Та "Internet explorer"-ийн сүүлийн хувилбар болох "Microsoft edge"-г ашиглана уу

Хэрэв "Microsoft edge"-г татах бол энд дарж татаж авна уу

thumbnail Шинэ жил мэнд
Шинэ жил мэнд
ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦᠬᠡ ᠢᠢᠨ ᠰᠢᠨ᠎ᠡ ᠵᠢᠯ ᠦᠨ ᠮᠡᠨᠳᠦᠴᠢᠯᠡᠭᠡ

ᠮᠣᠩ᠋ᠭᠣᠯ ᠤᠯᠤᠰ ᠤᠨ ᠶᠡᠷᠦᠩᠬᠡᠢᠢᠯᠡᠭᠴᠢ ᠤ᠊ ∙ ᠬᠦᠷᠡᠯᠰᠦᠬᠡ 2021-2022 ᠣᠨ ᠤ ᠰᠢᠨ᠎ᠡ ᠵᠢᠯ ᠦᠨ ᠮᠡᠨᠳᠦᠴᠢᠯᠡᠭᠡ ᠳᠡᠪᠰᠢᠭᠦᠯᠦᠯ᠎ᠡ᠃

ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠮᠡᠨᠳᠦᠴᠢᠯᠡᠭᠡ᠄
《ᠮᠠᠨ ᠤ ᠤᠯᠤᠰ ᠤᠨ ᠡᠷᠬᠢᠮ ᠬᠦᠨᠳᠦᠳᠦ ᠠᠷᠠᠳ ᠢᠷᠭᠡᠳ ᠡ᠂

ᠡᠯᠢᠭᠡ ᠨᠢᠭᠡᠲᠦ ᠮᠣᠩ᠋ᠭᠣᠯ ᠠᠬᠠᠨ ᠳᠡᠭᠦᠰ ᠡ᠂

ᠲᠠ ᠪᠦᠬᠦᠨ ᠳᠥ ᠪᠡᠨ ᠠᠢᠢᠯᠴᠢᠯᠠᠨ ᠢᠷᠡᠵᠦ ᠪᠤᠢ ᠰᠢᠨ᠎ᠡ ᠵᠢᠯ ᠦᠨ ᠪᠠᠶᠠᠷ ᠤᠨ ᠮᠡᠨᠳᠦ ᠢᠢ ᠡᠷᠭᠦᠨ ᠳᠡᠪᠰᠢᠭᠦᠯᠵᠦ᠂ ᠠᠢᠢᠯ ᠡᠷᠦᠬᠡ ᠪᠦᠷᠢ ᠳᠥ ᠠᠵᠠ ᠵᠢᠷᠭᠠᠯ᠂ ᠡᠷᠡᠭᠦᠯ ᠡᠩᠬᠡ᠂ ᠰᠠᠢᠢᠨ ᠰᠠᠢᠢᠬᠠᠨ ᠪᠦᠬᠦᠨ ᠢ ᠬᠦᠰᠡᠨ ᠢᠷᠦᠭᠡᠶ᠎ᠡ᠃

ᠣᠨ ᠰᠣᠯᠢᠭᠳᠠᠬᠤ ᠲᠣᠷᠭᠠᠨ ᠮᠥᠴᠡ ᠳᠥ ᠮᠣᠩ᠋ᠭᠣᠯᠴᠤᠳ ᠪᠢᠳᠡ ᠤᠯᠠᠷᠢᠨ ᠣᠳᠴᠤ ᠪᠤᠢ ᠣᠨ ᠤ ᠪᠠᠨ ᠠᠮᠵᠢᠯᠲᠠ ᠪᠦᠲᠦᠭᠡᠯ᠂ ᠠᠯᠳᠠᠭ᠎ᠠ

thumbnail Дипломат цол олголоо 12,29,1
Дипломат цол олголоо 12,29,1
ᠮᠣᠩ᠋ᠭᠣᠯ ᠤᠯᠤᠰ ᠤᠨ ᠶᠡᠷᠦᠩᠬᠡᠢᠢᠯᠡᠭᠴᠢ ᠤ᠊᠂ ᠬᠦᠷᠡᠯᠰᠦ᠋ᠬᠡ ᠳ᠋ᠢᠫᠯᠣᠮᠠᠲ ᠴᠣᠯᠠ ᠬᠦᠷᠲᠡᠭᠡᠯ ᠡ

ᠮᠣᠩ᠋ᠭᠣᠯ ᠤᠯᠤᠰ ᠲᠤ ᠣᠷᠴᠢᠨ ᠴᠠᠭ ᠤᠨ ᠳ᠋ᠢᠫᠯᠣᠮᠠᠲ ᠠᠯᠪᠠ ᠡᠭᠦᠰᠴᠦ ᠬᠥᠭᠵᠢᠭᠰᠡᠨ ᠦ 110 ᠵᠢᠯ ᠦᠨ ᠣᠢ ᠢᠢ ᠲᠣᠬᠢᠶᠠᠯᠳᠤᠭᠤᠯᠤᠨ ᠮᠣᠩ᠋ᠭᠣᠯ ᠤᠯᠤᠰ ᠤᠨ ᠶᠡᠷᠦᠩᠬᠡᠢᠢᠯᠡᠭᠴᠢ ᠤ᠊ ∙ ᠬᠦᠷᠡᠯᠰᠦ᠋ᠬᠡ ᠳ᠋ᠢᠫᠯᠣᠮᠠᠲ ᠴᠣᠯᠠ ᠬᠦᠷᠲᠡᠭᠡᠬᠦ ᠲᠤᠬᠠᠢ ᠵᠠᠷᠯᠢᠭ ᠭᠠᠷᠭᠠᠯ᠎ᠠ᠃

ᠭᠠᠳᠠᠭᠠᠳᠤ ᠬᠠᠷᠢᠯᠴᠠᠭᠠᠨ ᠤ ᠰᠠᠯᠪᠤᠷᠢ ᠲᠤ ᠣᠯᠠᠨ ᠵᠢᠯ ᠦᠷ᠎ᠡ ᠪᠦᠲᠦᠭᠡᠯ᠂ ᠢᠳᠡᠪᠬᠢ ᠰᠠᠨᠠᠭᠠᠴᠢᠯᠭ᠎ᠠ ᠲᠠᠢ ᠠᠵᠢᠯᠯᠠᠵᠤ ᠭᠠᠳᠠᠭᠠᠳᠤ ᠪᠣᠳᠣᠯᠭ᠎ᠠ ᠢᠢᠨ ᠵᠣᠷᠢᠯᠲᠠ ᠨᠤᠭᠤᠳ ᠢ ᠬᠡᠷᠡᠭᠵᠢᠭᠦᠯᠬᠦ ᠳᠥ ᠣᠷᠣᠭᠤᠯᠤᠭᠰᠠᠨ ᠬᠤᠪᠢ ᠨᠡᠮᠡᠷᠢ ᠢᠢ ᠨᠢ ᠥᠨᠳᠥᠷ ᠢᠶᠡᠷ ᠦᠨᠡᠯᠡᠵᠦ᠂ ᠨᠡᠷ᠎ᠡ ᠪᠦᠬᠦᠢ ᠳ᠋ᠢᠫᠯᠣᠮᠠᠲ ᠤᠳ ᠲᠤ ᠮᠣᠩ᠋ᠭᠣᠯ ᠤᠯᠤᠰ ᠤᠨ ᠶᠡᠷᠦᠩᠬᠡᠢᠢᠯᠡᠭᠴᠢ ᠳ᠋ᠢᠫᠯᠣᠮᠠᠲ ᠴᠣᠯᠠ ᠬᠦᠷᠲᠡᠭᠡᠵᠦ᠂ ᠴᠣᠯᠠᠨ ᠤ ᠲᠡᠮᠳᠡᠭ᠂ 《ᠠᠯᠲᠠᠨ ᠭᠡᠷᠭᠡ》  ᠢᠢ  ᠭᠠᠷᠳᠠᠭᠤᠯᠪᠠ᠃

ᠣᠨᠴᠠ ᠪᠥᠭᠡᠳ

thumbnail 12,29,01
12,29,01
ᠮᠣᠩ᠋ᠭᠣᠯ ᠤᠯᠤᠰ ᠤᠨ ᠶᠡᠷᠦᠩᠬᠡᠢᠢᠯᠡᠭᠴᠢ ᠤ᠊ ∙ᠬᠦᠷᠡᠯᠰᠦᠬᠡ᠄ ᠦᠨᠳᠦᠰᠦᠨ ᠦ ᠢᠵᠠᠭᠤᠷ ᠡᠷᠬᠡ ᠠᠰᠢᠭ ᠤᠨ ᠲᠦᠯᠦᠭᠡ ᠬᠢ ᠠᠷᠠᠳ ᠲᠦᠮᠡᠨ ᠦ ᠣᠶᠤᠨ ᠰᠠᠨᠠᠭᠠᠨ ᠤ ᠡᠪ ᠨᠢᠭᠡᠳᠦᠯ ᠪᠣᠯ ᠤᠯᠤᠰ ᠣᠷᠣᠨ ᠤ ᠲᠤᠰᠠᠭᠠᠷ ᠲᠣᠭᠲᠠᠨᠢᠯ᠂ ᠠᠶᠤᠯ ᠦᠭᠡᠢ ᠪᠠᠢᠢᠳᠠᠯ ᠤᠨ ᠳᠠᠷᠬᠠᠯᠠᠭ᠎ᠠ ᠶᠤᠮ

ᠮᠣᠩ᠋ᠭᠣᠯ ᠤᠯᠤᠰ ᠤᠨ ᠶᠡᠷᠦᠩᠬᠡᠢᠢᠯᠡᠭᠴᠢ ᠤ᠊ ∙ ᠬᠦᠷᠡᠯᠰᠦᠬᠡ ᠦᠨᠳᠦᠰᠦᠨ ᠦ ᠡᠷᠬᠡ ᠴᠢᠯᠦᠭᠡ᠂ ᠲᠤᠰᠠᠭᠠᠷ ᠲᠣᠭᠲᠠᠨᠢᠯ ᠢᠶᠠᠨ ᠰᠡᠷᠭᠦᠭᠡᠭ᠍ᠰᠡᠨ ᠦ 110 ᠵᠢᠯ ᠦᠨ ᠣᠢ ᠢᠢᠨ ᠪᠠᠶᠠᠷ ᠤᠨ ᠡᠳᠦᠷ ᠲᠥ ᠵᠣᠷᠢᠭᠤᠯᠤᠭᠰᠠᠨ ᠤᠯᠤᠰ ᠤᠨ ᠶᠡᠬᠡ ᠬᠤᠷᠠᠯ ᠤᠨ ᠴᠢᠭᠤᠯᠭᠠᠨ ᠤ ᠬᠦᠨᠳᠦᠳᠬᠡᠯ ᠦᠨ ᠬᠤᠷᠠᠯᠳᠤᠭᠠᠨ ᠳᠤ ᠣᠷᠣᠯᠴᠠᠵᠤ᠂ ᠦᠭᠡ ᠬᠡᠯᠡᠯ᠎ᠡ᠃
ᠮᠣᠩ᠋ᠭᠣᠯ ᠤᠯᠤᠰ ᠤᠨ ᠶᠡᠷᠦᠩᠬᠡᠢᠢᠯᠡᠭᠴᠢ ᠤ᠊ ∙ ᠬᠦᠷᠡᠯᠰᠦᠬᠡ ᠬᠡᠯᠡᠭᠰᠡᠨ ᠦᠭᠡᠨ ᠳ᠋ᠡᠭᠡᠨ᠄
《ᠲᠤᠰᠠᠭᠠᠷ ᠲᠣᠭᠲᠠᠨᠢᠭᠰᠠᠨ᠂ ᠪᠦᠷᠢᠨ ᠡᠷᠬᠡᠲᠦ ᠮᠣᠩ᠋ᠭᠣᠯ ᠤᠯᠤᠰ ᠤᠨ ᠡᠷᠬᠡ ᠴᠢᠯᠦᠭᠡᠲᠦ ᠠᠷᠠᠳ ᠢᠷᠭᠡᠳ ᠡ !

ᠡᠯᠢᠭᠡ ᠨᠢᠭᠡᠲᠦ ᠠᠬᠠᠨ ᠳᠡᠭᠦᠰ ᠡ !

ᠤᠯᠤᠰ ᠤᠨ ᠶᠡᠬᠡ ᠬᠤᠷᠠᠯ ᠤᠨ ᠳᠠᠷᠤᠭ᠎ᠠ᠂ ᠶᠡᠷᠦᠩᠬᠡᠢ ᠰᠠᠢᠢᠳ᠂ ᠡᠷᠬᠢᠮ

thumbnail tsom boh 12.29.01
tsom boh 12.29.01
ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠨᠡᠷᠡᠮᠵᠢᠲᠦ ᠴᠣᠮᠤ ᠢᠢ ᠤᠯᠤᠰ ᠤᠨ ᠬᠠᠷᠴᠠᠭ᠎ᠠ ᠪᠠ‍ ∙ ᠪᠠᠲᠤ-ᠥᠯᠵᠡᠢ ᠬᠦᠷᠲᠡᠯᠥᠭᠡ

ᠦᠨᠳᠦᠰᠦᠨ ᠦ ᠡᠷᠬᠡ ᠴᠢᠯᠦᠭᠡ᠂ ᠲᠤᠰᠠᠭᠠᠷ ᠲᠣᠭᠲᠠᠨᠢᠯ ᠢᠶᠠᠨ ᠰᠡᠷᠭᠦᠭᠡᠨ ᠮᠠᠨᠳᠤᠭᠤᠯᠤᠭᠰᠠᠨ ᠤ 110 ᠵᠢᠯ ᠦᠨ ᠣᠢ ᠳᠤ ᠵᠣᠷᠢᠭᠤᠯᠤᠭᠰᠠᠨ ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠨᠡᠷᠡᠮᠵᠢᠲᠦ ᠴᠣᠮᠣ ᠢᠢᠨ ᠲᠥᠯᠦᠭᠡᠬᠢ ᠥᠨᠳᠦᠷ ᠴᠢᠨᠰᠠᠭ᠎ᠠ ᠲᠠᠢ᠂ ᠰᠢᠯᠢᠳᠡᠭ 128 ᠪᠥᠬᠡ ᠢᠢᠨ ᠪᠠᠷᠢᠯᠳᠤᠭᠠᠨ ᠥᠨᠥᠳᠥᠷ ᠮᠣᠩ᠋ᠭᠣᠯ ᠪᠥᠬᠡ ᠢᠢᠨ ᠥᠷᠭᠦᠭᠡᠨ ᠳᠥ ᠪᠣᠯᠤᠯ᠎ᠠ᠃

ᠪᠥᠬᠡ ᠢᠢᠨ ᠪᠠᠷᠢᠯᠳᠤᠭᠠᠨ ᠢ ᠮᠣᠩ᠋ᠭᠣᠯ ᠤᠯᠤᠰ ᠤᠨ ᠶᠡᠷᠦᠩᠬᠡᠢᠢᠯᠡᠭᠴᠢ ᠤ᠊ ∙ ᠬᠦᠷᠡᠯᠰᠦ᠋ᠬᠡ᠂ ᠮᠣᠩ᠋ᠭᠣᠯ ᠤᠯᠤᠰ ᠤᠨ ᠶᠡᠬᠡ ᠬᠤᠷᠠᠯ ᠤᠨ ᠳᠠᠷᠤᠭ᠎ᠠ ᠭᠤ‍ ∙ ᠽᠠᠨᠳᠠᠨᠰᠢᠲᠠᠷ ᠠ᠂ ᠮᠣᠩ᠋ᠭᠣᠯ ᠤᠯᠤᠰ ᠤᠨ ᠶᠡᠷᠦᠩᠬᠡᠢ ᠰᠠᠢᠢᠳ ᠯᠤ‍ ∙ ᠣᠶᠤᠨ-ᠡᠷᠳᠡᠨᠢ ᠨᠠᠷ ᠦᠵᠡᠵᠦ ᠰᠣᠨᠢᠷᠬᠠᠪᠠ᠃

ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠨᠡᠷᠡᠮᠵᠢᠲᠦ ᠴᠣᠮᠣ ᠢᠢᠨ ᠲᠥᠯᠦᠭᠡᠬᠢ ᠪᠠᠷᠢᠯᠳᠤᠭᠠᠨ ᠳᠤ ᠤᠪᠰᠤ

thumbnail geodezi.21.12.24.01
geodezi.21.12.24.01
ᠮᠣᠩ᠋ᠭᠣᠯ ᠤᠯᠤᠰ ᠤᠨ ᠶᠡᠷᠦᠩᠬᠡᠢᠢᠯᠡᠭᠴᠢ ᠤ᠊ ∙ ᠬᠦᠷᠡᠯᠰᠦ᠋ᠬᠡ ᠣᠷᠴᠢᠨ ᠴᠠᠭ ᠤᠨ ᠬᠤᠳᠠᠯᠳᠤᠭᠠᠨ ᠤ ᠰᠠᠯᠪᠤᠷᠢ ᠡᠭᠦᠰᠴᠦ ᠬᠥᠭ᠍ᠵᠢᠭᠰᠡᠨ ᠦ 100 ᠵᠢᠯ ᠦᠨ ᠣᠢ ᠢᠢ ᠲᠣᠬᠢᠶᠠᠯᠳᠤᠭᠤᠯᠤᠨ ᠮᠡᠨᠳᠦᠴᠢᠯᠡᠭᠡ ᠳᠡᠪᠰᠢᠭᠦᠯᠦᠯ᠎ᠡ

ᠮᠣᠩ᠋ᠭᠣᠯ ᠤᠯᠤᠰ ᠤᠨ ᠶᠡᠷᠦᠩᠬᠡᠢᠢᠯᠡᠭᠴᠢ ᠤ᠊ ∙ ᠬᠦᠷᠡᠯᠰᠦ᠋ᠬᠡ ᠣᠷᠴᠢᠨ ᠴᠠᠭ ᠤᠨ ᠬᠤᠳᠠᠯᠳᠤᠭᠠᠨ ᠤ ᠰᠠᠯᠪᠤᠷᠢ ᠡᠭᠦᠰᠴᠦ ᠬᠥᠭ᠍ᠵᠢᠭᠰᠡᠨ ᠦ 100 ᠵᠢᠯ ᠦᠨ ᠣᠢ ᠢᠢ ᠲᠣᠬᠢᠶᠠᠯᠳᠤᠭᠤᠯᠤᠨ ᠮᠡᠨᠳᠦᠴᠢᠯᠡᠭᠡ ᠳᠡᠪᠰᠢᠭᠦᠯᠦᠯ᠎ᠡ᠃

ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠮᠡᠨᠳᠦᠴᠢᠯᠡᠭᠡ ᠢᠢ ᠥᠨᠥᠳᠥᠷ ᠵᠣᠬᠢᠶᠠᠨ ᠪᠠᠢᠢᠭᠤᠯᠤᠭᠳᠠᠭᠰᠠᠨ 100 ᠵᠢᠯ ᠦᠨ ᠣᠢ ᠢᠢᠨ ᠪᠠᠶᠠᠷ ᠤᠨ ᠬᠤᠷᠠᠯ ᠤᠨ ᠦᠶ᠎ᠡ ᠪᠡᠷ ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠬᠣᠲᠠ᠂ ᠬᠥᠳᠡᠭᠡ ᠢᠢᠨ ᠬᠥᠭ᠍ᠵᠢᠯ ᠦᠨ ᠪᠣᠳᠣᠯᠭ᠎ᠠ ᠢᠢᠨ ᠵᠥᠪᠯᠡᠬᠦ ᠣ᠊ ∙ ᠪᠤᠶᠠᠨᠨᠡᠮᠡᠬᠦ ᠤᠩᠰᠢᠵᠤ ᠰᠣᠨᠣᠷᠳᠠᠭᠤᠯᠤᠯ᠎ᠠ᠃

ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠮᠡᠨᠳᠦᠴᠢᠯᠡᠭᠡ᠄
《ᠮᠣᠩ᠋ᠭᠣᠯ ᠤᠯᠤᠰ ᠲᠤ ᠣᠷᠴᠢᠨ ᠴᠠᠭ ᠤᠨ ᠬᠤᠳᠠᠯᠳᠤᠭᠠᠨ ᠤ ᠰᠠᠯᠪᠤᠷᠢ ᠡᠭᠦᠰᠴᠦ ᠬᠥᠭ᠍ᠵᠢᠭᠰᠡᠨ ᠦ ᠲᠡᠦᠬᠡᠲᠦ 100 ᠵᠢᠯ ᠦᠨ ᠣᠢ ᠢᠢᠨ ᠪᠠᠶᠠᠷ ᠤᠨ ᠮᠡᠨᠳᠦ ᠢᠢ ᠦᠶ᠎ᠡ

thumbnail geodezi.21.12.24.01
geodezi.21.12.24.01
ᠮᠣᠩ᠋ᠭᠣᠯ ᠤᠯᠤᠰ ᠤᠨ ᠶᠡᠷᠦᠩᠬᠡᠢᠢᠯᠡᠭᠴᠢ ᠤ᠊ ∙ᠬᠦᠷᠡᠯᠰᠦ᠋ᠬᠡ ᠬᠣᠷᠰᠢᠶᠠᠯᠠᠭᠴᠢᠳ ᠳᠤ 100 ᠵᠢᠯ ᠦᠨ ᠣᠢ ᠢᠢᠨ ᠮᠡᠨᠳᠦᠴᠢᠯᠡᠭᠡ ᠳᠡᠪᠰᠢᠭᠦᠯᠦᠯ᠎ᠡ

ᠮᠣᠩ᠋ᠭᠣᠯ ᠤᠯᠤᠰ ᠲᠤ ᠬᠣᠷᠰᠢᠶᠠᠯᠠᠯ ᠤᠨ ᠰᠠᠯᠪᠤᠷᠢ ᠡᠭᠦᠰᠴᠦ ᠬᠥᠭ᠍ᠵᠢᠭ᠍ᠰᠡᠨ ᠦ 100 ᠵᠢᠯ ᠦᠨ ᠣᠢ ᠢᠢᠨ ᠦᠨᠳᠦᠰᠦᠨ ᠦ ᠴᠢᠭᠤᠯᠭᠠᠨ ᠳᠤ ᠣᠷᠣᠯᠴᠠᠵᠤ ᠪᠠᠢᠢᠭ᠎ᠠ ᠬᠣᠷᠰᠢᠶᠠᠯᠠᠭᠴᠢᠳ ᠳᠤ ᠮᠣᠩ᠋ᠭᠣᠯ ᠤᠯᠤᠰ ᠤᠨ ᠶᠡᠷᠦᠩᠬᠡᠢᠢᠯᠡᠭᠴᠢ ᠤ᠊ ∙ ᠬᠦᠷᠡᠯᠰᠦ᠋ᠬᠡ ᠪᠠᠶᠠᠷ ᠤᠨ ᠮᠡᠨᠳᠦᠴᠢᠯᠡᠭᠡ ᠳᠡᠪᠰᠢᠭᠦᠯᠦᠯ᠎ᠡ᠃

ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠮᠡᠨᠳᠦᠴᠢᠯᠡᠭᠡ᠄
《ᠳᠡᠯᠭᠡᠷ ᠰᠠᠢᠢᠬᠠᠨ ᠡᠬᠡ ᠣᠷᠣᠨ ᠤ ᠪᠠᠨ ᠥᠨᠴᠥᠭ ᠪᠤᠯᠤᠩ ᠪᠦᠷᠢ ᠡᠴᠡ ᠠᠵᠢᠯ ᠤᠨ ᠠᠮᠵᠢᠯᠲᠠ᠂ ᠪᠦᠲᠦᠭᠡᠯ ᠢᠶᠡᠷ ᠢᠶᠡᠨ ᠮᠠᠩᠯᠠᠢᠢᠯᠠᠨ ᠰᠢᠯᠭᠠᠷᠴᠤ᠂ 100 ᠵᠢᠯ ᠦᠨ ᠣᠢ ᠢᠢᠨ ᠦᠨᠳᠦᠰᠦᠨ ᠦ ᠴᠢᠭᠤᠯᠭᠠᠨ ᠳᠤ ᠬᠣᠷᠰᠢᠶᠠᠨ ᠤ ᠭᠡᠰᠢᠭᠦᠳ ᠢᠶᠡᠨ ᠲᠥᠯᠥᠭᠡᠯᠡᠨ ᠨᠡᠢᠢᠰᠯᠡᠯ ᠬᠤᠳᠠᠨ᠎ᠠ ᠬᠤᠷᠠᠨ ᠴᠢᠭᠤᠯᠵᠤ ᠪᠤᠢ ᠬᠣᠷᠰᠢᠶᠠᠯᠠᠭᠴᠢ ᠲᠠ ᠪᠦᠬᠦᠨ ᠳᠥ ᠪᠡᠨ ᠣᠢ ᠢᠢᠨ ᠪᠠᠶᠠᠷ ᠤᠨ ᠮᠡᠨᠳᠦ ᠬᠦᠷᠭᠡᠵᠦ᠂ ᠴᠢᠡᠭ ᠰᠡᠳᠬᠢᠯ ᠦᠨ