ᠡᠮᠦᠨᠡᠲᠦ ᠠᠹᠷᠢᠺᠠ ᠢᠢᠨ ᠪᠦᠭᠦᠳᠡ ᠨᠠᠢᠢᠷᠠᠮᠳᠠᠬᠤ ᠤᠯᠤᠰ ᠠᠴᠠ ᠮᠣᠩ᠋ᠭᠣᠯ ᠤᠯᠤᠰ ᠲᠤ ᠬᠠᠪᠰᠤᠷᠤᠨ ᠰᠠᠭᠤᠬᠤ ᠡᠯᠴᠢᠨ ᠰᠠᠢᠢᠳ ᠢᠲᠡᠭᠡᠮᠵᠢᠯᠡᠬᠦ ᠵᠢᠭᠤᠬᠤ ᠪᠢᠴᠢᠭ ᠢᠶᠡᠨ ᠡᠷᠭᠦᠨ ᠪᠠᠷᠢᠪᠠ
ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠤᠢᠬᠡ ᠳᠥ ᠡᠮᠦᠨᠡᠲᠦ ᠠᠹᠷᠢᠺᠠ ᠢᠢᠨ ᠪᠦᠭᠦᠳᠡ ᠨᠠᠢᠢᠷᠠᠮᠳᠠᠬᠤ ᠤᠯᠤᠰ ᠠᠴᠠ ᠮᠣᠩ᠋ᠭᠣᠯ ᠤᠯᠤᠰ ᠲᠤ ᠬᠠᠪᠰᠤᠷᠤᠨ ᠰᠠᠭᠤᠬᠤ ᠣᠨᠴᠠ ᠪᠥᠭᠡᠳ ᠪᠦᠷᠢᠨ ᠡᠷᠬᠡᠲᠦ ᠡᠯᠴᠢᠨ ᠰᠠᠢᠢᠳ ᠰᠠᠪᠦᠩᠭ᠋ᠠ ᠺᠢᠫᠷᠢᠶᠠᠨ ᠺᠸᠧᠯᠧ ᠢᠲᠡᠭᠡᠮᠵᠢᠯᠡᠬᠦ ᠵᠢᠭᠤᠬᠤ ᠪᠢᠴᠢᠭ᠌ ᠢᠶᠡᠨ ᠡᠷᠭᠦᠨ ᠪᠠᠷᠢᠪᠠ᠃
ᠡᠯᠴᠢᠨ ᠰᠠᠢᠢᠳ ᠢ ᠡᠭᠦᠷᠭᠡᠳᠦ ᠠᠵᠢᠯ ᠳᠤ ᠪᠠᠨ ᠣᠷᠣᠵᠤ ᠪᠤᠢ ᠳ᠋ᠤ ᠨᠢ ᠶᠡᠷᠦᠩᠬᠡᠢᠢᠯᠡᠭᠴᠢ ᠪᠠᠶᠠᠷ ᠬᠦᠷᠭᠡᠵᠦ᠂ ᠠᠮᠵᠢᠯᠲᠠ ᠬᠦᠰᠡᠪᠡ᠃ ᠬᠠᠷᠢᠯᠴᠠᠭ᠎ᠠ᠂ ᠬᠠᠮᠲᠤ ᠢᠢᠨ ᠠᠵᠢᠯᠯᠠᠭ᠎ᠠ ᠢᠢ ᠪᠡᠬᠢᠵᠢᠭᠦᠯᠬᠦ ᠳᠥ ᠡᠯᠴᠢᠨ ᠰᠠᠢᠢᠳ ᠬᠦᠴᠦᠨ ᠴᠢᠷᠮᠠᠢᠢᠯᠲᠠ ᠭᠠᠷᠭᠠᠨ᠎ᠠ ᠭᠡᠳᠡᠭ ᠲᠥ ᠢᠲᠡᠭᠡᠵᠦ ᠪᠠᠢᠢᠭ᠎ᠠ ᠪᠠᠨ ᠬᠡᠯᠡᠭᠡᠳ᠂ ᠲᠥᠷᠥ᠂ ᠵᠠᠰᠠᠭ ᠠᠴᠠ ᠪᠦᠬᠦ ᠲᠠᠯ᠎ᠠ ᠢᠢᠨ ᠳᠡᠮᠵᠢᠯᠭᠡ ᠦᠵᠡᠭᠦᠯᠬᠦ ᠪᠡᠨ ᠢᠯᠡᠷᠬᠡᠢᠢᠯᠡᠪᠡ᠃
ᠮᠥᠨ ᠣᠯᠠᠨ