《ᠰᠢᠨ᠎ᠡ ᠬᠠᠷᠠᠬᠣᠷᠣᠮ》 ᠬᠣᠲᠠ ᠢᠢᠨ ᠬᠥᠭ᠍ᠵᠢᠯ ᠦᠨ ᠶᠡᠷᠦᠩᠬᠡᠢ ᠲᠥᠯᠦᠪᠯᠡᠭᠡᠨ ᠦ ᠰᠣᠩ᠋ᠭᠣᠨ ᠰᠢᠯᠭᠠᠷᠠᠭᠤᠯᠤᠯᠲᠠ ᠢᠢᠨ ᠰᠢᠯᠢᠳᠡᠭ ᠲᠠᠪᠤᠨ ᠪᠦᠲᠦᠭᠡᠯ ᠢ ᠲᠣᠳᠣᠷᠠᠭᠤᠯᠤᠨ᠎ᠠ
ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ 《ᠰᠢᠨ᠎ᠡ ᠬᠠᠷᠠᠬᠣᠷᠣᠮ》 ᠬᠣᠲᠠ ᠢᠢᠨ ᠬᠥᠭ᠍ᠵᠢᠯ ᠦᠨ ᠶᠡᠷᠦᠩᠬᠡᠢ ᠲᠥᠯᠦᠪᠯᠡᠭᠡᠨ ᠦ ᠦᠵᠡᠯ ᠪᠠᠷᠢᠮᠲᠠᠯᠠᠯ /ᠻᠣᠨ᠋ᠼᠧᠫᠼ/ ᠍ ᠢ ᠪᠣᠯᠪᠠᠰᠤᠷᠠᠭᠤᠯᠬᠤ ᠣᠯᠠᠨ ᠤᠯᠤᠰ ᠤᠨ ᠨᠡᠭᠡᠭᠡᠯᠲᠡᠲᠡᠢ ᠰᠣᠩ᠋ᠭᠣᠨ ᠰᠢᠯᠭᠠᠷᠠᠭᠤᠯᠤᠯᠲᠠ ᠢᠢᠨ ᠦᠵᠡᠰᠬᠦᠯᠡᠩ ᠲᠡᠢ ᠲᠠᠨᠢᠯᠴᠠᠯ᠎ᠠ᠃
ᠮᠣᠩ᠋ᠭᠣᠯ ᠤᠯᠤᠰ ᠤᠨ ᠶᠡᠷᠦᠩᠬᠡᠢᠢᠯᠡᠭᠴᠢ ᠬᠡᠯᠡᠭᠰᠡᠨ ᠦᠭᠡᠨ ᠳᠡᠭᠡᠨ᠂ ᠶᠡᠬᠡ ᠡᠵᠡᠨ ᠴᠢᠩ᠋ᠭᠢᠰ ᠬᠠᠭᠠᠨ᠂ ᠲᠡᠭᠦᠨ ᠢ ᠵᠠᠯᠭᠠᠮᠵᠢᠯᠠᠭᠰᠠᠨ ᠶᠡᠬᠡ ᠬᠠᠭᠠᠳ ᠤᠨ ᠰᠤᠤ ᠠᠯᠳᠠᠷ᠂ ᠦᠢᠯᠡ ᠬᠡᠷᠡᠭ᠂ ᠪᠢᠯᠢᠭ᠌ ᠰᠤᠷᠭᠠᠯ ᠢ ᠡᠷᠬᠢᠮᠯᠡᠨ ᠳᠡᠭᠡᠳᠦᠯᠡᠵᠦ᠂ ᠳᠠᠭᠠᠨ ᠮᠥᠷᠳᠡᠵᠦ᠂ ᠲᠥᠷᠥᠳᠦ ᠶᠣᠰᠣᠨ ᠤ ᠦᠨᠡᠲᠦ ᠵᠦᠢᠯ᠂ ᠥᠪ ᠰᠤᠶᠤᠯ ᠢ ᠦᠷ᠎ᠡ ᠬᠣᠢᠢᠴᠢ ᠳᠠᠭᠠᠨ ᠥᠪᠯᠡᠭᠦᠯᠦᠨ ᠦᠯᠡᠳᠡᠭᠡᠵᠦ᠂ ᠳᠡᠯᠡᠬᠡᠢ ᠳᠠᠬᠢᠨ ᠳᠤ ᠰᠤᠷᠲᠠᠯᠴᠢᠯᠠᠨ ᠲᠠᠨᠢᠭᠤᠯᠵᠤ᠂ ᠲᠦᠭᠡᠭᠡᠨ