Та "Internet explorer"-ийн сүүлийн хувилбар болох "Microsoft edge"-г ашиглана уу

Хэрэв "Microsoft edge"-г татах бол энд дарж татаж авна уу

ᠮᠡᠨᠳᠦᠴᠢᠯᠡᠭᠡ
thumbnail 20.11.11 UABZ
20.11.11 UABZ
ᠦᠨᠳᠦᠰᠦᠨ ᠦ ᠠᠶᠤᠯ ᠦᠭᠡᠢ ᠪᠠᠢᠢᠳᠠᠯ ᠤᠨ ᠵᠥᠪᠯᠡᠯ ᠦᠨ ᠭᠡᠰᠢᠭᠦᠳ ᠮᠡᠳᠡᠭᠳᠡᠯ ᠭᠠᠷᠭᠠᠯ᠎ᠠ

ᠳᠡᠯᠡᠬᠡᠢ ᠳᠠᠶᠠᠭᠠᠷ ᠲᠠᠷᠬᠠᠭᠰᠠᠨ ᠺᠣᠷᠤᠨᠠᠸᠢᠷᠦ᠋ᠰᠲᠦ ᠴᠠᠷ᠎ ᠲᠠᠬᠤᠯ ᠤᠨ ᠬᠠᠯᠳᠠᠪᠤᠷᠢ ᠣᠯᠠᠨ ᠨᠡᠢᠢᠲᠡ ᠢᠢᠨ ᠳᠤᠮᠳᠠ ᠢᠯᠡᠷᠡᠭᠰᠡᠨ ᠲᠡᠢ ᠬᠣᠯᠪᠣᠭᠳᠠᠭᠤᠯᠤᠨ ᠮᠣᠩ᠋ᠭᠣᠯ ᠤᠯᠤᠰ ᠤᠨ ᠶᠡᠷᠦᠩᠬᠡᠢᠢᠯᠡᠭᠴᠢ ᠬᠠᠯᠲᠠᠮ᠎ᠠ ᠢᠢᠨ ᠪᠠᠲᠤᠲᠤᠯᠭ᠎ᠠ ᠥᠨᠥᠳᠥᠷ ᠦᠨᠳᠦᠰᠦᠨ ᠦ ᠠᠶᠤᠯ ᠦᠭᠡᠢ ᠪᠠᠢᠢᠳᠠᠯ ᠤᠨ ᠵᠥᠪᠯᠡᠯ ᠢ 13᠄00 ᠴᠠᠭ ᠲᠤ ᠬᠤᠷᠠᠯᠳᠤᠭᠤᠯᠤᠯ᠎ᠠ᠃

ᠬᠤᠷᠠᠯᠳᠤᠭᠠᠨ ᠤ ᠳᠠᠷᠠᠭ᠎ᠠ ᠦᠨᠳᠦᠰᠦᠨ ᠦ ᠠᠶᠤᠯ ᠦᠭᠡᠢ ᠪᠠᠢᠢᠳᠠᠯ ᠤᠨ ᠵᠥᠪᠯᠡᠯ ᠦᠨ ᠭᠡᠰᠢᠭᠦᠳ ᠠᠷᠠᠳ ᠲᠦᠮᠡᠨ ᠳᠥ ᠪᠡᠨ ᠬᠠᠨᠳᠤᠨ ᠳᠣᠣᠷᠠᠬᠢ ᠮᠡᠳᠡᠭᠳᠡᠯ ᠢ ᠭᠠᠷᠭᠠᠪᠠ᠃

ᠮᠣᠩ᠋ᠭᠣᠯ ᠤᠯᠤᠰ ᠤᠨ ᠦᠨᠳᠦᠰᠦᠨ ᠦ ᠠᠶᠤᠯ ᠦᠭᠡᠢ ᠪᠠᠢᠢᠳᠠᠯ ᠤᠨ ᠵᠥᠪᠯᠡᠯ ᠦᠨ ᠲᠡᠷᠢᠭᠦᠨ᠂ ᠮᠣᠩ᠋ᠭᠣᠯ ᠤᠯᠤᠰ ᠤᠨ ᠶᠡᠷᠦᠩᠬᠡᠢᠢᠯᠡᠭᠴᠢ ᠬᠠᠯᠲᠠᠮ᠎ᠠ ᠢᠢᠨ ᠪᠠᠲᠤᠲᠤᠯᠭ᠎ᠠ ᠄
《ᠦᠨᠳᠦᠰᠦᠨ ᠦ ᠠᠶᠤᠯ ᠦᠭᠡᠢ ᠪᠠᠢᠢᠳᠠᠯ ᠤᠨ ᠵᠥᠪᠯᠡᠯ ᠦᠨ ᠬᠤᠷᠠᠯᠳᠤᠭᠠᠨ 2020 ᠣᠨ ᠤ ᠠᠷᠪᠠᠨ ᠨᠢᠭᠡᠳᠦᠭᠡᠷ

thumbnail 20.06.05-Duichen
20.06.05-Duichen
ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠪᠤᠷᠬᠠᠨ ᠪᠠᠭᠰᠢ ᠢᠢᠨ ᠶᠡᠬᠡ ᠳᠦᠢᠴᠢᠨ ᠡᠳᠦᠷ ᠢ ᠲᠣᠬᠢᠶᠠᠯᠳᠤᠭᠤᠯᠤᠨ ᠢᠯᠡᠭᠡᠯᠲᠡ ᠭᠠᠷᠭᠠᠯ᠎ᠠ

ᠪᠤᠷᠬᠠᠨ ᠪᠠᠭᠰᠢ ᠢᠢᠨ ᠶᠡᠬᠡ ᠳᠦᠢᠴᠢᠨ ᠡᠳᠦᠷ ᠢ ᠨᠡᠢᠢᠲᠡ ᠪᠡᠷ
ᠲᠡᠮᠳᠡᠭᠯᠡᠬᠦ ᠪᠠᠶᠠᠷ ᠤᠨ ᠡᠳᠦᠷ ᠪᠣᠯᠭᠠᠨ ᠬᠠᠤᠯᠢᠴᠢᠯᠠᠭᠰᠠᠨ ᠠᠴᠠ ᠬᠣᠢᠢᠰᠢ ᠠᠩᠬ᠎ᠠ ᠤᠳᠠᠭ᠎ᠠ ᠥᠨᠥᠳᠥᠷ
ᠶᠣᠰᠣᠯᠠᠨ ᠲᠡᠮᠳᠡᠭᠯᠡᠵᠦ ᠪᠤᠢ ᠲᠠᠢ ᠬᠣᠯᠪᠣᠭᠳᠠᠭᠤᠯᠤᠨ ᠮᠣᠩ᠋ᠭᠣᠯ  ᠤᠯᠤᠰ ᠤᠨ ᠶᠡᠷᠦᠩᠬᠡᠢᠢᠯᠡᠭᠴᠢ ᠬ ∙
ᠪᠠᠲᠤᠲᠤᠯᠭ᠎ᠠ ᠢᠯᠡᠭᠡᠯᠲᠡ ᠭᠠᠷᠭᠠᠯ᠎ᠠ᠃

ᠮᠣᠩ᠋ᠭᠣᠯ  ᠤᠯᠤᠰ ᠤᠨ ᠶᠡᠷᠦᠩᠬᠡᠢᠢᠯᠡᠭᠴᠢ ᠢᠢᠨ ᠢᠯᠡᠭᠡᠯᠲᠡ ᠢᠢ ᠮᠣᠩ᠋ᠭᠣᠯ
 ᠤᠨ ᠪᠤᠷᠬᠠᠨ ᠱᠠᠰᠢᠨᠲᠠᠨ ᠤ ᠲᠥᠪ ᠭᠠᠩᠳᠠᠩᠳᠡᠭᠴᠡᠨᠯᠢᠩ ᠬᠡᠢᠢᠳ ᠦᠨ ᠪᠠᠲᠤᠴᠠᠭᠠᠨ ᠳᠤᠭᠠᠩ ᠳᠤ ᠥᠨᠥᠳᠥᠷ
ᠪᠣᠯᠤᠭᠰᠠᠨ ᠪᠤᠷᠬᠠᠨ ᠪᠠᠭᠰᠢ ᠢᠢᠨ ᠶᠡᠬᠡ ᠳᠦᠢᠴᠢᠨ ᠡᠳᠦᠷ ᠦᠨ ᠪᠠᠶᠠᠷ ᠤᠨ ᠶᠣᠰᠣᠯᠠᠯ ᠬᠦᠨᠳᠦᠳᠬᠡᠯ ᠦᠨ
ᠦᠢᠯᠡ ᠠᠵᠢᠯᠯᠠᠭᠠᠨ ᠤ ᠦᠶ᠎ᠡ ᠪᠡᠷ ᠮᠣᠩ᠋ᠭᠣᠯ  ᠤᠯᠤᠰ ᠤᠨ ᠶᠡᠷᠦᠩᠬᠡᠢᠢᠯᠡᠭᠴᠢ ᠢᠢᠨ ᠭᠠᠳᠠᠭᠠᠳᠤ ᠪᠣᠳᠣᠯᠭ᠎ᠠ ᠢᠢᠨ
ᠵᠥᠪᠯᠡᠬᠦ ᠲ ∙ ᠲᠡᠭᠰᠢᠵᠢᠷᠭᠠᠯ ᠤᠩᠰᠢᠵᠤ ᠰᠣᠨᠣᠷᠳᠠᠭᠤᠯᠤᠯ᠎ᠠ᠃

ᠮᠣᠩ᠋ᠭᠣᠯ  ᠤᠯᠤᠰ ᠤᠨ ᠶᠡᠷᠦᠩᠬᠡᠢᠢᠯᠡᠭᠴᠢ ᠢᠢᠨ ᠢᠯᠡᠭᠡᠯᠲᠡ ᠳᠥ᠄

《ᠮᠣᠩ᠋ᠭᠣᠯ  ᠤᠨ
ᠠᠷᠠᠳ

thumbnail 20.06.01 Children's day
20.06.01 Children's day
ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠣᠯᠠᠨ ᠤᠯᠤᠰ ᠤᠨ ᠬᠡᠦᠬᠡᠳ ᠦᠨ ᠡᠷᠬᠡ ᠢᠢ ᠬᠠᠮᠠᠭᠠᠯᠠᠬᠤ ᠡᠳᠦᠷ ᠦᠨ ᠪᠠᠶᠠᠷ ᠤᠨ ᠮᠡᠨᠳᠦᠴᠢᠯᠡᠭᠡ ᠳᠡᠪᠰᠢᠭᠦᠯᠦᠯ᠎ᠡ

ᠮᠣᠩ᠋ᠭᠣᠯ  ᠤᠯᠤᠰ ᠤᠨ ᠶᠡᠷᠦᠩᠬᠡᠢᠢᠯᠡᠭᠴᠢ ᠬ ∙
ᠪᠠᠲᠤᠲᠤᠯᠭ᠎ᠠ ᠣᠯᠠᠨ ᠤᠯᠤᠰ ᠤᠨ ᠬᠡᠦᠬᠡᠳ ᠦᠨ ᠡᠷᠬᠡ ᠢᠢ
ᠬᠠᠮᠠᠭᠠᠯᠠᠬᠤ ᠡᠳᠦᠷ ᠦᠨ ᠮᠡᠨᠳᠦᠴᠢᠯᠡᠭᠡ ᠳᠡᠪᠰᠢᠭᠦᠯᠦᠯ᠎ᠡ᠃

ᠮᠣᠩ᠋ᠭᠣᠯ  ᠤᠯᠤᠰ ᠤᠨ ᠶᠡᠷᠦᠩᠬᠡᠢᠢᠯᠡᠭᠴᠢ ᠬ ∙
ᠪᠠᠲᠤᠲᠤᠯᠭ᠎ᠠ ᠢᠢᠨ ᠮᠡᠨᠳᠦᠴᠢᠯᠡᠭᠡᠨ ᠳᠥ᠄

《ᠮᠣᠩ᠋ᠭᠣᠯ  ᠡᠬᠡ ᠣᠷᠣᠨ ᠤ ᠪᠠᠨ ᠢᠷᠡᠭᠡᠳᠦᠢ ᠢᠢ ᠳᠠᠷᠬᠠᠯᠠᠨ ᠪᠦᠲᠦᠭᠡᠬᠦ
ᠬᠡᠦᠬᠡᠳ ᠪᠠᠭᠠᠴᠤᠳ ᠲᠤ ᠪᠠᠨ ᠣᠯᠠᠨ ᠤᠯᠤᠰ ᠤᠨ ᠬᠡᠦᠬᠡᠳ ᠦᠨ ᠡᠷᠬᠡ ᠢᠢ ᠬᠠᠮᠠᠭᠠᠯᠠᠬᠤ ᠡᠳᠦᠷ ᠦᠨ ᠮᠡᠨᠳᠦ ᠢᠢ
ᠬᠦᠷᠭᠡᠶ᠎ᠡ᠃

ᠬᠡᠦᠬᠡᠳ᠂ ᠪᠠᠭᠠᠴᠤᠳ ᠲᠠ ᠪᠦᠬᠦᠨ ᠡᠴᠡ ᠡᠬᠡ ᠣᠷᠣᠨ ᠡᠬᠢᠯᠡᠳᠡᠭ
ᠶᠤᠮ ᠠ᠋᠃

ᠠᠪᠤ ᠡᠵᠢ ᠳᠥ ᠪᠡᠨ ᠠᠴᠢᠯᠠᠯ ᠲᠠᠢ᠂ ᠨᠠᠢᠢᠵᠠ ᠨᠥᠬᠥᠳ᠂ ᠠᠬ᠎ᠠ
ᠳᠡᠭᠦᠰ ᠲᠥ ᠪᠡᠨ ᠡᠨᠡᠷᠢᠯ᠂ ᠲᠤᠰᠠᠲᠠᠢ ᠪᠠᠢᠢᠪᠠᠯ ᠡᠬᠡ ᠣᠷᠣᠨ ᠤ ᠢᠷᠡᠭᠡᠳᠦᠢ ᠲᠡᠷᠡ ᠬᠢᠷᠢ ᠪᠡᠷ ᠭᠡᠷᠡᠯ ᠭᠡᠭᠡ ᠲᠡᠢ
ᠪᠠᠢᠢᠬᠤ ᠪᠣᠯᠤᠨ᠎ᠠ᠃

ᠲᠣᠮᠣᠴᠤᠳ ᠪᠢᠳᠡᠨ ᠦ ᠬᠠᠢᠢᠬᠤᠷᠤᠮᠵᠢ ᠦᠭᠡᠢ᠂
ᠬᠠᠷᠢᠭᠤᠴᠠᠯᠭ᠎ᠠ ᠦᠭᠡᠢ᠂ ᠪᠣᠯᠭᠣᠮᠵᠢ ᠦᠭᠡᠢ ᠬᠠᠨᠳᠤᠯᠭ᠎ᠠ ᠠᠴᠠ ᠪᠣᠯᠵᠤ ᠡᠩᠬᠦᠷᠡᠢ ᠪᠢᠴᠢᠬᠠᠨ

thumbnail 20.03.22 Nauryz
20.03.22 Nauryz
ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠨᠠᠦ᠋ᠷᠢᠽ ᠤᠨ ᠪᠠᠶᠠᠷ ᠤᠨ ᠮᠡᠨᠳᠦᠴᠢᠯᠡᠭᠡ ᠳᠡᠪᠰᠢᠭᠦᠯᠦᠯ᠎ᠡ

ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙
ᠪᠠᠲᠤᠲᠤᠯᠭ᠎ᠠ ᠨᠠᠦ᠋ᠷᠢᠽ ᠤᠨ ᠪᠠᠶᠠᠷ ᠢ ᠲᠣᠬᠢᠶᠠᠯᠳᠤᠭᠤᠯᠤᠨ ᠺᠠᠽᠠᠺ
 ᠲᠦᠮᠡᠨ ᠳᠥ ᠪᠡᠨ ᠮᠡᠨᠳᠦᠴᠢᠯᠡᠭᠡ ᠳᠡᠪᠰᠢᠭᠦᠯᠦᠯ᠎ᠡ᠃

ᠮᠣᠩ᠋ᠭᠣᠯ ᠤᠯᠤᠰ ᠤᠨ ᠶᠡᠷᠦᠩᠬᠡᠢᠢᠯᠡᠭᠴᠢ  ᠢᠢᠨ
ᠮᠡᠨᠳᠦᠴᠢᠯᠡᠭᠡᠨ ᠳᠦᠷ᠄

《 ᠨᠠᠦ᠋ᠷᠢᠽ ᠤᠨ
ᠪᠠᠶᠠᠷ ᠤᠨ ᠬᠠᠯᠠᠭᠤᠨ ᠮᠡᠨᠳᠦ ᠢᠢ ᠺᠠᠽᠠᠺ  ᠲᠦᠮᠡᠨ ᠳᠥ ᠪᠡᠨ
ᠳᠡᠪᠰᠢᠭᠦᠯᠦᠶ᠎ᠡ᠃

ᠤᠷᠢᠨ ᠬᠠᠪᠤᠷ ᠢ ᠥᠯᠵᠡᠢᠢᠲᠡᠢ ᠰᠠᠢᠢᠬᠠᠨ ᠢᠶᠠᠷ ᠤᠭᠲᠤᠨ
ᠵᠣᠯᠭᠠᠬᠤ ᠢᠢᠨ ᠢᠷᠦᠭᠡᠯ ᠨᠠᠦ᠋ᠷᠢᠽ ᠤᠨ ᠪᠠᠶᠠᠷ ᠢ ᠤᠯᠠᠮᠵᠢᠯᠠᠯ ᠶᠣᠰᠣᠭᠠᠷ ᠲᠡᠮᠳᠡᠭᠯᠡᠵᠦ ᠪᠠᠢᠢᠭ᠎ᠠ ᠺᠠᠽᠠᠺ
 ᠲᠦᠮᠡᠨ ᠳᠥ ᠪᠡᠨ ᠬᠠᠨᠳᠤᠨ ᠤᠷᠢᠶᠠᠯᠠᠬᠤ ᠳᠤ᠄

ᠠᠬᠠᠨ ᠳᠡᠭᠦᠰ᠂ ᠠᠢᠢᠯ ᠰᠠᠭᠠᠬᠠᠯᠲᠠ ᠪᠠᠷ ᠢᠶᠠᠨ ᠠᠭᠤᠯᠵᠠᠨ
ᠵᠣᠯᠭᠠᠵᠤ᠂ ᠠᠬᠠᠮᠠᠳ ᠨᠠᠰᠤᠲᠠᠨ ᠢᠶᠠᠨ ᠳᠡᠭᠡᠳᠦᠯᠡᠨ ᠬᠦᠨᠳᠦᠯᠡᠬᠦ ᠰᠠᠢᠢᠬᠠᠨ ᠵᠠᠩᠰᠢᠯ ᠢᠶᠠᠨ ᠡᠨᠡ ᠤᠳᠠᠭ᠎ᠠ
ᠬᠦᠯᠢᠴᠡᠨ ᠬᠣᠢᠢᠰᠢᠯᠠᠭᠤᠯᠵᠤ᠂ ᠲᠧᠭᠨᠣᠯᠣᠭᠢ ᠢᠢᠨ ᠳᠡᠪᠰᠢᠯ ᠢ ᠠᠰᠢᠭᠯᠠᠨ ᠴᠠᠬᠢᠮ ᠵᠣᠯᠭᠠᠯᠲᠠ᠂ ᠵᠠᠢ ᠠᠴᠠ
ᠮᠡᠨᠳᠦᠴᠢᠯᠡᠭᠡ ᠳᠡᠪᠰᠢᠭᠦᠯᠬᠦ ᠵᠡᠷᠭᠡ ᠡᠷᠦᠰᠳᠡᠯ ᠡᠴᠡ ᠰᠡᠷᠭᠡᠢᠢᠯᠡᠭᠰᠡᠨ ᠬᠡᠯᠪᠡᠷᠢ ᠢᠢ ᠠᠰᠢᠭᠯᠠᠬᠤ ᠢᠢ
ᠲᠦᠮᠡᠨ ᠳᠥ ᠪᠡᠨ ᠬᠦᠰᠡᠶ᠎ᠡ᠃

ᠳᠡᠯᠡᠬᠡᠢ ᠳᠠᠶᠠᠭᠠᠷ

thumbnail 20.03.17-Soldier
20.03.17-Soldier
ᠮᠣᠩ᠋ᠭᠣᠯ ᠤᠯᠤᠰ ᠤᠨ ᠶᠡᠷᠦᠩᠬᠡᠢᠢᠯᠡᠭᠴᠢ᠂ ᠵᠡᠪᠰᠡᠭᠲᠦ ᠬᠦᠴᠦᠨ ᠦ ᠶᠡᠷᠦᠩᠬᠡᠢ ᠺᠣᠮᠠᠨ᠋ᠳ᠋ᠯᠠᠭᠴᠢ ᠬ ∙ ᠪᠠᠲᠤᠲᠤᠯᠭ᠎ᠠ 《ᠮᠣᠩ᠋ᠭᠣᠯ ᠴᠡᠷᠢᠭ ᠦᠨ ᠡᠳᠦᠷ》 ᠍ ᠦᠨ ᠮᠡᠨᠳᠦᠴᠢᠯᠡᠭᠡ ᠳᠡᠪᠰᠢᠭᠦᠯᠦᠯ᠎ᠡ

ᠥᠨᠥᠳᠥᠷ ᠲᠣᠬᠢᠶᠠᠵᠤ ᠪᠤᠢ 《ᠮᠣᠩ᠋ᠭᠣᠯ ᠴᠡᠷᠢᠭ ᠦᠨ ᠡᠳᠦᠷ》᠂ ᠣᠷᠴᠢᠨ ᠴᠠᠭ ᠤᠨ ᠵᠡᠪᠰᠡᠭᠲᠦ ᠬᠦᠴᠦᠨ ᠦ 99 ᠵᠢᠯ ᠦᠨ ᠣᠢ ᠢᠢᠨ
ᠪᠠᠶᠠᠷ ᠢ ᠲᠣᠬᠢᠶᠠᠯᠳᠤᠭᠤᠯᠤᠨ ᠮᠣᠩ᠋ᠭᠣᠯ ᠤᠯᠤᠰ ᠤᠨ ᠶᠡᠷᠦᠩᠬᠡᠢᠢᠯᠡᠭᠴᠢ᠂ ᠵᠡᠪᠰᠡᠭᠲᠦ ᠬᠦᠴᠦᠨ ᠦ
ᠶᠡᠷᠦᠩᠬᠡᠢ ᠺᠣᠮᠠᠨ᠋ᠳ᠋ᠯᠠᠭᠴᠢ  ᠬ ∙
ᠪᠠᠲᠤᠲᠤᠯᠭ᠎ᠠ ᠮᠡᠨᠳᠦᠴᠢᠯᠡᠭᠡ ᠳᠡᠪᠰᠢᠭᠦᠯᠦᠯ᠎ᠡ᠃

ᠮᠣᠩ᠋ᠭᠣᠯ ᠤᠯᠤᠰ ᠤᠨ ᠶᠡᠷᠦᠩᠬᠡᠢᠢᠯᠡᠭᠴᠢ᠂ ᠵᠡᠪᠰᠡᠭᠲᠦ ᠬᠦᠴᠦᠨ ᠦ
ᠶᠡᠷᠦᠩᠬᠡᠢ ᠺᠣᠮᠠᠨ᠋ᠳ᠋ᠯᠠᠭᠴᠢ  ᠢᠢᠨ ᠮᠡᠨᠳᠦᠴᠢᠯᠡᠭᠡᠨ ᠳᠦᠷ᠄

《ᠡᠷᠬᠢᠮ
ᠴᠡᠷᠢᠭ ᠦᠨ ᠠᠯᠪᠠ ᠬᠠᠭᠠᠭᠴᠢᠳ᠂ ᠭᠧᠨᠧᠷᠠᠯ᠂ ᠣᠹᠢᠼᠧᠷ᠂ ᠭᠡᠷᠡᠳᠦ ᠪᠣᠯᠤᠨ ᠬᠤᠭᠤᠴᠠᠭᠠᠳᠤ ᠠᠯᠪᠠᠨ ᠤ
ᠠᠵᠢᠯᠲᠠᠨ ᠠᠯᠪᠠᠨ ᠬᠠᠭᠠᠭᠴᠢᠳ᠂ ᠪᠡᠯᠡᠳᠬᠡᠯ ᠪᠣᠯᠤᠨ ᠴᠢᠯᠦᠭᠡᠨ ᠳᠥ ᠪᠠᠢᠢᠭ᠎ᠠ ᠠᠬᠠᠮᠠᠳ ᠳᠠᠢᠢᠴᠢᠳ᠂ ᠡᠩᠬᠡ ᠢᠢ
ᠰᠠᠬᠢᠭᠤᠯᠤᠭᠴᠢᠳ ᠠ᠋᠂

ᠲᠠ ᠪᠦᠬᠦᠨ ᠳᠥ 《ᠮᠣᠩ᠋ᠭᠣᠯ
ᠴᠡᠷᠢᠭ ᠦᠨ ᠡᠳᠦᠷ》 – ᠣᠷᠴᠢᠨ
ᠴᠠᠭ ᠤᠨ ᠵᠡᠪᠰᠡᠭᠲᠦ ᠬᠦᠴᠦᠨ ᠡᠭᠦᠰᠴᠥ ᠬᠥᠭ᠍ᠵᠢᠭᠰᠡᠨ ᠦ 99 ᠵᠢᠯ ᠦᠨ

thumbnail 19.03.07 Women
19.03.07 Women
ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ 《ᠬᠦᠴᠦᠷᠬᠡᠢᠢᠯᠡᠯ ᠦᠨ ᠡᠰᠡᠷᠭᠦ ᠬᠦᠮᠦᠨ ᠪᠦᠷᠢ ᠢᠢᠨ ᠣᠷᠣᠯᠴᠠᠭ᠎ᠠ》 ᠦᠨᠳᠦᠰᠦᠨ ᠦ ᠴᠢᠭᠤᠯᠭᠠᠨ ᠤ ᠣᠷᠣᠯᠴᠠᠭᠴᠢᠳ ᠲᠤ ᠢᠯᠡᠭᠡᠯᠲᠡ ᠬᠦᠷᠭᠡᠭᠦᠯᠪᠡ

ᠮᠣᠩ᠋ᠭᠣᠯ ᠤᠯᠤᠰ ᠤᠨ ᠶᠡᠷᠦᠩᠬᠡᠢ ᠰᠠᠢᠢᠳ ᠤᠨ ᠢᠪᠡᠭᠡᠯ ᠳᠣᠣᠷ᠎ᠠ ᠬᠥᠳᠡᠯᠮᠦᠷᠢ ᠨᠡᠢᠢᠭᠡᠮ ᠤᠨ ᠬᠠᠮᠠᠭᠠᠯᠠᠯ ᠤᠨ ᠶᠠᠮᠤ᠂ ᠮᠣᠩ᠋ᠭᠣᠯ ᠤᠨ ᠡᠮᠡᠭᠲᠡᠢᠢᠴᠦᠳ ᠦᠨ ᠬᠣᠯᠪᠣᠭ᠎ᠠ ᠬᠠᠮᠲᠤᠷᠠᠨ ᠵᠣᠬᠢᠶᠠᠨ ᠪᠠᠢᠢᠭᠤᠯᠵᠤ ᠪᠤᠢ ᠬᠦᠴᠦᠷᠬᠡᠢᠢᠯᠡᠯ ᠦᠨ ᠡᠰᠡᠷᠭᠦ ᠬᠦᠮᠦᠨ ᠪᠦᠷᠢ ᠢᠢᠨ ᠣᠷᠣᠯᠴᠠᠭ᠎ᠠ》 ᠦᠨᠳᠦᠰᠦᠨ ᠦ ᠴᠢᠭᠤᠯᠭᠠᠨ ᠥᠨᠥᠳᠥᠷ ᠲᠥᠷᠥ ᠢᠢᠨ ᠣᠷᠳᠣᠨ ᠤ ᠶᠡᠬᠡ ᠲᠠᠩᠬᠢᠮ ᠳᠤ ᠪᠣᠯᠤᠯ᠎ᠠ᠃

 

ᠦᠨᠳᠦᠰᠦᠨ ᠦ ᠴᠢᠭᠤᠯᠭᠠᠨ ᠳᠤ ᠣᠷᠣᠯᠴᠠᠭᠴᠢᠳ ᠲᠤ ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠢᠯᠡᠭᠡᠯᠲᠡ ᠬᠦᠷᠭᠡᠭᠦᠯᠦᠭᠰᠡᠨ ᠢ ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠢᠷᠭᠡᠨ ᠦ ᠨᠡᠢᠢᠭᠡᠮ᠂ ᠬᠦᠮᠦᠨ ᠦ ᠡᠷᠬᠡ ᠢᠢᠨ ᠪᠣᠳᠣᠯᠭ᠎ᠠ ᠢᠢᠨ ᠵᠥᠪᠯᠡᠬᠦ ᠭ ∙ ᠤᠶᠠᠩ᠋ᠭ᠎ᠠ ᠤᠩᠰᠢᠵᠤ ᠲᠠᠨᠢᠯᠴᠠᠭᠤᠯᠪᠠ᠃

 

ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠢᠯᠡᠭᠡᠯᠲᠡ ᠳᠥ᠄

 

《ᠬᠦᠴᠦᠷᠬᠡᠢᠢᠯᠡᠯ ᠲᠡᠷᠡ ᠳᠤᠮᠳᠠ ᠪᠠᠨ

thumbnail 19.02.05 Mendchilgee
19.02.05 Mendchilgee
ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠢᠢᠨ ᠰᠠᠷ᠎ᠠ ᠰᠢᠨ᠎ᠡ ᠢᠢᠨ ᠮᠡᠨᠳᠦᠴᠢᠯᠡᠭᠡ

XVII ᠵᠢᠷᠠᠨ ᠤ 《ᠤᠷᠪᠠᠭᠤᠯᠤᠭᠴᠢ》 ᠬᠡᠮᠡᠬᠦ ᠰᠢᠷᠠᠭᠴᠢᠨ ᠭᠠᠬᠠᠢ ᠵᠢᠯ ᠦᠨ ᠬᠠᠪᠤᠷ ᠤᠨ ᠲᠡᠷᠢᠭᠦᠨ ᠰᠠᠷ᠎ᠠ ᠢᠢᠨ ᠰᠠᠷ᠎ᠠ ᠰᠢᠨ᠎ᠡ ᠢᠢᠨ ᠪᠠᠶᠠᠷ ᠲᠤ ᠵᠣᠷᠢᠭᠤᠯᠤᠨ ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠠᠷᠠᠳ ᠲᠦᠮᠡᠨ ᠳᠥ ᠪᠡᠨ ᠬᠠᠨᠳᠤᠨ ᠮᠡᠨᠳᠦᠴᠢᠯᠡᠭᠡ ᠳᠡᠪᠰᠢᠭᠦᠯᠦᠯ᠎ᠡ᠃

 

ᠮᠡᠨᠳᠦᠴᠢᠯᠡᠭᠡ ᠄

 

ᠳᠠᠭ᠎ᠠ ᠳᠠᠯᠩ ᠲᠠᠢ᠂ ᠪᠢᠷᠠᠭᠤ ᠪᠤᠯᠴᠢᠩ ᠲᠠᠢ᠂ ᠰᠦᠷᠦᠭ ᠮᠠᠯ ᠣᠨ ᠳᠤ ᠮᠡᠨᠳᠦ᠂ ᠲᠠᠷᠭᠠᠨ ᠲᠠᠪᠠᠲᠠᠢ ᠰᠠᠢᠢᠬᠠᠨ ᠤᠷᠤᠪᠠ ᠤᠤ?

 

ᠠᠮᠤᠷ ᠪᠠᠢᠢᠨ᠎ᠠ ᠤᠤ? ᠬᠣᠲᠠᠯᠠ ᠣᠯᠠᠨ ᠢᠶᠠᠷ ᠢᠶᠠᠨ 《ᠲᠡᠢᠢᠨ ᠤᠨᠵᠢᠯᠭᠠᠳᠤ》 ᠬᠡᠮᠡᠬᠦ ᠰᠢᠷᠤᠶ ᠨᠣᠬᠠᠢ ᠵᠢᠯ ᠢᠶᠡᠨ ᠦᠳᠡᠵᠦ᠂ ᠤᠭᠲᠤᠵᠤ ᠪᠤᠢ ᠰᠢᠷᠠᠭᠴᠢᠨ ᠭᠠᠬᠠᠢ ᠵᠢᠯ ᠦᠨ ᠬᠠᠪᠤᠷ ᠤᠨ ᠲᠡᠷᠢᠭᠦᠨ ᠰᠠᠷ᠎ᠠ ᠢᠢᠨ ᠰᠢᠨ᠎ᠡ ᠢᠢᠨ ᠨᠢᠭᠡᠨ ᠦ ᠪᠡᠯᠭᠡᠲᠦ

thumbnail 19.01.01 Greeting
19.01.01 Greeting
ᠮᠣᠩ᠋ᠭᠣᠯ ᠤᠯᠤᠰ ᠤᠨ ᠶᠡᠷᠦᠩᠬᠡᠢᠢᠯᠡᠭᠴᠢ ᠬᠠᠯᠲᠠᠮ᠎ᠠ ᠢᠢᠨ ᠪᠠᠲᠤᠲᠤᠯᠭ᠎ᠠ ᠢᠢᠨ ᠰᠢᠨ᠎ᠡ ᠵᠢᠯ ᠦᠨ ᠮᠡᠨᠳᠦᠴᠢᠯᠡᠭᠡ

ᠮᠣᠩ᠋ᠭᠣᠯ ᠤᠯᠤᠰ ᠤᠨ ᠳᠥᠷᠪᠡᠨ ᠵᠦᠭ᠂ ᠨᠠᠢᠢᠮᠠᠨ ᠵᠣᠪᠬᠢᠰ ᠲᠤ ᠠᠮᠢᠳᠤᠷᠠᠨ ᠰᠠᠭᠤᠭ᠎ᠠ ᠬᠦᠨᠳᠦᠳᠦ ᠠᠷᠠᠳ ᠢᠷᠭᠡᠳ ᠡ᠂

ᠳᠠᠶᠠᠩ ᠳᠡᠯᠡᠬᠡᠢ ᠳᠥ ᠲᠠᠷᠬᠠᠨ ᠰᠠᠭᠤᠷᠢᠰᠢᠭ᠌ᠰᠠᠨ ᠮᠣᠩ᠋ᠭᠣᠯ ᠲᠤᠭᠤᠷᠭᠠᠲᠠᠨ ᠨᠤᠭᠤᠳ ᠠ᠋᠂

 

ᠣᠨ ᠰᠣᠯᠢᠭᠳᠠᠬᠤ ᠲᠣᠷᠭᠠᠨ ᠮᠥᠴᠡ ᠢᠷᠡᠯ᠎ᠡ᠃ ᠮᠣᠩ᠋ᠭᠣᠯᠴᠤᠳ ᠪᠢᠳᠡ ᠭᠤᠷᠪᠠ ᠳᠠᠬᠢ ᠮᠢᠩ᠋ᠭᠠᠨ ᠤ ᠠᠷᠪᠠᠨ ᠨᠠᠢᠢᠮᠠ ᠳᠠᠬᠢ ᠣᠨ ᠢᠶᠠᠨ ᠦᠳᠡᠵᠦ᠂ ᠢᠷᠡᠭᠡᠳᠦᠢ ᠪᠡᠨ ᠳᠠᠷᠬᠠᠯᠠᠨ ᠪᠦᠲᠦᠭᠡᠬᠦ 2019 ᠣᠨ ᠢ ᠤᠭᠲᠤᠵᠤ ᠪᠠᠢᠢᠨ᠎ᠠ᠃

 

ᠤᠯᠠᠷᠢᠨ ᠣᠳᠴᠤ ᠪᠤᠢ 2018 ᠣᠨ ᠳᠤ ᠪᠢᠳᠡ ᠤᠯᠤᠰ ᠲᠥᠷᠥ ᠡᠳ᠋ ᠍ ᠦᠨ ᠵᠠᠰᠠᠭ ᠤᠨ ᠠᠮᠠᠷ ᠦᠭᠡᠢ ᠰᠣᠷᠢᠯᠲᠠ᠂ ᠰᠢᠯᠭᠠᠭᠤᠷ ᠢ ᠳᠠᠪᠠᠨ ᠲᠤᠭᠤᠯᠵᠤ᠂ ᠢᠲᠡᠭᠡᠯᠴᠡᠯ᠂ ᠡᠪ ᠨᠢᠭᠡᠳᠦᠯ ᠢᠶᠡᠨ ᠪᠠᠲᠤᠳᠬᠠᠭᠰᠠᠨ ᠵᠢᠯ ᠪᠣᠯᠤᠯ᠎ᠠ᠃ ᠮᠣᠩ᠋ᠭᠣᠯ ᠤᠯᠤᠰ ᠤᠨ

thumbnail 18.10.07 Putin
18.10.07 Putin
ᠮᠣᠩᠭᠣᠯ ᠤᠯᠤᠰ ᠤᠨ ᠶᠡᠷᠦᠩᠬᠡᠶᠢᠯᠡᠭᠴᠢ ᠬ ∙ ᠪᠠᠲᠤᠲᠤᠯᠭ᠎ᠠ ᠣᠷᠣᠰ ᠤᠨ ᠬᠣᠯᠪᠣᠭᠠᠨ ᠤ ᠤᠯᠤᠰ ᠤᠨ ᠶᠡᠷᠦᠩᠬᠡᠶᠢᠯᠡᠭᠴᠢ ᠸ ∙ ᠸ ∙ ᠫᠦᠲ᠋ᠢᠨ ᠳᠦ ᠲᠦᠷᠦᠭᠰᠡᠨ ᠡᠳᠦᠷ ᠦᠨ ᠮᠡᠨᠳᠦᠴᠢᠯᠡᠭᠡ ᠳᠡᠪᠰᠢᠭᠦᠯᠪᠡ

ᠮᠣᠩᠭ᠋ᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠥᠨᠥᠳᠥᠷ ᠲᠦᠷᠦᠭᠰᠡᠨ ᠡᠳᠦᠷ ᠨᠢ ᠲᠣᠬᠢᠶᠠᠵᠤ ᠪᠤᠢ ᠣᠷᠣᠰ ᠤᠨ ᠬᠣᠯᠪᠣᠭᠠᠨ ᠤ ᠤᠯᠤᠰ ᠤᠨ ᠶᠡᠷᠦᠩᠬᠡᠢᠢᠯᠡᠭᠴᠢ ᠡᠷᠬᠢᠮᠰᠦᠭ ᠨᠣᠶᠠᠨ ᠸᠯᠠᠳᠢᠮᠢᠷ ᠸᠯᠠᠳᠢᠮᠢᠷᠣᠸᠢᠴ ᠫᠦᠲ᠋ᠢᠨ ᠳᠤ ᠮᠡᠨᠳᠦᠴᠢᠯᠡᠭᠡ ᠳᠡᠪᠰᠢᠭᠦᠯᠦᠯ᠎ᠡ᠃

 

ᠮᠡᠨᠳᠦᠴᠢᠯᠴᠭᠡᠨ ᠳᠥ᠄

ᠡᠷᠬᠢᠮ ᠬᠦᠨᠳᠦᠳᠦ ᠸᠯᠠᠳᠢᠮᠢᠷ ᠸᠯᠠᠳᠢᠮᠢᠷᠣᠸᠢᠴ᠂

 

ᠲᠠᠨ ᠤ ᠲᠦᠷᠦᠭᠰᠡᠨ ᠡᠳᠦᠷ ᠢ ᠲᠣᠬᠢᠶᠠᠯᠳᠤᠭᠤᠯᠤᠨ ᠴᠢᠩ ᠰᠡᠳᠬᠢᠯ ᠦᠨ ᠪᠠᠶᠠᠷ ᠤᠨ ᠮᠡᠨᠳᠦᠴᠢᠯᠡᠭᠡ ᠳᠡᠪᠰᠢᠭᠦᠯᠵᠦ ᠪᠤᠢ ᠢᠢ ᠬᠦᠯᠢᠶᠡᠨ ᠠᠪᠤᠨ᠎ᠠ ᠤᠤ᠃

 

ᠲᠠ ᠪᠢᠳᠡᠨ ᠦ ᠴᠢᠨ᠋ᠳᠠᠣ‍᠂ ᠸᠯᠠᠳᠢᠸᠤᠰᠲ᠋ᠣᠺ᠂ ᠪᠠᠺᠦ᠋ ᠬᠣᠲᠠ ᠨᠤᠭᠤᠳ ᠲᠤ ᠬᠢᠭ᠍ᠰᠡᠨ ᠠᠵᠢᠯ ᠬᠡᠷᠡᠭᠴᠢ ᠠᠭᠤᠯᠵᠠᠯᠲᠠ ᠨᠤᠭᠤᠳ ᠤᠨ ᠦᠷ᠎ᠡ ᠳ᠋ᠦᠩ ᠨᠢ ᠮᠣᠩᠭ᠋ᠣᠯ᠂ ᠣᠷᠣᠰ ᠤᠨ ᠤᠯᠠᠮᠵᠢᠯᠠᠯᠲᠤ ᠨᠠᠢᠢᠷᠰᠠᠭ ᠬᠠᠷᠢᠯᠴᠠᠭ᠎ᠠ᠂ ᠪᠦᠬᠦ ᠰᠠᠯᠪᠤᠷᠢ ᠢᠢᠨ ᠬᠠᠷᠢᠯᠴᠠᠨ ᠠᠰᠢᠭᠲᠠᠢ ᠬᠠᠮᠲᠤ ᠢᠢᠨ

  • 1
  • 2