ᠮᠣᠩ᠋ᠭᠤᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠭᠡᠭᠡᠨ ᠰᠢᠷᠡᠭᠡᠲᠦ ᠤᠯᠤᠰ ᠤᠨ ᠲᠥᠷᠦ ᠢᠢᠨ ᠲᠡᠷᠢᠭᠦᠨ᠂ ᠫᠠᠫ XIV ᠯᠧᠣ᠋ ᠢᠢᠨ ᠤᠷᠢᠯᠭ᠎ᠠ ᠪᠠᠷ ᠒᠐᠒᠕ ᠣᠨ ᠤ ᠑᠒ ᠳ᠋ᠤᠭᠠᠷ ᠰᠠᠷ᠎ᠠ ᠢᠢᠨ ᠐᠔ ᠦ ᠡᠳᠦᠷ ᠲᠤᠰ ᠤᠯᠤᠰ ᠲᠤ ᠲᠥᠷᠦ ᠢᠢᠨ ᠠᠢᠢᠯᠴᠢᠯᠠᠯ ᠬᠢᠨ᠎ᠡ᠃
ᠲᠥᠷᠦ ᠢᠢᠨ ᠠᠢᠢᠯᠴᠢᠯᠠᠯ ᠨᠢ ᠮᠣᠩ᠋ᠭᠤᠯ ᠤᠯᠤᠰ ᠤᠨ ᠲᠥᠷᠦ ᠢᠢᠨ ᠲᠡᠷᠢᠭᠦᠨ ᠦ ᠲᠥᠪᠰᠢᠨ ᠳᠥ ᠲᠤᠰ ᠤᠯᠤᠰ ᠲᠤ ᠑᠔ ᠵᠢᠯ ᠦᠨ ᠳᠠᠷᠠᠭ᠎ᠠ ᠬᠢᠬᠦ ᠠᠢᠢᠯᠴᠢᠯᠠᠯ ᠶᠤᠮ᠃
ᠠᠢᠢᠯᠴᠢᠯᠠᠯ ᠤᠨ ᠦᠶ᠎ᠡ ᠪᠡᠷ ᠬᠣᠶᠠᠷ ᠤᠯᠤᠰ ᠤᠨ ᠲᠥᠷᠦ ᠢᠢᠨ ᠲᠡᠷᠢᠭᠦᠨ ᠠᠯᠪᠠᠨ ᠶᠣᠰᠤᠨ ᠤ ᠠᠭᠤᠯᠵᠠᠯᠲᠠ ᠬᠢᠨ᠎ᠡ᠃ ᠮᠥᠨ ᠶᠡᠷᠦᠩᠬᠡᠢᠢᠯᠡᠭᠴᠢ ᠤ·ᠬᠦᠷᠡᠯᠰᠦ᠋ᠬᠡ ᠳᠥ ᠭᠡᠭᠡᠨ ᠰᠢᠷᠡᠭᠡᠲᠦ ᠤᠯᠤᠰ ᠤᠨ ᠲᠥᠷᠦ ᠢᠢᠨ ᠬᠡᠷᠡᠭ ᠡᠷᠬᠢᠯᠡᠬᠦ ᠭᠠᠵᠠᠷ ᠤᠨ ᠳᠠᠷᠤᠭ᠎ᠠ ᠻᠠᠷᠳᠢᠨᠠᠯ ᠫᠢᠶᠧᠲ᠋ᠷᠣ᠋ ᠫᠠᠷᠣᠯᠢᠨ ᠪᠠᠷᠠᠭᠠᠯᠬᠠᠨ᠎ᠠ᠃
ᠮᠣᠩ᠋ᠭᠤᠯ ᠤᠯᠤᠰ ᠭᠡᠭᠡᠨ ᠰᠢᠷᠡᠭᠡᠲᠦ ᠤᠯᠤᠰ ᠲᠠᠢ ᠑᠙᠙᠒ ᠣᠨ ᠤ ᠐᠔ ᠊ᠳ᠋ᠦᠭᠡᠷ ᠰᠠᠷ᠎ᠠ ᠢᠢᠨ ᠐᠔ ᠦ ᠡᠳᠦᠷ ᠳ᠋ᠢᠫᠯᠣᠮᠠᠲ ᠬᠠᠷᠢᠯᠴᠠᠭ᠎ᠠ ᠲᠣᠭᠲᠠᠭᠠᠭᠰᠠᠨ ᠶᠤᠮ᠃
ᠥᠩ᠋ᠭᠡᠷᠡᠭᠰᠡᠨ ᠓᠐ ᠭᠠᠷᠤᠶ ᠵᠢᠯ ᠦᠨ ᠬᠤᠭᠤᠴᠠᠭᠠᠨ ᠳᠤ ᠬᠠᠷᠢᠯᠴᠠᠭ᠎ᠠ᠂ ᠬᠠᠮᠲᠤ ᠢᠢᠨ ᠠᠵᠢᠯᠯᠠᠭ᠎ᠠ ᠰᠣᠶᠤᠯ᠂ ᠪᠣᠯᠪᠠᠰᠤᠷᠠᠯ᠂ ᠡᠷᠡᠭᠦᠯ ᠮᠡᠨᠳᠦ᠂ ᠬᠦᠮᠦᠨᠯᠢᠭ ᠦᠨ ᠰᠠᠯᠪᠤᠷᠢ ᠳᠤ ᠢᠳᠡᠪᠬᠢᠲᠡᠢ ᠥᠷᠨᠢᠵᠦ ᠪᠠᠢᠢᠨ᠎ᠠ᠃
᠒᠐᠒᠓ ᠣᠨ ᠳᠤ ᠶᠡᠷᠦᠩᠬᠡᠢᠢᠯᠡᠭᠴᠢ ᠤ·ᠬᠦᠷᠡᠯᠰᠦ᠋ᠬᠡ ᠢᠢᠨ ᠤᠷᠢᠯᠭ᠎ᠠ ᠪᠠᠷ ᠭᠡᠭᠡᠨ ᠰᠢᠷᠡᠭᠡᠲᠦ ᠤᠯᠤᠰ ᠤᠨ ᠲᠥᠷᠦ ᠢᠢᠨ ᠲᠡᠷᠢᠭᠦᠨ ᠫᠠᠫ ᠹᠷᠠᠨ᠋ᠼᠢᠰ ᠤᠨ ᠬᠢᠭ᠍ᠰᠡᠨ ᠲᠥᠷᠦ ᠢᠢᠨ ᠠᠢᠢᠯᠴᠢᠯᠠᠯ ᠬᠣᠶᠠᠷ ᠤᠯᠤᠰ ᠤᠨ ᠘᠐᠐ ᠣᠷᠴᠢᠮ ᠵᠢᠯ ᠦᠨ ᠲᠡᠦᠬᠡ ᠲᠡᠢ ᠬᠠᠷᠢᠯᠴᠠᠭ᠎ᠠ᠂ ᠬᠠᠮᠲᠤ ᠢᠢᠨ ᠠᠵᠢᠯᠯᠠᠭ᠎ᠠ ᠢᠢ ᠥᠷᠭᠡᠵᠢᠭᠦᠯᠦᠨ ᠬᠥᠭ᠍ᠵᠢᠭᠦᠯᠬᠦ ᠲᠡᠦᠬᠡᠨ ᠠᠢᠢᠯᠴᠢᠯᠠᠯ ᠪᠣᠯᠤᠭᠰᠠᠨ᠃
ᠫᠠᠫ IV ᠢᠨ᠋᠊ᠨᠣᠰᠧᠨ᠋ᠲ᠋ ᠡᠴᠡ ᠑᠒᠔᠕ ᠣᠨ ᠳᠤ ᠭᠦᠶᠦᠭ ᠬᠠᠭᠠᠨ ᠳᠤ ᠪᠢᠴᠢᠭᠰᠡᠨ ᠪᠣᠯᠤᠨ ᠑᠒᠔᠖ ᠣᠨ ᠳᠤ ᠶᠡᠬᠡ ᠬᠠᠭᠠᠨ ᠠᠴᠠ ᠬᠠᠷᠢᠭᠤ ᠪᠣᠯᠭᠠᠨ ᠢᠯᠡᠭᠡᠭ᠍ᠰᠡᠨ ᠵᠠᠬᠢᠳᠠᠯ ᠨᠢ ᠬᠣᠶᠠᠷ ᠤᠯᠤᠰ ᠣᠯᠠᠨ ᠵᠠᠭᠤᠨ ᠵᠢᠯ ᠦᠨ ᠡᠮᠦᠨ᠎ᠡ ᠬᠠᠷᠢᠯᠴᠠᠵᠤ ᠪᠠᠢᠢᠭᠰᠠᠨ ᠢ ᠨᠤᠲᠠᠯᠠᠬᠤ ᠦᠨᠡᠲᠦ ᠡᠬᠢ ᠰᠤᠷᠪᠤᠯᠵᠢ ᠳᠤ ᠲᠣᠭᠠᠴᠠᠭᠳᠠᠳᠠᠭ ᠶᠤᠮ᠃


