Та "Internet explorer"-ийн сүүлийн хувилбар болох "Microsoft edge"-г ашиглана уу

Хэрэв "Microsoft edge"-г татах бол энд дарж татаж авна уу

thumbnail 2025.11.28 MUYK Gegeen Shireet Ulsad turiin ailchlal hiine
2025.11.28 MUYK Gegeen Shireet Ulsad turiin ailchlal hiine
ᠮᠣᠩ᠋ᠭᠤᠯ ᠤᠯᠤᠰ ᠤᠨ ᠶᠡᠷᠦᠩᠬᠡᠢᠢᠯᠡᠭᠴᠢ ᠤ·ᠬᠦᠷᠡᠯᠰᠦ᠋ᠬᠡ ᠭᠡᠭᠡᠨ ᠰᠢᠷᠡᠭᠡᠲᠦ ᠤᠯᠤᠰ ᠲᠤ ᠲᠥᠷᠦ ᠢᠢᠨ ᠠᠢᠢᠯᠴᠢᠯᠠᠯ ᠬᠢᠨ᠎ᠡ

ᠮᠣᠩ᠋ᠭᠤᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠭᠡᠭᠡᠨ ᠰᠢᠷᠡᠭᠡᠲᠦ ᠤᠯᠤᠰ ᠤᠨ ᠲᠥᠷᠦ ᠢᠢᠨ ᠲᠡᠷᠢᠭᠦᠨ᠂ ᠫᠠᠫ XIV ᠯᠧᠣ᠋ ᠢᠢᠨ ᠤᠷᠢᠯᠭ᠎ᠠ ᠪᠠᠷ ᠒᠐᠒᠕ ᠣᠨ ᠤ ᠑᠒ ᠳ᠋ᠤᠭᠠᠷ ᠰᠠᠷ᠎ᠠ ᠢᠢᠨ ᠐᠔ ᠦ ᠡᠳᠦᠷ ᠲᠤᠰ ᠤᠯᠤᠰ ᠲᠤ ᠲᠥᠷᠦ ᠢᠢᠨ ᠠᠢᠢᠯᠴᠢᠯᠠᠯ ᠬᠢᠨ᠎ᠡ᠃

ᠲᠥᠷᠦ ᠢᠢᠨ ᠠᠢᠢᠯᠴᠢᠯᠠᠯ ᠨᠢ ᠮᠣᠩ᠋ᠭᠤᠯ ᠤᠯᠤᠰ ᠤᠨ ᠲᠥᠷᠦ ᠢᠢᠨ ᠲᠡᠷᠢᠭᠦᠨ ᠦ ᠲᠥᠪᠰᠢᠨ ᠳᠥ ᠲᠤᠰ ᠤᠯᠤᠰ ᠲᠤ ᠑᠔ ᠵᠢᠯ ᠦᠨ ᠳᠠᠷᠠᠭ᠎ᠠ ᠬᠢᠬᠦ ᠠᠢᠢᠯᠴᠢᠯᠠᠯ ᠶᠤᠮ᠃

ᠠᠢᠢᠯᠴᠢᠯᠠᠯ ᠤᠨ ᠦᠶ᠎ᠡ ᠪᠡᠷ ᠬᠣᠶᠠᠷ ᠤᠯᠤᠰ ᠤᠨ ᠲᠥᠷᠦ ᠢᠢᠨ ᠲᠡᠷᠢᠭᠦᠨ ᠠᠯᠪᠠᠨ ᠶᠣᠰᠤᠨ ᠤ ᠠᠭᠤᠯᠵᠠᠯᠲᠠ ᠬᠢᠨ᠎ᠡ᠃ ᠮᠥᠨ ᠶᠡᠷᠦᠩᠬᠡᠢᠢᠯᠡᠭᠴᠢ ᠤ·ᠬᠦᠷᠡᠯᠰᠦ᠋ᠬᠡ ᠳᠥ ᠭᠡᠭᠡᠨ ᠰᠢᠷᠡᠭᠡᠲᠦ ᠤᠯᠤᠰ ᠤᠨ ᠲᠥᠷᠦ ᠢᠢᠨ ᠬᠡᠷᠡᠭ ᠡᠷᠬᠢᠯᠡᠬᠦ ᠭᠠᠵᠠᠷ ᠤᠨ

thumbnail 2025.11.28 MUYK BN Itali Ulsad ailchlal hiine
2025.11.28 MUYK BN Itali Ulsad ailchlal hiine
ᠮᠣᠩ᠋ᠭᠤᠯ ᠤᠯᠤᠰ ᠤᠨ ᠶᠡᠷᠦᠩᠬᠡᠢᠢᠯᠡᠭᠴᠢ ᠤ·ᠬᠦᠷᠡᠯᠰᠦ᠋ᠬᠡ ᠪᠦᠭᠦᠳᠡ ᠨᠠᠢᠢᠷᠠᠮᠳᠠᠬᠤ ᠢᠲ᠋ᠠᠯᠢ ᠤᠯᠤᠰ ᠲᠤ ᠲᠥᠷᠦ ᠢᠢᠨ ᠠᠢᠢᠯᠴᠢᠯᠠᠯ ᠬᠢᠨ᠎ᠡ

ᠮᠣᠩ᠋ᠭᠤᠯ ᠤᠯᠤᠰ ᠤᠨ ᠶᠡᠷᠦᠩᠬᠡᠢᠢᠯᠡᠭᠴᠢ ᠤ·ᠬᠦᠷᠡᠯᠰᠦ᠋ᠬᠡ ᠪᠦᠭᠦᠳᠡ ᠨᠠᠢᠢᠷᠠᠮᠳᠠᠬᠤ ᠢᠲ᠋ᠠᠯᠢ ᠤᠯᠤᠰ ᠤᠨ ᠶᠡᠷᠦᠩᠬᠡᠢᠢᠯᠡᠭᠴᠢ ᠰᠧᠷᠵᠢᠣ᠋ ᠮᠠᠲ᠋ᠲ᠋ᠠᠷᠧᠯᠯᠠ ᠢᠢᠨ ᠤᠷᠢᠯᠭ᠎ᠠ ᠪᠠᠷ ᠒᠐᠒᠕ ᠣᠨ ᠤ ᠑᠒ ᠳ᠋ᠤᠭᠠᠷ ᠰᠠᠷ᠎ᠠ ᠢᠢᠨ ᠐᠑-᠐᠓ ᠤ ᠡᠳᠦᠷ ᠦᠳ ᠲᠥ ᠲᠤᠰ ᠤᠯᠤᠰ ᠲᠤ ᠲᠥᠷᠦ ᠢᠢᠨ ᠠᠢᠢᠯᠴᠢᠯᠠᠯ ᠬᠢᠨ᠎ᠡ᠃

ᠡᠨᠡ ᠠᠢᠢᠯᠴᠢᠯᠠᠯ ᠮᠣᠩ᠋ᠭᠤᠯ ᠤᠯᠤᠰ᠂ ᠪᠦᠭᠦᠳᠡ ᠨᠠᠢᠢᠷᠠᠮᠳᠠᠬᠤ ᠢᠲ᠋ᠠᠯᠢ ᠤᠯᠤᠰ ᠬᠣᠭᠤᠷᠤᠨᠳᠤ ᠳ᠋ᠢᠫᠯᠣᠮᠠᠲ ᠬᠠᠷᠢᠯᠴᠠᠭ᠎ᠠ ᠲᠣᠭᠲᠠᠭᠠᠭᠰᠠᠨ ᠤ ᠕᠕ ᠵᠢᠯ ᠦᠨ ᠣᠢ ᠢᠢᠨ ᠬᠦᠷᠢᠶᠡᠨ ᠳᠥ ᠲᠥᠷᠦ ᠢᠢᠨ ᠲᠡᠷᠢᠭᠦᠨ ᠦ ᠲᠥᠪᠰᠢᠨ ᠳᠥ ᠑᠔ ᠵᠢᠯ ᠦᠨ ᠳᠠᠷᠠᠭ᠎ᠠ ᠪᠣᠯᠬᠤ ᠶᠤᠮ᠃

ᠠᠢᠢᠯᠴᠢᠯᠠᠯ ᠤᠨ ᠦᠶ᠎ᠡ ᠪᠡᠷ ᠬᠣᠶᠠᠷ ᠤᠯᠤᠰ ᠤᠨ ᠶᠡᠷᠦᠩᠬᠡᠢᠢᠯᠡᠭᠴᠢ ᠭᠠᠭᠴᠠᠭᠠᠷᠴᠢᠯᠠᠭᠰᠠᠨ ᠠᠭᠤᠯᠵᠠᠯᠲᠠ ᠪᠣᠯᠤᠨ ᠠᠯᠪᠠᠨ ᠶᠣᠰᠤᠨ ᠤ ᠬᠡᠯᠡᠯᠴᠡᠭᠡ ᠬᠢᠨ᠎ᠡ᠃ ᠶᠡᠷᠦᠩᠬᠡᠢᠢᠯᠡᠭᠴᠢ ᠤ·ᠬᠦᠷᠡᠯᠰᠦ᠋ᠬᠡ ᠳᠥ

thumbnail 2025.12.26 Zagasnii Dulmaa hemeen oldoo aldarshsan Ayuriin Dulmaad Hudulmuriin baatar tsol hurteelee 1
2025.12.26 Zagasnii Dulmaa hemeen oldoo aldarshsan Ayuriin Dulmaad Hudulmuriin baatar tsol hurteelee 1
«ᠵᠢᠭᠠᠰᠤᠨ ᠤ ᠳᠤᠯᠮ᠎ᠠ» ᠬᠡᠮᠡᠨ ᠣᠯᠠᠨ ᠢᠶᠠᠨ ᠠᠯᠳᠠᠷᠰᠢᠭᠰᠠᠨ ᠠᠻᠠᠳᠧᠮᠢᠴᠢ ᠠᠶᠤᠷ ᠤᠨ ᠳᠤᠯᠮ᠎ᠠ ᠳᠤ ᠬᠥᠳᠡᠯᠮᠦᠷᠢ ᠢᠢᠨ ᠪᠠᠭᠠᠲᠤᠷ ᠴᠣᠯᠠ ᠬᠦᠷᠲᠡᠭᠡᠯ᠎ᠡ

ᠠᠩᠬᠠᠳᠤᠭᠠᠷ ᠦᠨᠳᠦᠰᠦᠨ ᠬᠠᠤᠯᠢ ᠪᠠᠨ ᠪᠠᠲᠤᠯᠠᠵᠤ᠂ ᠪᠦᠭᠦᠳᠡ ᠨᠠᠢᠢᠷᠠᠮᠳᠠᠬᠤ ᠤᠯᠤᠰ ᠢᠶᠠᠨ ᠲᠤᠩᠬᠠᠭᠯᠠᠭᠰᠠᠨ ᠤ ᠲᠡᠦᠬᠡᠲᠦ ᠑᠐᠑ ᠵᠢᠯ ᠦᠨ ᠣᠢ ᠢᠢ ᠲᠣᠬᠢᠶᠠᠯᠳᠤᠭᠤᠯᠤᠨ ᠮᠣᠩ᠋ᠭᠤᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠨᠡᠷ᠎ᠡ ᠪᠦᠬᠦᠢ ᠡᠷᠬᠢᠮ ᠦᠳ ᠲᠥ ᠲᠥᠷᠦ ᠢᠢᠨ ᠳᠡᠭᠡᠳᠦ ᠴᠣᠯᠠ᠂ ᠣᠳᠣᠨ᠂ ᠮᠧᠳᠠᠯᠢ ᠬᠦᠷᠲᠡᠭᠡᠯ᠎ᠡ᠃

ᠬᠥᠳᠡᠯᠮᠦᠷᠢ ᠢᠢᠨ ᠪᠠᠭᠠᠲᠤᠷ ᠴᠣᠯᠠ ᠢᠢ:

• ᠰᠢᠨᠵᠢᠯᠡᠬᠦ ᠤᠬᠠᠭᠠᠨ᠂ ᠪᠣᠯᠪᠠᠰᠤᠷᠠᠯ ᠤᠨ ᠰᠠᠯᠪᠤᠷᠢ ᠳᠤ ᠦᠷ᠎ᠡ ᠪᠦᠲᠦᠭᠡᠯ ᠲᠡᠢ ᠠᠵᠢᠯᠯᠠᠵᠤ᠂ ᠣᠯᠠᠨ ᠠᠷᠪᠠᠨ ᠨᠢᠭᠡ ᠰᠡᠳᠦᠪᠲᠦ ᠡᠷᠳᠡᠮ ᠰᠢᠨᠵᠢᠯᠡᠭᠡᠨ ᠦ ᠪᠦᠲᠦᠭᠡᠯ᠂ ᠣᠯᠠᠨ ᠵᠠᠭᠤᠨ ᠥᠭᠦᠯᠡᠯ᠂ ᠵᠢᠭᠠᠪᠤᠷᠢ᠂ ᠵᠥᠪᠯᠡᠮᠵᠢ᠂ ᠭᠠᠷ ᠤᠨ ᠠᠪᠤᠯᠭ᠎ᠠ ᠪᠣᠯᠪᠠᠰᠤᠷᠠᠭᠤᠯᠵᠤ᠂ ᠪᠢᠣᠯᠣᠭᠢ ᠢᠢᠨ ᠰᠠᠯᠪᠤᠷᠢ ᠢᠢᠨ ᠮᠡᠷᠭᠡᠵᠢᠯ ᠲᠡᠢ ᠬᠦᠮᠦᠨ ᠦ ᠨᠥᠭᠡᠴᠡ ᠪᠡᠯᠡᠳᠬᠡᠬᠦ᠂ ᠮᠣᠩ᠋ᠭᠤᠯ ᠣᠷᠤᠨ ᠤ ᠵᠢᠭᠠᠰᠤᠨ ᠤ

thumbnail 2025.11.25 Ardiin bagsh Sendenjawiin Dulamd Hudulmuriin baatar tsol hurteelee 1
2025.11.25 Ardiin bagsh Sendenjawiin Dulamd Hudulmuriin baatar tsol hurteelee 1
ᠠᠷᠠᠳ ᠤᠨ ᠪᠠᠭᠰᠢ ᠰᠡᠩᠳᠦᠩᠵᠠᠪ ᠤᠨ ᠳᠤᠯᠮ᠎ᠠ ᠳᠤ ᠬᠥᠳᠡᠯᠮᠦᠷᠢ ᠢᠢᠨ ᠪᠠᠭᠠᠲᠤᠷ ᠴᠣᠯᠠ ᠬᠦᠷᠲᠡᠭᠡᠯ᠎ᠡ

ᠠᠩᠬᠠᠳᠤᠭᠠᠷ ᠦᠨᠳᠦᠰᠦᠨ ᠬᠠᠤᠯᠢ ᠪᠠᠨ ᠪᠠᠲᠤᠯᠠᠵᠤ᠂ ᠪᠦᠭᠦᠳᠡ ᠨᠠᠢᠢᠷᠠᠮᠳᠠᠬᠤ ᠤᠯᠤᠰ ᠢᠶᠠᠨ ᠲᠤᠩᠬᠠᠭᠯᠠᠭᠰᠠᠨ ᠤ ᠲᠡᠦᠬᠡᠲᠦ ᠑᠐᠑ ᠵᠢᠯ ᠦᠨ ᠣᠢ ᠢᠢ ᠲᠣᠬᠢᠶᠠᠯᠳᠤᠭᠤᠯᠤᠨ ᠮᠣᠩ᠋ᠭᠤᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠵᠠᠷᠯᠢᠭ ᠭᠠᠷᠭᠠᠨ ᠨᠡᠷ᠎ᠡ ᠪᠦᠬᠦᠢ ᠡᠷᠬᠢᠮ ᠦᠳ ᠲᠥ ᠲᠥᠷᠦ ᠢᠢᠨ ᠳᠡᠭᠡᠳᠦ ᠴᠣᠯᠠ᠂ ᠣᠳᠣᠨ᠂ ᠮᠧᠳᠠᠯᠢ ᠬᠦᠷᠲᠡᠭᠡᠯ᠎ᠡ᠃

ᠬᠥᠳᠡᠯᠮᠦᠷᠢ ᠢᠢᠨ ᠪᠠᠭᠠᠲᠤᠷ ᠴᠣᠯᠠ ᠢᠢ:

ᠮᠣᠩ᠋ᠭᠤᠯ ᠦᠨᠳᠦᠰᠦᠲᠡᠨ ᠦ ᠰᠣᠶᠤᠯ᠂ ᠰᠡᠳᠬᠢᠯᠭᠡᠨ ᠦ ᠦᠨᠳᠦᠰᠦ ᠪᠣᠯᠤᠭᠰᠠᠨ ᠮᠣᠩ᠋ᠭᠤᠯ ᠳᠣᠮᠤᠭ ᠵᠦᠢ᠂ ᠪᠡᠯᠭᠡᠳᠡᠯ ᠵᠦᠢ ᠢᠢᠨ ᠴᠤᠪᠤᠷᠠᠯ ᠰᠤᠳᠤᠯᠭ᠎ᠠ ᠪᠠᠷ ᠢᠶᠠᠨ ᠮᠣᠩ᠋ᠭᠤᠯ ᠰᠣᠶᠤᠯ ᠢ ᠲᠠᠢᠢᠯᠤᠨ ᠲᠠᠢᠢᠯᠪᠤᠷᠢᠯᠠᠬᠤ ᠣᠨᠤᠯ ᠠᠷᠭ᠎ᠠ ᠵᠦᠢ᠂ ᠦᠵᠡᠯ ᠪᠠᠷᠢᠮᠲᠠᠯᠠᠯ ᠪᠣᠯᠪᠠᠰᠤᠷᠠᠭᠤᠯᠵᠤ᠂ ᠰᠠᠭᠤᠷᠢ ᠰᠤᠳᠤᠯᠭᠠᠨ ᠤ ᠣᠯᠠᠨ ᠠᠷᠪᠠᠨ ᠪᠦᠲᠦᠭᠡᠯ ᠲᠤᠭᠤᠷᠪᠢᠨ᠂ ᠲᠥᠷᠦ ᠢᠢᠨ

thumbnail 2025.11.24 Mongol baharhliin udriig tohiolduulan baatarlag tuuli haillaa 1
2025.11.24 Mongol baharhliin udriig tohiolduulan baatarlag tuuli haillaa 1
«ᠮᠣᠩ᠋ᠭᠤᠯ ᠪᠠᠬᠠᠷᠬᠠᠯ ᠤᠨ ᠡᠳᠦᠷ» ᠊ᠢ ᠲᠣᠬᠢᠶᠠᠯᠳᠤᠭᠤᠯᠤᠨ ᠪᠠᠭᠠᠲᠤᠷᠯᠢᠭ ᠲᠤᠤᠯᠢ ᠬᠠᠢᠢᠯᠠᠯ᠎ᠠ

ᠡᠵᠡᠨ ᠪᠣᠭᠳᠠ ᠴᠢᠩᠬᠢᠰ ᠬᠠᠭᠠᠨ ᠤ ᠮᠡᠨᠳᠦᠯᠡᠭᠰᠡᠨ ᠦ ᠘᠖᠓ ᠵᠢᠯ ᠦᠨ ᠣᠢ᠂ «ᠮᠣᠩ᠋ᠭᠤᠯ ᠪᠠᠬᠠᠷᠬᠠᠯ ᠤᠨ ᠡᠳᠦᠷ» ᠊ᠢ ᠲᠣᠬᠢᠶᠠᠯᠳᠤᠭᠤᠯᠤᠨ ᠡᠪᠦᠯ ᠦᠨ ᠲᠡᠷᠢᠭᠦᠨ ᠰᠠᠷ᠎ᠠ ᠢᠢᠨ ᠰᠢᠨ᠎ᠡ ᠢᠢᠨ ᠭᠤᠷᠪᠠᠨ ᠤ ᠡᠳᠦᠷ ᠪᠣᠭᠳᠠ ᠬᠠᠭᠠᠨ ᠤ ᠣᠷᠳᠤᠨ ᠮᠦᠽᠧᠶ ᠳᠥ «ᠬᠠᠭᠠᠨ ᠴᠢᠩ᠋ᠭᠢᠯ ᠪᠠᠭᠠᠲᠤᠷ» ᠪᠠᠭᠠᠲᠤᠷᠯᠢᠭ ᠲᠤᠤᠯᠢ ᠬᠠᠢᠢᠯᠠᠯ᠎ᠠ᠃

ᠶᠡᠷᠦᠩᠬᠡᠢᠢᠯᠡᠭᠴᠢ ᠢᠢᠨ ᠰᠣᠶᠤᠯ᠂ ᠱᠠᠰᠢᠨ ᠤ ᠪᠣᠳᠤᠯᠭ᠎ᠠ ᠢᠢᠨ ᠵᠥᠪᠯᠡᠬᠦ ᠪ᠊·ᠰᠡᠷᠭᠦᠯᠡᠩ ᠶᠣᠰᠤᠯᠠᠯ ᠢ ᠨᠡᠭᠡᠭᠡᠵᠦ ᠬᠡᠯᠡᠬᠦ ᠳᠥ ᠪᠡᠨ᠂ ᠪᠠᠭᠠᠲᠤᠷᠯᠢᠭ ᠲᠤᠤᠯᠢᠰ ᠤᠨ ᠠᠭᠤᠯᠭ᠎ᠠ᠂ ᠠᠴᠢ ᠬᠣᠯᠪᠤᠭᠳᠠᠯ ᠢ ᠲᠠᠨᠢᠵᠤ ᠣᠢᠢᠯᠠᠭᠠᠬᠤ᠂ ᠲᠦᠭᠡᠭᠡᠨ ᠳᠡᠯᠭᠡᠷᠡᠭᠦᠯᠬᠦ᠂ ᠥᠪ ᠰᠣᠶᠤᠯ ᠢᠶᠠᠨ ᠬᠦᠨᠳᠦᠳᠬᠡᠨ ᠳᠡᠭᠡᠳᠦᠯᠡᠬᠦ᠂ ᠤᠯᠠᠮᠵᠢᠯᠠᠭᠤᠯᠬᠤ᠂ ᠬᠠᠳᠠᠭᠠᠯᠠᠬᠤ ᠢᠢᠨ ᠴᠢᠬᠤᠯᠠ ᠢᠢ ᠣᠨᠴᠠᠯᠠᠵᠤ᠂ ᠡᠭᠦᠨ ᠳᠥ ᠢᠳᠡᠪᠬᠢ ᠰᠠᠨᠠᠭᠠᠴᠢᠯᠠᠭ᠎ᠠ ᠲᠠᠢ ᠣᠷᠤᠯᠴᠠᠵᠤ ᠪᠠᠢᠢᠭ᠎ᠠ ᠪᠠᠢᠢᠭᠤᠯᠤᠯᠭ᠎ᠠ᠂ ᠡᠷᠳᠡᠮᠲᠡᠨ

thumbnail 2025.11.22 Munkh tengeriin bichig-2025 mongol uran bichlegiin shildguud todorloo 1
2025.11.22 Munkh tengeriin bichig-2025 mongol uran bichlegiin shildguud todorloo 1
«ᠮᠥᠩᠬᠡ ᠲᠩᠷᠢ ᠢᠢᠨ ᠪᠢᠴᠢᠭ-᠒᠐᠒᠕» ᠮᠣᠩ᠋ᠭᠤᠯ ᠤᠷᠠᠨ ᠪᠢᠴᠢᠯᠭᠡ ᠢᠢᠨ ᠰᠢᠯᠢᠳᠡᠭ ᠦᠳ ᠲᠣᠳᠣᠷᠠᠯ᠎ᠠ

ᠡᠵᠡᠨ ᠪᠣᠭᠳᠠ ᠴᠢᠩᠬᠢᠰ ᠬᠠᠭᠠᠨ ᠤ ᠮᠡᠨᠳᠦᠯᠡᠭᠰᠡᠨ ᠡᠳᠦᠷ᠂ «ᠮᠣᠩ᠋ᠭᠤᠯ ᠪᠠᠬᠠᠷᠬᠠᠯ ᠤᠨ ᠡᠳᠦᠷ» ᠊ᠢ ᠲᠣᠬᠢᠶᠠᠯᠳᠤᠭᠤᠯᠤᠨ ᠶᠡᠷᠦᠩᠬᠡᠢᠢᠯᠡᠭᠴᠢ ᠢᠢᠨ ᠢᠪᠡᠭᠡᠯ ᠳᠣᠣᠷ᠎ᠠ ᠵᠣᠬᠢᠶᠠᠨ ᠪᠠᠢᠢᠭᠤᠯᠳᠠᠭ «ᠮᠥᠩᠬᠡ ᠲᠩᠷᠢ ᠢᠢᠨ ᠪᠢᠴᠢᠭ᠌-᠒᠐᠒᠕» ᠮᠣᠩ᠋ᠭᠤᠯ ᠤᠷᠠᠨ ᠪᠢᠴᠢᠯᠭᠡ ᠢᠢᠨ ᠣᠯᠠᠨ ᠤᠯᠤᠰ ᠤᠨ ᠦᠵᠡᠰᠬᠦᠯᠡᠩ ᠦᠨ ᠨᠡᠭᠡᠭᠡᠯᠲᠡ ᠮᠣᠩ᠋ᠭᠤᠯ ᠤᠨ ᠬᠡᠦᠬᠡᠳ ᠦᠨ ᠣᠷᠳᠤᠨ ᠳᠤ ᠪᠣᠯᠤᠯ᠎ᠠ᠃

᠑᠒ ᠳ᠋ᠤᠭᠠᠷ ᠰᠠᠷ᠎ᠠ ᠢᠢᠨ ᠐᠕ ᠤ ᠡᠳᠦᠷ ᠬᠦᠷᠲᠡᠯ᠎ᠡ ᠣᠯᠠᠨ ᠤ ᠬᠦᠷᠲᠡᠭᠡᠯ ᠪᠣᠯᠬᠤ ᠡᠨᠡ ᠦᠵᠡᠰᠬᠦᠯᠡᠩ ᠮᠣᠩ᠋ᠭᠤᠯ ᠬᠦᠮᠦᠨ ᠦ ᠣᠶᠤᠨ ᠤ ᠳᠠᠷᠬᠠᠯᠠᠭ᠎ᠠ᠂ ᠮᠣᠩ᠋ᠭᠤᠯ ᠦᠨᠳᠦᠰᠦᠨ ᠦ ᠰᠣᠶᠤᠯ ᠤᠨ ᠥᠪ ᠤᠯᠠᠮᠵᠢᠯᠠᠯ ᠢ ᠬᠣᠢᠢᠴᠢ ᠦᠶ᠎ᠡ ᠪᠣᠯᠤᠨ ᠣᠯᠠᠨ ᠤᠯᠤᠰ ᠲᠤ ᠲᠠᠨᠢᠭᠤᠯᠤᠨ ᠰᠤᠷᠲᠠᠯᠴᠢᠯᠠᠬᠤ᠂ ᠲᠦᠭᠡᠭᠡᠨ ᠳᠡᠯᠭᠡᠷᠡᠭᠦᠯᠬᠦ ᠵᠡᠷᠭᠡ ᠵᠣᠷᠢᠯᠭ᠎ᠠ ᠲᠠᠢ ᠶᠤᠮ᠃

ᠡᠨᠡ