Та "Internet explorer"-ийн сүүлийн хувилбар болох "Microsoft edge"-г ашиглана уу

Хэрэв "Microsoft edge"-г татах бол энд дарж татаж авна уу

ᠮᠣᠩᠭᠣᠯ ᠤᠯᠤᠰ ᠤᠨ ᠶᠡᠷᠦᠩᠬᠡᠶᠢᠯᠡᠭᠴᠢ ᠬ ∙ ᠪᠠᠲᠤᠲᠤᠯᠭ᠎ᠠ ᠪᠦᠭᠦᠳᠡ ᠨᠠᠶᠢᠷᠠᠮᠳᠠᠬᠤ ᠺᠠᠽᠠᠭᠰᠲ᠋ᠠᠨ ᠤᠯᠤᠰ ᠤᠨ ᠶᠡᠷᠦᠩᠬᠡᠶᠢᠯᠡᠭᠴᠢ ᠨ ∙ ᠠ᠊ ∙ ᠨᠠᠽᠠᠷᠪᠠᠧᠸ ᠲᠠᠢ ᠠᠭᠤᠯᠵᠠᠪᠠ

ᠪᠦᠭᠦᠳᠡ ᠨᠠᠢᠢᠷᠠᠮᠳᠠᠬᠤ ᠬᠢᠲᠠᠳ ᠠᠷᠠᠳ ᠤᠯᠤᠰ ᠤᠨ ᠴᠢᠨ᠋ᠳᠠᠤ᠋ ᠬᠣᠲᠠ ᠳᠤ ᠪᠣᠯᠵᠤ ᠪᠤᠢ ᠱᠠᠩᠬᠠᠢ ᠢᠢᠨ ᠬᠠᠮᠲᠤ ᠢᠢᠨ ᠠᠵᠢᠯᠯᠠᠭᠠᠨ ᠤ ᠪᠠᠢᠢᠭᠤᠯᠤᠯᠭ᠎ᠠ ᠢᠢᠨ ᠭᠡᠰᠢᠭᠦᠨ ᠣᠷᠣᠨ ᠨᠤᠭᠤᠳ ᠤᠨ ᠲᠥᠷᠥ ᠢᠢᠨ ᠲᠡᠷᠢᠭᠦᠨ ᠨᠠᠷ ᠤᠨ ᠵᠥᠪᠯᠡᠯ ᠦᠨ 18 ᠍ ᠳᠦᠭᠠᠷ ᠬᠤᠷᠠᠯ ᠳᠤ ᠣᠷᠣᠯᠴᠠᠵᠤ ᠪᠤᠢ ᠮᠣᠩᠭ᠋ᠣᠯ  ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠪᠦᠭᠦᠳᠡ ᠨᠠᠢᠢᠷᠠᠮᠳᠠᠬᠤ ᠬᠠᠰᠠᠭᠰᠲ᠋ᠠᠨ ᠤᠯᠤᠰ ᠤᠨ ᠶᠡᠷᠦᠩᠬᠡᠢᠢᠯᠡᠭᠴᠢ ᠨ ∙ ᠠ᠊ ∙ ᠨᠠᠽᠠᠷᠪᠠᠧᠸ ᠲᠠᠢ ᠣᠯᠠᠨ ᠤᠯᠤᠰ ᠤᠨ ᠬᠤᠷᠠᠯ ᠤᠨ ᠲᠥᠪ ᠲᠥ ᠠᠭᠤᠯᠵᠠᠯ᠎ᠠ᠃

ᠠᠭᠤᠯᠵᠠᠯᠲᠠ ᠢᠢᠨ ᠡᠬᠢᠨ ᠳᠥ ᠮᠣᠩᠭ᠋ᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠪᠦᠭᠦᠳᠡ ᠨᠠᠢᠢᠷᠠᠮᠳᠠᠬᠤ ᠺᠠᠽᠠᠭᠰᠲ᠋ᠠᠨ ᠤᠯᠤᠰ ᠤᠨ ᠶᠡᠷᠦᠩᠬᠡᠢᠢᠯᠡᠭᠴᠢ ᠨ ∙ ᠠ᠊ ∙ ᠨᠠᠽᠠᠷᠪᠠᠧᠸ ᠲᠤ ᠤᠳᠠᠬᠤ ᠦᠭᠡᠢ ᠪᠣᠯᠬᠤ ᠲᠦᠷᠦᠭᠰᠡᠨ ᠡᠳᠦᠷ ᠦᠨ ᠪᠠᠶᠠᠷ ᠤᠨ ᠮᠡᠨᠳᠦ ᠳᠡᠪᠰᠢᠭᠦᠯᠦᠭᠡᠳ ᠠᠰᠲ᠋ᠠᠨ᠎ᠠ ᠬᠣᠲᠠ ᠢᠢ ᠰᠢᠨ᠎ᠡ ᠪᠡᠷ ᠪᠦᠲᠦᠭᠡᠨ ᠪᠠᠢᠢᠭᠤᠯᠤᠭᠰᠠᠨ ᠶᠡᠬᠡ ᠠᠵᠢᠯ ᠢ ᠨᠢ ᠰᠠᠢᠢᠰᠢᠶᠠᠨ ᠦᠨᠡᠯᠡᠵᠦ ᠪᠠᠢᠢᠭ᠎ᠠ ᠪᠠᠨ ᠢᠯᠡᠷᠬᠡᠢᠢᠯᠡᠪᠡ᠃

ᠪᠦᠭᠦᠳᠡ ᠨᠠᠢᠢᠷᠠᠮᠳᠠᠬᠤ ᠺᠠᠽᠠᠭᠰᠲ᠋ᠠᠨ ᠤᠯᠤᠰ ᠤᠨ ᠶᠡᠷᠦᠩᠬᠡᠢᠢᠯᠡᠭᠴᠢ ᠨ ∙ ᠠ᠊ ∙ ᠨᠠᠽᠠᠷᠪᠠᠧᠸ ᠭᠠᠵᠠᠷ ᠨᠤᠲᠤᠭ ᠣᠢᠢᠷᠠᠬᠠᠨ ᠬᠢᠷᠢ ᠨᠢ ᠪᠡᠨ ᠬᠣᠶᠠᠷ ᠤᠯᠤᠰ ᠤᠨ ᠡᠳ᠋ ᠍ ᠦᠨ ᠵᠠᠰᠠᠭ ᠤᠨ ᠬᠠᠷᠢᠯᠴᠠᠭ᠎ᠠ ᠶᠡᠬᠡᠬᠡᠨ ᠴᠢᠮᠠᠯᠠᠯᠲᠠᠲᠠᠢ ᠪᠠᠢᠢᠭ᠎ᠠ ᠢᠢ ᠳᠤᠷᠠᠳᠤᠭᠠᠳ ᠴᠢᠨᠠᠭᠰᠢᠳᠠ ᠡᠨᠡ ᠴᠢᠭᠯᠡᠯ ᠦᠨ ᠬᠠᠷᠢᠯᠴᠠᠭ᠎ᠠ ᠢᠢ ᠥᠷᠭᠡᠵᠢᠭᠦᠯᠬᠦ ᠢᠢ ᠡᠷᠡᠮᠡᠯᠵᠡᠵᠦ ᠪᠠᠢᠢᠭ᠎ᠠ ᠪᠠᠨ ᠢᠯᠡᠷᠬᠡᠢᠢᠯᠡᠪᠡ᠃

ᠬᠣᠶᠠᠷ ᠤᠯᠤᠰ ᠤᠨ ᠲᠥᠷᠦ ᠢᠢᠨ ᠲᠡᠷᠢᠭᠦᠨ ᠨᠦᠭᠦᠳ ᠡᠨᠡ ᠴᠢᠭᠯᠡᠯ ᠦᠨ ᠬᠠᠷᠢᠯᠴᠠᠭ᠎ᠠ ᠢᠢ ᠬᠥᠭ᠍ᠵᠢᠭᠦᠯᠬᠦ ᠳᠥ ᠡᠷᠴᠢᠮᠲᠡᠢ᠂ ᠪᠣᠳᠠᠲᠠᠢ ᠠᠵᠢᠯ ᠬᠢᠬᠦ ᠲᠠᠯ᠎ᠠ ᠪᠠᠷ ᠰᠠᠨᠠᠯ ᠰᠣᠯᠢᠯᠴᠠᠪᠠ᠃ ᠲᠤᠬᠠᠢᠢᠯᠠᠪᠠᠯ᠂ ᠬᠣᠨᠢᠨ ᠤ ᠮᠢᠬᠠᠨ ᠤ ᠬᠡᠷᠡᠭᠯᠡᠭᠡ ᠶᠡᠬᠡ ᠲᠡᠢ ᠣᠷᠣᠨ ᠨᠤᠭᠤᠳ ᠷᠤ ᠮᠢᠬ᠎ᠠ ᠡᠺᠰᠫᠣᠷᠲ᠋ᠯᠠᠬᠤ ᠳᠤ ᠬᠣᠶᠠᠷ ᠤᠯᠤᠰ ᠬᠠᠮᠲᠤᠷᠠᠨ ᠠᠵᠢᠯᠯᠠᠬᠤ ᠪᠣᠯᠤᠮᠵᠢ ᠲᠠᠢ ᠲᠠᠯ᠎ᠠ ᠪᠠᠷ ᠰᠠᠨᠠᠯ ᠨᠢᠭᠡᠳᠪᠡ᠃

ᠠᠭᠤᠯᠵᠠᠯᠲᠠ ᠢᠢᠨ ᠲᠡᠭᠦᠰᠬᠡᠯ ᠳᠥ ᠪᠦᠭᠦᠳᠡ ᠨᠠᠢᠢᠷᠠᠮᠳᠠᠬᠤ ᠺᠠᠽᠠᠭᠰᠲ᠋ᠠᠨ ᠤᠯᠤᠰ ᠤᠨ ᠶᠡᠷᠦᠩᠬᠡᠢᠢᠯᠡᠭᠴᠢ ᠨ ∙ ᠠ᠊ ∙ ᠨᠠᠽᠠᠷᠪᠠᠧᠸ ᠮᠣᠩᠭ᠋ᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠢᠢ ᠥᠪᠡᠷ ᠦᠨ ᠣᠷᠣᠨ ᠳᠤ ᠪᠠᠨ ᠠᠢᠢᠯᠴᠢᠯᠠᠬᠤ ᠢᠢ ᠤᠷᠢᠯ᠎ᠠ᠃