ ᠪᠦᠬᠦᠯᠢ ᠪᠦᠲᠦᠨ ᠳᠠᠪᠬᠤᠷᠭ᠎ᠠ᠂ ᠰᠠᠶ᠎ᠠ ᠭᠠᠷᠤᠢ ᠬᠦᠮᠦᠨ ᠪᠠᠢᠢᠳᠠᠭ ᠮᠡᠲᠦ ᠪᠡᠷ ᠳᠣᠣᠷ᠎ᠠ ᠳᠤ ᠦᠵᠡᠬᠦ ᠵᠡᠷᠭᠡ ᠵᠣᠬᠢᠰ ᠦᠭᠡᠢ ᠬᠠᠨᠳᠤᠯᠭ᠎ᠠ ᠤᠯᠤᠰ ᠲᠥᠷᠦᠴᠢᠳ ᠲᠥ ᠠᠵᠢᠭᠯᠠᠭᠳᠠᠬᠤ ᠪᠣᠯᠤᠯ᠎ᠠ᠃《ᠬᠡᠦᠬᠡᠳ ᠦᠨ ᠮᠥᠩᠭᠥ》 ᠪᠣᠯ ᠬᠠᠯᠠᠮᠵᠢ ᠪᠢᠰᠢ ᠭᠡᠳᠡᠭ ᠢ ᠡᠷᠬᠡ ᠪᠠᠷᠢᠭᠴᠢᠳ ᠤᠢᠢᠯᠠᠭᠠᠬᠤ ᠬᠡᠷᠡᠭᠲᠡᠢ᠂ ᠠᠯᠳᠠᠭ᠎ᠠ ᠢᠢ ᠪᠠᠨ ᠵᠠᠰᠠᠬᠤ ᠱᠠᠭᠠᠷᠳᠠᠯᠭ᠎ᠠ ᠲᠠᠢ᠃ ᠬᠦᠮᠦᠨ ᠠᠮᠠ ᠵᠦᠢ ᠢᠢᠨ ᠡᠭᠦᠳᠡᠨ ᠡᠴᠡ ᠨᠢᠭᠡ ᠭᠡᠷ ᠪᠦᠯᠢ 2 ᠬᠡᠦᠬᠡᠳ ᠲᠥᠷᠦᠭᠦᠯᠵᠦ᠂ ᠥᠰᠬᠡᠪᠡᠯ ᠨᠥᠬᠦᠨ ᠦᠷᠡᠵᠢᠬᠦᠢ ᠢᠢᠨ ᠲᠡᠩᠴᠡᠪᠦᠷᠢ ᠬᠠᠳᠠᠭᠠᠯᠠᠭᠳᠠᠵᠤ᠂ 3 ᠍ ᠠᠴᠠ ᠳᠡᠭᠡᠭ᠍ᠰᠢ ᠬᠡᠦᠬᠡᠳ ᠲᠥᠷᠦᠭᠦᠯᠵᠦ᠂ ᠥᠰᠬᠡᠪᠡᠯ ᠬᠦᠮᠦᠨ ᠠᠮᠠ ᠢᠢᠨ ᠲᠣᠭ᠎ᠠ ᠥᠰᠥᠨ᠎ᠡ ᠭᠡᠵᠦ ᠦᠵᠡᠳᠡᠭ ᠠᠵᠡᠢ᠃ ᠠᠯᠳᠠᠷᠲᠤ ᠡᠬᠡ ᠢᠢᠨ ᠣᠳᠣᠨ ᠢ ᠳᠥᠷᠪᠡ ᠪᠣᠯᠤᠨ ᠲᠡᠭᠦᠨ ᠡᠴᠡ ᠳᠡᠭᠡᠭ᠍ᠰᠢ ᠬᠡᠦᠬᠡᠳ ᠲᠥᠷᠦᠭᠦᠯᠵᠦ᠂ ᠥᠰᠬᠡᠵᠦ ᠬᠦᠮᠦᠵᠢᠭᠦᠯᠵᠦ ᠪᠤᠢ ᠡᠬᠡᠴᠦᠳ ᠲᠥ ᠣᠯᠭᠤᠵᠤ ᠪᠠᠢᠢᠭ᠎ᠠ ᠨᠢ ᠮᠣᠩᠭ᠋ᠣᠯ ᠤᠨ ᠲᠥᠷᠦ ᠦᠶ᠎ᠡ ᠢᠢᠨ ᠦᠶ᠎ᠡ ᠳᠥ ᠬᠠᠳᠠᠭᠠᠯᠠᠵᠤ᠂ ᠳᠡᠮᠵᠢᠵᠦ᠂ ᠪᠡᠬᠢᠵᠢᠭᠦᠯᠵᠦ ᠶᠠᠪᠤᠬᠤ ᠤᠴᠢᠷ ᠲᠠᠢ ᠨᠠᠨᠳᠢᠨ ᠤᠯᠠᠮᠵᠢᠯᠠᠯ᠂ ᠵᠠᠯᠭᠠᠮᠵᠢ ᠪᠣᠳᠣᠯᠭ᠎ᠠ ᠶᠤᠮ᠃ ᠡᠨᠡ ᠪᠣᠯ ᠬᠠᠮᠤᠭ ᠤᠨ ᠱᠤᠳᠤᠷᠭᠤ ᠱᠠᠩᠨᠠᠯ᠂ ᠬᠠᠮᠤᠭ ᠤᠨ ᠨᠠᠨᠳᠢᠨ᠂ ᠪᠠᠬᠠᠷᠬᠠᠯ ᠲᠡᠭᠦᠰ ᠣᠳᠤᠨ᠃

 

ᠬᠦᠨᠳᠦᠳᠦ ᠡᠬᠡᠴᠦᠳ ᠡ᠂ ᠲᠠ ᠪᠦᠬᠦᠨ ᠳᠥ ᠬᠤᠪᠢ ᠠᠴᠠ ᠪᠠᠨ ᠪᠣᠯᠤᠨ ᠨᠡᠢᠢᠲᠡ ᠠᠷᠠᠳ ᠲᠦᠮᠡᠨ ᠦ ᠪᠡᠨ ᠨᠡᠷ᠎ᠡ ᠢᠢᠨ ᠡᠮᠦᠨ᠎ᠡ ᠡᠴᠡ ᠮᠡᠬᠦᠢᠢᠨ ᠶᠣᠰᠣᠯᠠᠶ᠎ᠠ᠃ ᠲᠡᠦᠬᠡ ᠪᠣᠯᠵᠤ ᠦᠯᠡᠳᠡᠭᠰᠡᠨ ᠡᠷᠲᠡ ᠳᠡᠭᠡᠷ᠎ᠡ ᠴᠠᠭ ᠠᠴᠠ ᠥᠨᠥᠳᠥᠷ ᠢ ᠬᠦᠷᠲᠡᠯ᠎ᠡ ᠡᠬᠡᠴᠦᠳ ᠲᠠ ᠨᠠᠷ ᠮᠢᠨᠢ ᠮᠣᠩᠭ᠋ᠣᠯ ᠦᠨᠳᠦᠰᠦᠲᠡᠨ ᠦ ᠪᠠᠬᠠᠷᠬᠠᠯ᠂ ᠪᠠᠶᠠᠷ ᠪᠠᠶᠠᠰᠬᠤᠯᠠᠩ ᠶᠤᠮ᠃ ᠲᠠ ᠪᠦᠬᠦᠨ ᠦ ᠦᠷ᠎ᠡ ᠬᠡᠦᠬᠡᠳ ᠢᠶᠡᠨ ᠡᠷᠡᠭᠦᠯ ᠰᠠᠷᠠᠭᠤᠯ ᠥᠰᠬᠡᠵᠦ᠂ ᠬᠦᠮᠦᠵᠢᠭᠦᠯᠵᠦ ᠪᠠᠢᠢᠭ᠎ᠠ ᠴᠢᠩ ᠰᠡᠳᠬᠢᠯ᠂ ᠴᠤᠴᠠᠰᠢ ᠦᠭᠡᠢ ᠵᠢᠳᠬᠦᠯ ᠳᠥ ᠲᠠᠯᠠᠷᠬᠠᠵᠤ ᠪᠠᠢᠢᠨ᠎ᠠ᠃

 

ᠮᠣᠩᠭ᠋ᠣᠯ ᠤᠨ ᠦᠷᠡᠰ ᠮᠠᠰᠢ ᠣᠯᠠᠨ ᠪᠣᠯᠲᠤᠭᠠᠢ᠃

 

ᠮᠣᠩᠭ᠋ᠣᠯ ᠤᠨ ᠡᠬᠡᠴᠦᠳ ᠦᠨ ᠥᠯᠵᠡᠢ ᠵᠢᠷᠭᠠᠯᠠᠩ ᠡᠭᠦᠷᠢᠳᠡ ᠤᠷᠲᠤᠳᠠ ᠨᠡᠮᠡᠬᠦ ᠪᠣᠯᠲᠤᠭᠠᠢ》 ᠭᠡᠵᠦ ᠢᠷᠦᠭᠡᠪᠡ᠃