Та "Internet explorer"-ийн сүүлийн хувилбар болох "Microsoft edge"-г ашиглана уу

Хэрэв "Microsoft edge"-г татах бол энд дарж татаж авна уу

ᠮᠣᠩᠭᠣᠯ ᠤᠯᠤᠰ ᠤᠨ ᠶᠡᠷᠦᠩᠬᠡᠶᠢᠯᠡᠭᠴᠢ ᠬ ∙ ᠪᠠᠲᠤᠲᠤᠯᠭ᠎ᠠ ᠰᠢᠲᠠᠷ᠎ᠠ ᠶᠢᠨ ᠰᠫᠣᠷᠲ ᠤᠨ ᠲᠥᠷᠥᠯ ᠢᠶᠡᠷ ᠣᠯᠠᠨ ᠤᠯᠤᠰ ᠤᠨ ᠲᠡᠮᠡᠴᠡᠭᠡᠨ ᠡᠴᠡ ᠮᠧᠳᠠᠯ ᠬᠦᠷᠲᠡᠭᠰᠡᠨ ᠬᠡᠦᠬᠡᠳ ᠦᠳ ᠲᠡᠢ ᠠᠭᠤᠯᠵᠠᠵᠤ᠂ ᠪᠠᠶᠠᠷ ᠬᠦᠷᠭᠡᠪᠡ

ᠮᠣᠩᠭ᠋ᠣᠯ  ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠣᠯᠠᠨ ᠤᠯᠤᠰ ᠤᠨ ᠬᠡᠦᠬᠡᠳ ᠦᠨ ᠡᠷᠬᠡ ᠢᠢ ᠬᠠᠮᠠᠭᠠᠯᠠᠬᠤ ᠡᠳᠦᠷ ᠢ ᠲᠣᠬᠢᠶᠠᠯᠳᠤᠭᠤᠯᠤᠨ ᠥᠨᠥᠳᠥᠷ ᠥᠰᠪᠦᠷᠢ ᠢᠢᠨ ᠰᠢᠲᠠᠷᠠᠴᠢᠳ ᠤᠨ ᠲᠥᠯᠥᠭᠡᠯᠡᠯ ᠪᠣᠯᠤᠭᠰᠠᠨ ᠬᠡᠦᠬᠡᠳ ᠦᠳ ᠢ ᠲᠥᠷᠥ ᠢᠢᠨ ᠣᠷᠳᠣᠨ ᠤ ᠢᠢᠰᠦᠨ ᠬᠥᠯᠲᠦ᠂ ᠴᠠᠭᠠᠨ ᠲᠤᠭ ᠲᠤ ᠲᠠᠩᠬᠢᠮ ᠳᠤ ᠬᠦᠯᠢᠶᠡᠨ ᠠᠪᠴᠤ ᠠᠭᠤᠯᠵᠠᠭᠠᠳ ᠠᠮᠵᠢᠯᠲᠠ ᠭᠠᠷᠭᠠᠭᠰᠠᠨ ᠳᠤ ᠨᠢ ᠪᠠᠶᠠᠷ ᠬᠦᠷᠭᠡᠯ᠎ᠠ᠃

 

2018 ᠣᠨ ᠤ ᠳᠥᠷᠪᠡᠳᠦᠭᠡᠷ ᠰᠠᠷ᠎ᠠ ᠢᠢᠨ 20-29 ᠍ ᠳᠤ ᠠᠯᠪᠠᠨᠢ ᠤᠯᠤᠰ ᠤᠨ ᠳᠤᠢᠷᠠᠷᠢᠰ ᠬᠣᠲᠠᠨ᠎ᠠ ᠪᠣᠯᠤᠭᠰᠠᠨ 《ᠰᠤᠷᠤᠭᠴᠢᠳ ᠤᠨ ᠰᠢᠲᠠᠷ᠎ᠠ ᠢᠢᠨ ᠳᠡᠯᠡᠬᠡᠢ ᠢᠢᠨ ᠠᠪᠤᠷᠭᠤ ᠰᠢᠯᠭᠠᠷᠠᠭᠤᠯᠬᠤ ᠲᠡᠮᠡᠴᠡᠭᠡᠨ》 ᠳᠥ 40 ᠣᠷᠣᠨ ᠤ 387 ᠰᠢᠲᠠᠷᠠᠴᠢᠨ ᠬᠡᠦᠬᠡᠳ ᠣᠶᠤᠨ ᠤᠬᠠᠭᠠᠨ ᠢᠶᠠᠨ ᠰᠣᠷᠢᠭᠰᠠᠨ ᠠᠴᠠ ᠮᠣᠩᠭ᠋ᠣᠯ  ᠤᠯᠤᠰ ᠠᠴᠠ 29 ᠰᠢᠲᠠᠷᠠᠴᠢᠨ ᠣᠷᠣᠯᠴᠠᠵᠤ᠂ ᠬᠣᠣᠰ ᠠᠯᠲᠠ᠂ ᠬᠣᠣᠰ ᠮᠥᠩᠭᠥ᠂ ᠬᠣᠣᠰ ᠬᠦᠷᠡᠯ ᠮᠧᠳᠠᠯ ᠬᠦᠷᠲᠡᠭᠰᠡᠨ ᠪᠠᠢᠢᠨ᠎ᠠ᠃

 

《ᠰᠤᠷᠤᠭᠴᠢᠳ ᠤᠨ ᠰᠢᠲᠠᠷ᠎ᠠ ᠢᠢᠨ ᠳᠡᠯᠡᠬᠡᠢ ᠢᠢᠨ ᠠᠪᠤᠷᠭᠤ ᠰᠢᠯᠭᠠᠷᠠᠭᠤᠯᠬᠤ ᠲᠡᠮᠡᠴᠡᠭᠡᠨ》 ᠍ ᠦ 《ᠰᠲ᠋ᠠᠨ᠋ᠳᠠᠷᠲ》 ᠲᠥᠷᠦᠯ ᠳᠥ ᠮᠧᠳᠠᠯ ᠬᠦᠷᠢᠲᠦᠭᠰᠡᠨ ᠲᠠᠮᠢᠷᠴᠢᠳ᠄

 

  • 13 ᠬᠦᠷᠲᠡᠯᠡᠬᠢ ᠨᠠᠰᠤᠨ ᠤ ᠣᠬᠢᠳ ᠤᠨ ᠠᠩᠭᠢᠯᠠᠯ ᠳᠤ 《ᠲᠥᠪ》 ᠺᠯᠤᠢᠪ ᠤᠨ ᠲᠠᠮᠢᠷᠴᠢᠨ᠂ ᠲᠤᠰ ᠲᠡᠮᠡᠴᠡᠭᠡᠨ ᠦ ᠬᠣᠱᠣᠢ ᠠᠪᠤᠷᠭᠤ᠂ ᠳᠡᠯᠡᠬᠡᠢ ᠢᠢᠨ ᠰᠢᠲᠠᠷ᠎ᠠ ᠢᠢᠨ ᠬᠣᠯᠪᠣᠭᠠᠨ ᠤ ᠳᠡᠳ᠋ ᠮᠠᠰᠲ᠋ᠸᠷ ᠳᠠᠸᠠᠬᠦᠦ ᠢᠢᠨ ᠮᠥᠩᠬᠡᠵᠤᠯ ᠲᠦᠷᠦᠭᠦᠯᠡᠵᠦ᠂ ᠠᠯᠲᠠᠨ ᠮᠧᠳᠠᠯ᠂ ᠳᠡᠯᠡᠬᠡᠢ ᠢᠢᠨ ᠰᠢᠲᠠᠷ᠎ᠠ ᠢᠢᠨ ᠬᠣᠯᠪᠣᠭᠠᠨ ᠤ ᠡᠮᠡᠭᠲᠡᠢ ᠮᠠᠰᠲ᠋ᠸᠷ ᠴᠣᠯᠠᠨ ᠤ ᠪᠣᠯᠵᠣᠯ ᠬᠠᠩᠭᠠᠭᠰᠠᠨ ᠪᠠᠢᠢᠨ᠎ᠠ᠃
  • 11 ᠬᠦᠷᠲᠡᠯᠡᠬᠢ ᠨᠠᠰᠤᠨ ᠤ ᠬᠥᠪᠡᠭᠦᠳ ᠦᠨ ᠠᠩᠭᠢᠯᠠᠯ ᠳᠤ 《ᠰᠡᠴᠡᠨ ᠨᠡᠭᠦᠳᠡᠯ》 ᠺᠯᠤᠢᠪ ᠤᠨ ᠲᠠᠮᠢᠷᠴᠢᠨ᠂ ᠳᠡᠯᠡᠬᠡᠢ ᠢᠢᠨ ᠰᠢᠲᠠᠷ᠎ᠠ ᠢᠢᠨ ᠬᠣᠯᠪᠣᠭᠠᠨ ᠤ ᠳᠡᠳ᠋ ᠮᠠᠰᠲ᠋ᠸᠷ ᡀᠠᠪᠠᠵᠠᠮᠰᠤ ᠢᠢᠨ ᠸᠴᠢᠷᠪᠠᠲᠤ ᠲᠦᠷᠦᠭᠦᠯᠡᠵᠦ ᠠᠯᠲᠠᠨ ᠮᠧᠳᠠᠯ ᠂
  • 9 ᠬᠦᠷᠲᠡᠯᠡᠬᠢ ᠨᠠᠰᠤᠨ ᠤ ᠣᠬᠢᠳ ᠤᠨ ᠠᠩᠭᠢᠯᠠᠯ ᠳᠤ 《ᠲᠡᠭᠦᠰ ᠨᠡᠭᠦᠳᠡᠯ》 ᠺᠯᠤᠢᠪ ᠤᠨ ᠲᠠᠮᠢᠷᠴᠢᠨ᠂ ᠳᠡᠯᠡᠬᠡᠢ ᠢᠢᠨ ᠰᠢᠲᠠᠷ᠎ᠠ ᠢᠢᠨ ᠬᠣᠯᠪᠣᠭᠠᠨ ᠤ ᠳᠡᠳ᠋ ᠮᠠᠰᠲ᠋ᠸᠷ ᠬᠦᠴᠦᠪᠠᠶᠠᠷ ᠤᠨ ᠶᠢᠰᠦᠭᠡᠨ ᠬᠣᠶᠠᠳᠤᠭᠠᠷ ᠪᠠᠢᠢᠷᠢ ᠳᠤ ᠰᠢᠯᠭᠠᠷᠴᠠᠵᠤ᠂ ᠮᠥᠩᠭᠥᠨ ᠮᠧᠳᠠᠯ ᠂
  • 9 ᠬᠦᠷᠲᠡᠯᠡᠬᠢ ᠨᠠᠰᠤᠨ ᠤ ᠬᠥᠪᠡᠭᠦᠳ ᠦᠨ ᠠᠩᠭᠢᠯᠠᠯ ᠳᠤ 《ᠭᠣᠪᠢ ᠴᠧᠰᠰ》 ᠺᠯᠤᠢᠪ ᠤᠨ ᠲᠠᠮᠢᠷᠴᠢᠨ᠂ ᠳᠡᠯᠡᠬᠡᠢ ᠢᠢᠨ ᠰᠢᠲᠠᠷ᠎ᠠ ᠢᠢᠨ ᠬᠣᠯᠪᠣᠭᠠᠨ ᠤ ᠳᠡᠳ᠋ ᠮᠠᠰᠲ᠋ᠸᠷ ᠪᠠᠲᠤᠲᠤᠯᠭ᠎ᠠ ᠢᠢᠨ ᠲᠡᠨᠦᠭᠦᠩᠪᠣᠯᠣᠳ ᠬᠣᠶᠠᠳᠤᠭᠠᠷ ᠪᠠᠢᠢᠷᠢ ᠳᠤ ᠰᠢᠯᠭᠠᠷᠠᠵᠤ᠂ ᠮᠥᠩᠭᠥᠨ ᠮᠧᠳᠠᠯ ᠂
  • 7 ᠬᠦᠷᠲᠡᠯᠡᠬᠢ ᠨᠠᠰᠤᠨ ᠤ ᠣᠬᠢᠳ ᠤᠨ ᠠᠩᠭᠢᠯᠠᠯ ᠳᠤ 《ᠽᠠᠨᠳᠠᠨᠰᠢᠲᠠᠷ᠎ᠠ》 ᠺᠯᠤᠢᠪ ᠤᠨ ᠲᠠᠮᠢᠷᠴᠢᠨ᠂ ᠨᠠᠷᠠᠨᠪᠣᠯᠣᠳ ᠤᠨ ᠰᠣᠳᠣᠭᠡᠷᠡᠯᠲᠦ ᠭᠤᠷᠪᠠᠳᠤᠭᠠᠷ ᠪᠠᠢᠢᠷᠢ ᠳᠤ ᠰᠢᠯᠭᠠᠷᠠᠵᠤ᠂ ᠬᠦᠷᠡᠯ ᠮᠧᠳᠠᠯ᠂ ᠳᠡᠯᠡᠬᠡᠢ ᠢᠢᠨ ᠰᠢᠲᠠᠷ᠎ᠠ ᠢᠢᠨ ᠬᠣᠯᠪᠣᠭᠠᠨ ᠤ ᠳᠡᠳ᠋ ᠮᠠᠰᠲ᠋ᠸᠷ ᠴᠣᠯᠠᠨ ᠤ ᠪᠣᠯᠵᠣᠯ᠂
  • 9 ᠬᠦᠷᠲᠡᠯᠡᠬᠢ ᠨᠠᠰᠤᠨ ᠤ ᠣᠬᠢᠳ ᠤᠨ ᠠᠩᠭᠢᠯᠠᠯ ᠳᠤ 《ᠭᠣᠪᠢ ᠴᠧᠰᠰ》 ᠺᠯᠤᠢᠪ ᠤᠨ ᠲᠠᠮᠢᠷᠴᠢᠨ ᠳᠡᠯᠡᠬᠡᠢ ᠢᠢᠨ ᠰᠢᠲᠠᠷ᠎ᠠ ᠢᠢᠨ ᠬᠣᠯᠪᠣᠭᠠᠨ ᠤ ᠳᠡᠳ᠋ ᠮᠠᠰᠲ᠋ᠸᠷ ᠭᠠᠩᠲᠤᠯᠭ᠎ᠠ ᠢᠢᠨ ᡀᠠᠪᠠᠵᠡᠳ ᠭᠤᠷᠪᠠᠳᠤᠭᠠᠷ ᠪᠠᠢᠢᠷᠢ ᠳᠤ ᠰᠢᠯᠭᠠᠷᠠᠵᠤ᠂ ᠬᠦᠷᠡᠯ ᠮᠧᠳᠠᠯ ᠲᠤᠰ᠂ ᠲᠤᠰ ᠬᠦᠷᠲᠡᠭᠰᠡᠨ ᠪᠠᠢᠢᠨ᠎ᠠ᠃